ᠥᠴᠦᠭᠡᠨ ᠰᠤᠷᠭᠠᠯ

ᠮᠤᠩᠭ᠋ᠤᠯ ᠤᠨ ᠶᠢᠡᠨ ᠲᠦᠯᠦᠭᠡ ᠴᠤᠭᠢᠯᠠᠬᠤ ᠵᠢᠷᠦᠭᠡ ᠲᠡᠶ ᠳᠡᠭᠡᠨ᠂ ᠪᠢ

ᠮᠤᠩᠬᠠᠭ ᠤᠳ ᠤᠨ ᠡᠮᠦᠨ᠎ᠡ ᠶᠠᠳᠠᠭᠤ ᠪᠣᠯᠪᠠᠴᠤ ᠪᠠᠶᠠᠨ

ᠮᠦᠩᠭᠦ ᠡᠴᠡ ᠪᠣᠰᠤᠳ ᠢ ᠬᠠᠷᠠᠬᠤ ᠨᠢᠳᠤ ᠦᠭᠡᠶ᠂ ᠭᠦᠮᠤᠨ

ᠮᠢᠨᠤ ᠡᠮᠦᠨ᠎ᠡ ᠪᠠᠶᠠᠨ ᠪᠣᠯᠪᠠᠴᠤ ᠶᠠᠳᠠᠭᠤ


ᠠᠪᠳᠠᠷ᠎ᠠ ᠳᠦᠭᠦᠷᠡᠩ ᠠᠯᠳᠠ ᠶᠢ ᠣᠯᠵᠤ ᠴᠢᠳᠠᠬᠤ᠂ ᠡᠷᠳᠡᠮ ᠲᠡᠶ ᠴᠤ

ᠡᠪᠳᠡᠢ ᠭᠠᠵᠠᠷ ᠨᠢ ᠪᠣᠴᠠᠭᠠᠭᠠᠤᠨ ᠵᠠᠷᠤᠵᠤ ᠴᠢᠳᠠᠬᠤ ᠦᠭᠡᠶ ᠪᠣᠯ ᠳᠡᠨᠡᠭ᠌

ᠠᠷᠢᠭᠢ ᠳᠠᠷᠠᠰᠤᠨ ᠡᠴᠡ ᠵᠠᠢ᠌ᠳᠠᠵᠤ᠂ ᠰᠤᠭᠳᠤᠭᠤ ᠡᠴᠡ ᠳᠤᠭᠤᠷᠢᠵᠤ ᠶᠠᠪᠣᠭᠰᠠᠨ ᠴᠤ

ᠡᠭᠡ ᠣᠷᠤᠨ ᠤ ᠪᠠᠨ ᠲᠦᠯᠦᠭᠡ᠂ ᠥᠭᠦᠵᠤ ᠴᠢᠳᠠᠪᠠᠯ ᠵᠤᠷᠢᠭᠳᠠᠨ


ᠡᠮᠨᠢᠭ᠌ ᠭᠦᠯᠦᠭ᠌ ᠤᠨ ᠪᠣᠯᠭᠢᠶᠠᠨ ᠳᠤ ᠬᠠᠵᠠᠢ᠌ᠵᠤ ᠥᠵᠡᠭᠡ ᠦᠭᠡᠶ᠂ ᠡᠷ᠎ᠡ

ᠡᠭᠡᠨᠡᠷ ᠶᠢᠡᠨ ᠭᠦᠡᠳᠦᠳᠭᠡᠵᠤ᠂ ᠠᠶᠤᠵᠤ ᠶᠠᠪᠣᠭᠰᠠᠨ ᠴᠤ ᠣᠬᠠᠭᠠᠠᠳᠠᠨ

ᠡᠨᠡ ᠪᠦᠭᠦᠨ ᠢ ᠥᠵᠡᠭᠡᠳ᠂ ᠡᠷ᠎ᠡ ᠨᠥᠭᠦᠷ ᠶᠢᠡᠨ ᠮᠠᠭᠤᠯᠠᠪᠠᠯ

ᠡ᠊ᠨᠳᠡᠭᠦᠤ ᠬᠠᠵᠠᠭᠠᠢ ᠪᠣᠳᠤᠯ ᠲᠡᠶ᠂ ᠡᠭᠡᠨᠡᠷ ᠤᠨ ᠣᠬᠠᠭᠠᠨ ᠪᠣᠭᠤᠨᠢ


ᠬᠤᠷᠢᠮ ᠨᠠᠢ᠌ᠷ ᠤᠨ ᠡᠳᠦᠷ᠂ ᠳᠠᠪᠠᠯ ᠪᠦᠰᠡ ᠪᠠᠷ ᠭᠤᠶᠤᠬᠤ ᠵᠢ

ᠬᠤᠷᠢᠨ ᠨᠢᠭᠡᠳᠦᠭᠡᠷ ᠵᠠᠭᠤᠨ ᠡᠴᠡ᠂ ᠵᠠᠢ᠌ᠳᠠᠵᠤ ᠪᠠᠢ᠌ᠨ᠎ᠠ ᠭᠡᠵᠤ ᠪᠣᠤ ᠪᠣᠳᠤ

ᠡᠳᠡᠩ ᠭᠤᠳᠤᠯ ᠶᠢᠡᠨ ᠨᠤᠭᠳᠤᠯᠠᠵᠤ᠂ ᠣᠪᠣᠭ᠎ᠠ ᠨᠠᠢ᠌ᠷ ᠲᠤ ᠵᠤᠳᠤᠭᠯᠠᠬᠤ

ᠡᠷ᠎ᠡ ᠶᠢᠨ ᠭᠤᠷᠪᠠᠨ ᠨᠠᠭᠠᠳᠤᠮ ᠢ ᠬᠤᠴᠤᠷᠤᠩᠭ᠋ᠤᠢ ᠭᠡᠵᠤ ᠪᠣᠤ ᠰᠠᠨᠠ


ᠱᠢᠷᠤ᠂ ᠮᠠᠨᠤᠨ ᠰᠢᠭᠢᠦᠡᠭᠡᠭᠡ ᠲᠡᠶ ᠡᠭᠡᠮᠦᠭ᠌᠂ ᠪᠦᠭᠡᠵᠢ᠂ ᠪᠠᠭᠤᠪᠴᠢ ᠵᠢ

ᠰᠢᠵᠢᠷ ᠠᠯᠳᠠ ᠪᠠᠷ ᠰᠤᠯᠢᠵᠤ᠂ ᠰᠤᠶᠤᠯ ᠶᠢᠡᠨ ᠪᠣᠤ ᠬᠤᠳᠠᠯᠳᠤ

ᠰᠢᠯᠦᠭ᠌ ᠳᠠᠭᠤᠨ ᠤ ᠠᠶᠠᠯᠭᠤᠳᠤ᠂ ᠮᠤᠷᠢᠨ ᠬᠤᠭᠤᠷ ᠤᠨ ᠴᠢᠪᠬᠠᠳᠠᠰᠤ ᠶᠢ

ᠰᠤᠭᠳᠤᠭᠤ ᠭᠦᠯᠴᠦᠭᠦᠤ ᠶᠢᠨ ᠳᠤᠮᠳᠠ᠂ ᠰᠤᠯᠤᠭᠠᠢ ᠪᠣᠤ ᠬᠤᠭᠤᠷᠳᠠ


ᠡᠵᠢ᠂ ᠠᠪᠣ ᠬᠤᠶᠠᠷ ᠴᠢᠨᠢ ᠡᠩᠭᠡ ᠪᠠᠢ᠌ᠬᠤ ᠶᠢᠨ ᠴᠠᠭ ᠳᠤ

ᠥᠩᠭᠡᠷᠡᠭ᠍ᠰᠡᠨ ᠬᠣᠢ᠌ᠨ᠎ᠠ ᠨᠢ ᠭᠡᠮᠰᠢᠯ ᠦᠭᠡᠶ᠂ ᠣᠳᠤ ᠪᠠᠷ ᠶᠢᠡᠨ ᠠᠴᠢᠯᠠ᠂

ᠢᠳᠠᠵᠤ᠂ ᠡᠮᠦᠰᠭᠦ ᠬᠤᠶᠠᠷ ᠴᠢᠨᠢ ᠡᠯᠪᠠᠭ᠌ ᠪᠠᠢ᠌ᠬᠤ ᠶᠢᠨ ᠴᠠᠭ ᠳᠤ

ᠡᠭᠡ ᠣᠷᠤᠨ ᠤ ᠪᠠᠨ ᠲᠦᠯᠦᠭᠡ᠂ ᠢᠯᠡᠭᠦᠤ ᠰᠢᠭ᠌ ᠪᠣᠳᠤ᠃

2009.8.24


ᠵᠤᠬᠢᠶᠠᠭᠴᠢ ᠶᠢᠨ ᠬᠠ‍‌ᠶᠢᠭ ᠄ ᠰᠢᠯᠢ ᠶᠢᠨ ᠭᠤᠤᠯ ᠠᠢ᠌ᠮᠠᠭ ᠤᠨ ᠰᠢᠯᠤᠭᠤᠨ ᠭᠦᠭᠡ ᠬᠤᠰᠢᠭᠤ

ᠵᠤᠬᠢᠶᠠᠭᠴᠢ᠄ ᠵᠢᠯᠠᠮ·ᠮᠠᠠᠳᠤᠪᠠᠶᠠᠷ
ᠬᠠᠷᠢᠶ᠎ᠠ᠄ ᠰᠢᠯᠦᠭ
ᠳᠠᠷᠤᠮ᠄ 1850
ᠴᠠᠭ᠄ 2011 ᠤᠨ ᠤ 01 ᠰᠠᠷ᠎ᠠ ᠶᠢᠨ 07