ᠬᠠᠷ᠎ᠠ ᠭᠦᠤ ᠴᠢᠮ᠎ᠠ ᠳ᠋ᠠᠭᠠᠨ

ᠦᠯᠦ ᠮᠡᠳᠡᠭ᠌ ᠭᠠᠭᠴᠠᠭᠠᠷᠳᠠᠯ ᠳ᠋ᠤ

ᠦᠨᠦᠴᠢᠨ ᠵᠢᠷᠦᠭᠡ ᠮᠢᠨᠢ ᠡᠮᠵᠡᠭᠯᠡᠵᠤ

ᠦᠷᠦᠭᠡᠨ ᠭᠠᠳᠠᠨ᠎ᠠ ᠪᠠᠨ ᠵᠤᠭᠰᠤᠭᠠᠤᠨ

ᠥᠶᠡᠷᠭᠡᠵᠤ ᠳᠠᠰᠤᠭᠰᠠᠨ ᠭᠦᠤ ᠴᠢᠮ᠎ᠠ ᠪᠠᠨ ᠰᠠᠨᠠᠯ᠎ᠠ᠃


ᠬᠤᠰᠢᠭᠤᠷᠠᠨ ᠨᠢᠰᠭᠦ ᠭᠠᠯᠠᠭᠤᠳ ᠤᠨ ᠣᠮᠠᠷᠠᠰᠢᠯᠠᠬᠤ ᠳᠠᠭᠤᠨ ᠵᠢᠠᠷ

ᠬᠤᠷᠠᠭᠰᠠᠨ ᠴᠠᠰᠤ ᠮᠦᠰᠤ ᠬᠠᠢ᠌ᠯᠵᠤ ᠡᠭᠢᠯᠡᠯ᠎ᠡ

ᠬᠤᠠᠳᠤ ᠶᠢᠨ ᠰᠢᠷᠭᠠᠯ ᠡᠯᠡᠰᠤᠨ ᠳᠡᠭᠡᠷ᠎ᠡ ᠥᠯᠡᠳᠡᠭ᠍ᠰᠡᠨ ᠮᠦᠷ ᠤᠳ

ᠬᠤᠨᠤᠭᠰᠢᠵᠤ ᠵᠠᠪᠣᠭᠰᠠᠨ ᠡᠳᠦᠷ ᠤᠳ ᠢ ᠰᠠᠨᠠᠭᠳᠠᠭᠤᠯᠤᠨ᠎ᠠ᠃

  

ᠭᠠᠯ ᠣᠯᠠᠭᠠᠨ ᠰᠠᠷᠠᠯᠠᠩ᠂ ᠳᠠᠯ᠎ᠠ ᠳᠦᠭᠦᠷᠡᠩ ᠮᠢᠷᠠᠯᠵᠠᠬᠤ ᠳᠤ

ᠭᠠᠭᠴᠠᠬᠠᠨ ᠴᠢᠮ᠎ᠠ ᠪᠠᠨ ᠭᠡᠵᠤ ᠪᠣᠳᠤᠬᠤ ᠳ᠋ᠤ

ᠭᠠᠯᠳᠠᠭᠰᠠᠨ ᠶᠤᠮ ᠰᠢᠭ᠌ ᠭᠤᠤᠯ ᠵᠢᠷᠦᠭᠡ ᠬᠠᠷᠠᠯᠠᠵᠤ ᠢᠷᠡᠭᠦ ᠳ᠋ᠤ

ᠭᠠᠰᠢᠭᠤᠨ ᠬᠠᠷ᠎ᠠ ᠶᠢ ᠰᠡᠳᠭᠢᠯ ᠶᠢᠡᠨ ᠡᠩᠰᠡᠷᠡᠳᠡᠯ᠎ᠡ ᠪᠠᠯᠭᠤᠪᠠ᠃


ᠨᠠᠯᠭᠠᠷᠬᠠᠨ ᠨᠠᠮᠤᠷ ᠤᠨ ᠬᠤᠩᠭ᠋ᠤᠷ ᠰᠠᠯᠭᠢᠨ ᠳ᠋ᠤ

ᠴᠤᠬᠤᠷᠳᠠᠨ ᠣᠯᠠᠢ᠌ᠭᠰᠠᠨ ᠪᠠᠳᠤᠴᠠᠭᠠᠨ ᠤ ᠨᠠᠪᠴᠢ

ᠨᠠᠳᠠ ᠳᠤ ᠥᠯᠡᠳᠡᠭᠡᠭ᠍ᠰᠡᠨ ᠳᠤᠷᠠᠳᠬᠠᠯ ᠢ ᠴᠢᠨᠢ ᠰᠡᠷᠭᠦᠭᠡᠵᠤ

ᠴᠢᠮ᠎ᠠ ᠳᠠᠭᠠᠨ ᠭᠡᠵᠤ ᠳᠤᠷᠠᠰᠤᠯ ᠶᠢᠡᠷ ᠪᠢ ᠮᠦᠷᠦᠭᠡᠳᠦᠯ᠎ᠡ᠃


ᠭᠦᠭᠦᠭᠡ ᠡᠪᠦᠯ ᠤᠨ ᠭᠦᠢᠳᠡᠨ ᠰᠢᠭᠤᠷᠭᠠᠨ ᠳ᠋ᠤ

ᠣᠷᠭᠤᠮᠠᠯ ᠪᠦᠭᠦᠨ ᠬᠤᠪᠬᠠᠢ᠌ᠷᠠᠵᠤ ᠮᠠᠳᠠᠨ᠎ᠡ

ᠭᠦᠯᠢᠶᠡᠯᠳᠡ ᠳᠤ ᠰᠡᠳᠭᠢᠯ ᠴᠢᠯᠠᠵᠤ ᠮᠡᠳᠡᠭ᠍ᠰᠡᠨ ᠴᠤ

ᠣᠷᠢᠳᠤ ᠶᠢᠨ ᠶᠠᠪᠣᠳᠠᠯ ᠤᠳ ᠪᠣᠳᠤᠯ ᠳᠤ ᠮᠥᠩᠭᠡᠷᠡᠨ᠎ᠡ᠃

ᠪᠣᠭᠤᠷᠤᠯ ᠠᠭᠤᠯᠠᠰ ᠤᠨ ᠳᠤᠯᠤᠭᠠᠢ ᠠᠯᠤᠰ ᠲᠤ ᠰᠦᠮᠠᠯᠵᠠᠨ᠎ᠡ

ᠪᠣᠴᠠᠭᠰᠠᠨ ᠰᠢᠪᠠᠭᠤᠳ ᠤᠨ ᠳᠠᠭᠤᠨ ᠮᠦᠷᠦᠭᠡᠳᠦᠯ ᠳᠠᠯᠠᠯᠤᠨ᠎ᠠ

ᠪᠣᠯᠵᠤᠭ᠎ᠠ ᠦᠭᠡᠶ ᠠᠭᠤᠯᠵᠠᠯᠳᠠ ᠰᠡᠳᠭᠢᠯ ᠢ ᠳᠠᠳᠠᠨ᠎ᠠ

ᠪᠣᠷᠮᠠᠬᠠᠨ ᠰᠡᠳᠭᠢᠯ ᠡᠮᠵᠡᠭᠯᠡᠯ ᠶᠢᠡᠷ ᠣᠶᠠᠷᠠᠨ᠎ᠠ



ᠵᠤᠬᠢᠶᠠᠭᠴᠢ ᠶᠢᠨ ᠬᠠ‍‌ᠶᠢᠭ ᠄ ᠴᠢ ᠯᠤ ᠡᠮ ᠤᠨ ᠣᠢ᠌ᠯᠠᠳᠪᠣᠷᠢ

ᠵᠤᠬᠢᠶᠠᠭᠴᠢ᠄ ᠱᠤᠸᠠᠩ ᠮᠸᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1661
ᠴᠠᠭ᠄ 2011 ᠤᠨ ᠤ 01 ᠰᠠᠷ᠎ᠠ ᠶᠢᠨ 25
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ