ᠭᠠᠩ

ᠬᠠᠭᠠᠨ ᠨᠠᠷᠠᠨ ᠤ ᠢᠯᠴᠢᠨ ᠳ᠋ᠤ

          ᠭᠤᠪᠢ ᠭᠠᠯ ᠰᠢᠭ ᠳᠦᠷᠠᠯᠵᠠᠨ᠎ᠡ

ᠬᠠᠳᠠᠵᠤ ᠰᠢᠷᠭᠢᠭ᠍ᠰᠡᠨ ᠬᠤᠳᠳᠤᠭ ᠤᠨ

          ᠣᠰᠤ ᠵᠡᠷᠭᠡᠯᠭᠡᠨ ᠰᠢᠭ᠌ ᠨᠠᠮᠢᠷᠠᠨ᠎ᠠ

ᠬᠠᠩᠭ᠋ᠠᠢ ᠭᠤᠪᠢ ᠶᠢᠨ ᠭᠡᠳᠤᠨ

          ᠲ᠋ᠡᠮᠡᠭᠡ ᠦᠷᠭᠡᠯᠡᠭᠦ ᠮᠠᠳᠤ ᠵᠤᠭᠰᠤᠨ᠎ᠠ

ᠬᠠᠭᠤᠷᠠᠢ ᠬᠤᠳᠳᠤᠭ ᠤᠨ ᠠᠰᠬᠠᠷ

          ᠲ᠋ᠡᠭᠡᠷ᠎ᠡ ᠣᠭᠢᠯᠠᠬᠤ ᠮᠠᠳᠤ ᠪᠣᠢ᠌ᠯᠠᠨ᠎ᠠ

ᠠᠯᠠᠭᠠᠨ ᠴᠢᠨᠡᠭᠡᠨ ᠡᠭᠦᠯᠡ

          ᠲ᠋ᠡᠮᠡᠭᠡᠨ ᠪᠦᠭᠦ ᠶᠢᠨ ᠵᠠᠪᠰᠠᠷ ᠲᠤ ᠣᠷᠭᠤᠨ᠎ᠠ

ᠠᠪᠠᠷ ᠳᠠᠪᠠᠷ ᠪᠣᠷᠤᠭᠠᠨ ᠤ ᠳᠤᠰᠤᠯ

          ᠭᠠᠵᠠᠷ ᠭᠦᠷᠭᠦ ᠶᠢᠨ ᠣᠷᠢᠳ ᠠᠭᠤᠷᠰᠢᠨ᠎ᠠ

ᠠᠩᠭ᠋ᠠᠭᠰᠠᠨ ᠳᠡᠮᠡᠭᠡᠨ ᠤ ᠣᠯᠠᠭᠠᠨ ᠬᠤᠭᠤᠯᠠᠢ ᠡᠴᠠ

          ᠣᠳᠤᠭ᠎ᠠ ᠪᠣᠷᠭᠢᠯᠤᠨ᠎ᠠ

ᠠᠭᠠᠭᠢᠮ᠎ᠠ ᠨᠠᠷᠠᠨ ᠤ ᠢᠯᠴᠢᠨ ᠳ᠋ᠤ

          ᠭᠤᠤᠯ ᠡᠴᠠ ᠪᠠᠨ ᠡᠭᠢᠯᠡᠭᠡᠳ ᠬᠠᠳᠠᠨ᠎ᠠ

ᠭᠠᠩ ᠴᠠᠭ ᠤᠨ ᠭᠠᠷᠬᠤ ᠨᠠᠷᠠᠨ ᠴᠤ

          ᠭᠠᠯ ᠰᠢᠭ ᠳᠦᠭᠡᠨᠡᠨ᠎ᠡ

ᠭᠠᠵᠠᠷ ᠤᠨ ᠭᠢᠵᠠᠭᠠᠷ ᠡᠴᠠ ᠬᠤᠷ᠎ᠠ ᠶᠢᠨ ᠴᠢᠮᠡᠭᠡ

          ᠰᠤᠯᠠᠷᠠᠬᠤ ᠳᠤᠭᠤᠯᠤᠨ᠎ᠠ

ᠭᠠᠭᠴᠠ ᠳᠤᠰᠤᠯ ᠨᠢᠯᠪᠣᠰᠤ

          ᠲ᠋ᠡᠮᠡᠭᠡᠨ ᠨᠢᠳᠤᠨ ᠳᠤ ᠬᠤᠷᠤᠨ᠎ᠠ

ᠭᠠᠩᠳᠠᠭᠰᠠᠨ ᠳᠠᠭᠤᠨ ᠣᠰᠤ ᠳᠠᠭᠤᠳᠠᠨ

          ᠲ᠋ᠡᠭ᠍ᠷᠢ ᠳᠤ ᠪᠣᠢ᠌ᠯᠠᠨ᠎ᠠ᠁᠁


ᠵᠤᠬᠢᠶᠠᠭᠴᠢ ᠶᠢᠨ ᠬᠠ‍‌ᠶᠢᠭ ᠄ ᠭᠦᠯᠤᠨ ᠪᠣᠢ᠌ᠷ ᠬᠤᠳᠠ ᠶᠢᠨ ᠰᠢᠨ᠎ᠡ ᠪᠠᠷᠭᠤ ᠵᠡᠭᠦᠨ ᠬᠤᠰᠢᠭᠤᠨ ᠤ ᠠᠵᠢᠯ ᠮᠡᠷᠭᠡᠵᠢᠯ ᠤᠨ ᠳᠤᠮᠳᠠᠳᠤ ᠰᠤᠷᠭᠠᠭᠤᠯᠢ

ᠵᠤᠬᠢᠶᠠᠭᠴᠢ᠄ ᠪᠣᠷᠵᠢᠭᠢᠨ ᠷᠢᠠᠴᠢᠨ
ᠬᠠᠷᠢᠶ᠎ᠠ᠄ ᠰᠢᠯᠦᠭ
ᠳᠠᠷᠤᠮ᠄ 1850
ᠴᠠᠭ᠄ 2012 ᠤᠨ ᠤ 06 ᠰᠠᠷ᠎ᠠ ᠶᠢᠨ 28