ᠪᠠᠭᠰᠢ ᠶᠢᠨ ᠮᠠᠭᠳᠠᠭᠠᠯ
(ᠬᠤᠯᠪᠣᠭ᠎ᠠ)

ᠡᠨᠡᠷᠢᠯ ᠬᠠᠢ᠌ᠷᠠᠳᠤ ᠪᠠᠭᠰᠢ ᠪᠠᠨ

ᠡᠭᠡᠰᠢᠭᠯᠡᠵᠤ ᠬᠤᠭᠤᠷᠳᠠᠨ ᠮᠠᠭᠳᠠᠶ᠎ᠠ᠂

ᠡᠭᠦᠷᠢᠳᠡ ᠳᠠᠭᠤᠷᠢᠰᠤᠭᠳᠠᠬᠤ ᠠᠯᠳᠠᠷ ᠢ ᠨᠢ

ᠡᠷᠭᠢᠮᠯᠡᠵᠤ ᠳᠡᠭᠡᠳᠦᠯᠡᠨ ᠳᠠᠭᠤᠯᠠᠶ᠎ᠠ᠃

ᠠᠴᠢᠯᠠᠯ ᠶᠡᠭᠡᠳᠤ ᠪᠠᠭᠰᠢ ᠶᠢᠨ ᠵᠢᠠᠨ

ᠠᠯᠳᠠᠷ ᠭᠠᠪᠢᠶ᠎ᠠ ᠶᠢ ᠮᠠᠭᠳᠠᠶ᠎ᠠ᠂

ᠠᠷᠢᠭᠤᠨ ᠳᠠᠷᠬᠠᠨ ᠣᠢ᠌ᠯᠠᠰ ᠢ ᠨᠢ

ᠠᠰᠢᠳᠠ ᠳᠠᠭᠤᠷᠢᠰᠬᠠᠨ ᠰᠢᠯᠦᠭᠯᠡᠶ᠎ᠡ᠃

ᠭᠡᠨ ᠳᠤ ᠴᠤ ᠭᠡᠰᠡᠨ ᠭᠠᠭᠴᠠᠬᠠᠨ ᠰᠡᠳᠭᠢᠯ ᠢ ᠨᠢ

ᠭᠡᠵᠢᠶ᠎ᠡ ᠬᠠᠮᠢᠭ᠎ᠠ ᠴᠤ ᠳᠠᠭᠤᠯᠠᠶ᠎ᠠ᠂

ᠭᠡᠮᠵᠢᠶᠡᠯᠡᠰᠢᠭᠦᠢ ᠪᠠᠶᠠᠨ ᠠᠴᠢ ᠶᠢ ᠨᠢ

ᠭᠡᠷᠡᠭ᠌ ᠪᠣᠯᠭᠠᠨ ᠳᠤᠷᠠᠰᠤᠶ᠎ᠠ᠃

ᠭᠦᠮᠦᠵᠢᠯ ᠪᠣᠯᠪᠠᠰᠤᠷᠠᠯ ᠤᠨ ᠬᠠᠷᠢᠭᠤ ᠳᠤ ᠨᠢ

ᠭᠦᠡᠳᠦᠳᠭᠡᠯ ᠳᠡᠪᠰᠢᠭᠦᠯᠵᠤ ᠵᠠᠯᠪᠠᠷᠢᠶ᠎ᠠ᠂

ᠭᠦᠷᠳᠡᠭᠡᠯ ᠬᠠᠢ᠌ᠷᠠᠯᠠᠯ ᠤᠨ ᠠᠴᠢ ᠳᠤ ᠨᠢ

ᠭᠦᠰᠡᠷ ᠡᠯᠢᠭᠡᠳᠡᠵᠤ ᠮᠦᠷᠭᠦᠶ᠎ᠡ᠃

ᠨᠠᠷᠠ ᠪᠣᠯᠤᠭᠰᠠᠨ ᠳᠠᠨ ᠤ

ᠨᠠᠰᠤᠨ ᠬᠤᠳᠤᠭ ᠢ ᠢᠷᠦᠭᠡᠶ᠎ᠡ᠂

ᠨᠠᠷᠠᠮᠠᠢ ᠪᠠᠶᠠᠨ ᠬᠠᠢ᠌ᠷ᠎ᠠ ᠳᠤ ᠨᠢ

ᠨᠠᠪᠴᠢ ᠴᠡᠴᠡᠭ᠌ ᠭᠦᠷᠭᠡᠶ᠎ᠡ  ᠃

ᠭᠦᠡᠳᠦᠳᠤ ᠪᠠᠭᠰᠢ ᠶᠢᠨ ᠵᠢᠠᠨ

ᠭᠦᠭ᠍ᠵᠢᠯ ᠪᠠᠳᠠᠷᠠᠯ ᠤᠨ ᠠᠮᠵᠢᠯᠳᠠ ᠶᠢ ᠪᠠᠯᠭᠡᠯᠡᠶ᠎ᠡ᠂

ᠭᠦᠮᠦᠵᠢᠯ ᠪᠣᠯᠪᠠᠰᠤᠷᠠᠯ ᠤᠨ ᠬᠠᠷᠢᠭᠤ ᠳ᠋ᠤ

ᠭᠦᠢᠰ ᠴᠡᠴᠡᠭ᠌ ᠡᠷᠭᠦᠶ᠎ᠡ᠃

ᠵᠠᠮ ᠮᠦᠷ ᠢ ᠣᠯᠭᠤᠬᠤ ᠭᠡᠵᠤ

ᠵᠢᠭᠠᠵᠤ ᠳᠤᠭᠢᠳᠠᠭ ᠨᠢ ᠪᠠᠭᠰᠢ ᠰᠢᠤ᠂

ᠵᠠᠩ ᠮᠤᠷᠠᠯ ᠢ ᠳᠡᠭ᠍ᠰᠢᠯᠡᠭᠦ ᠭᠡᠵᠤ

ᠵᠠᠭᠢᠵᠤ ᠵᠢᠯᠤᠭᠤᠳᠳᠠᠭ ᠨᠢ ᠪᠠᠭᠰᠢ ᠰᠢᠤ᠃

ᠭᠡᠯᠡᠭᠡᠢ ᠭᠡᠪᠭᠦᠢ ᠶᠢ ᠵᠥᠭ᠍ᠰᠢᠷᠡᠭᠦᠯᠵᠤ

ᠭᠡᠪ ᠲᠤ ᠣᠷᠤᠭᠤᠯᠳᠠᠭ ᠨᠢ ᠪᠠᠭᠰᠢ ᠰᠢᠤ᠂

ᠰᠤᠯᠤᠭᠠᠢ ᠱᠦᠷᠭᠡᠢ ᠶᠢ ᠵᠢᠷᠦᠮᠰᠢᠭᠦᠯᠵᠤ

ᠰᠤᠩᠭ᠋ᠤᠳᠠᠭ ᠲᠤ ᠣᠷᠤᠭᠤᠯᠳᠠᠭ ᠨᠢ ᠪᠠᠭᠰᠢ ᠰᠢᠤ᠃

ᠭᠦᠮᠦᠵᠢᠯ ᠰᠤᠷᠭᠠᠯ ᠤᠨ ᠪᠣᠯᠪᠠᠰᠤᠷᠠᠯ ᠳ᠋ᠤ

ᠭᠦᠴᠤ ᠰᠢᠪᠬᠠᠳᠠᠭ ᠨᠢ ᠪᠠᠭᠰᠢ ᠶᠤᠮ᠂

ᠬᠡᠦᠬᠡᠳ ᠪᠠᠭᠠᠴᠤᠤᠯ ᠤᠨ ᠳᠠᠰᠬᠠᠯ ᠳ᠋ᠤ

ᠭᠦᠯᠦᠰᠤ ᠠᠰᠬᠠᠳᠠᠭ ᠨᠢ ᠪᠠᠭᠰᠢ ᠶᠤᠮ᠃   

ᠦᠷᠦᠭᠡᠯ ᠪᠣᠰᠤᠳ ᠤᠨ ᠭᠡᠭᠡᠷᠡᠯ ᠳ᠋ᠤ

ᠦᠪᠠᠰᠤᠪᠠᠨ ᠦᠷᠡᠭ᠍ᠳᠡᠳᠡᠭ᠌ ᠨᠢ ᠪᠠᠭᠰᠢ ᠶᠤᠮ᠂

ᠦᠪ ᠰᠤᠶᠤᠯ ᠤᠨ ᠣᠯᠠᠮᠵᠢᠯᠠᠯ ᠳ᠋ᠤ

ᠥᠭ᠍ᠴᠤ ᠳᠡᠯᠭᠡᠷᠡᠭᠦᠯᠳᠡᠭ᠌ ᠨᠢ ᠪᠠᠭᠰᠢ ᠶᠤᠮ᠃

ᠥᠨᠡᠭᠡᠨ ᠬᠠᠷᠠᠩᠭ᠋ᠤᠢ ᠶᠢ ᠭᠡᠷᠡᠯᠳᠦᠭᠦᠯᠳᠡᠭ᠌ ᠨᠢ

ᠦᠷ ᠤᠨ ᠬᠤᠷᠴᠠ ᠴᠤᠯᠮᠤᠨ ᠪᠢᠯᠠ᠂

ᠣᠢ ᠪᠢᠯᠢᠭ᠌ ᠢ ᠭᠡᠢ᠌ᠭᠦᠯᠳᠡᠭ᠌ ᠨᠢ

ᠦᠯᠡᠮᠵᠢ ᠶᠢᠨ ᠬᠠᠢ᠌ᠷᠠᠳᠠᠢ ᠪᠠᠭᠰᠢ ᠪᠢᠯᠠ᠃

ᠪᠠᠢ᠌ᠭᠠᠯᠢ ᠣᠷᠴᠢᠨ ᠢ ᠴᠢᠮᠡᠳᠡᠭ᠌ ᠨᠢ

ᠪᠠᠭᠴᠠ ᠪᠠᠭᠴᠠ ᠴᠡᠴᠡᠭ᠌ ᠪᠢᠯᠠ᠂

ᠪᠠᠯᠠᠢ ᠪᠢᠳᠠᠭᠤ ᠶᠢ ᠰᠡᠩᠭᠡᠷᠡᠭᠦᠯᠳᠡᠭ᠌ ᠨᠢ

ᠪᠠᠬᠠᠷᠤᠯ ᠬᠠᠢ᠌ᠷᠠᠳᠠᠢ ᠪᠠᠭᠰᠢ ᠪᠢᠯᠠ᠃

ᠰᠠᠮᠠᠭᠠᠨ ᠡᠵᠢ ᠶᠢᠨ ᠠᠴᠢ ᠪᠠᠷ

ᠪᠠᠶ᠎ᠠ ᠡᠷᠡᠭᠦᠯ ᠪᠣᠯᠵᠤ ᠦᠰᠦᠯ᠎ᠠ ᠪᠢ᠂

ᠰᠠᠢ᠌ᠬᠠᠨ ᠰᠡᠳᠭᠢᠯᠳᠤ ᠪᠠᠭᠰᠢ ᠶᠢᠨ ᠬᠠᠢ᠌ᠷ᠎ᠠ ᠪᠠᠷ

ᠪᠢᠯᠢᠭ᠌ ᠰᠠᠷᠠᠭᠤᠯ ᠪᠣᠯᠵᠤ ᠦᠰᠦᠯ᠎ᠠ ᠪᠢ᠃

ᠬᠠᠳᠠᠭᠤ ᠰᠤᠷᠭᠠᠯᠳᠤ ᠠᠪᠣ ᠶᠢᠨ ᠢᠪᠠᠭᠡᠯ ᠪᠠᠷ

ᠬᠠᠳᠠᠭᠤᠵᠢᠵᠤ ᠴᠢᠭᠢᠷᠠᠭᠵᠢᠨ ᠪᠣᠢ᠌ᠵᠢᠯ᠎ᠠ ᠪᠢ᠂

ᠬᠠᠰᠢᠷ ᠳᠤᠭᠢ ᠪᠠᠭᠰᠢ ᠶᠢᠨ ᠭᠦᠮᠦᠵᠢᠯ ᠵᠢᠠᠷ

ᠬᠠᠮᠵᠢᠯᠴᠠᠨ ᠨᠢᠭᠳᠠᠷᠠᠨ ᠭᠦᠮᠦᠵᠢᠭ᠍ᠳᠡᠯ᠎ᠡ ᠪᠢ᠃
ᠵᠤᠬᠢᠶᠠᠭᠴᠢ ᠶᠢᠨ ᠬᠠ‍‌ᠶᠢᠭ ᠄ ᠬᠦᠬᠡ‍ᠨᠠᠭᠤᠷ ᠮᠤᠵᠢ ᠶᠢᠨ ᠳᠡᠯᠡᠭᠡᠢ ᠬᠤᠳᠠ ᠶᠢᠨ ᠮᠤᠩᠭ᠋ᠤᠯ ᠰᠤᠷᠭᠠᠭᠤᠯᠢ

ᠵᠤᠬᠢᠶᠠᠭᠴᠢ᠄ ᠸ·ᠦᠯᠵᠡᠢ
ᠬᠠᠷᠢᠶ᠎ᠠ᠄ ᠰᠢᠯᠦᠭ
ᠳᠠᠷᠤᠮ᠄ 3559
ᠴᠠᠭ᠄ 2011 ᠤᠨ ᠤ 11 ᠰᠠᠷ᠎ᠠ ᠶᠢᠨ 03