ᠨᠥᠭᠦᠷ

ᠵᠤᠪᠠᠵᠤ ᠶᠠᠪᠣᠬᠤ ᠶᠢᠨ ᠴᠠᠭ ᠳᠤ

ᠵᠤᠪᠠᠯᠠᠩ ᠶᠢᠡᠨ ᠬᠤᠪᠢᠶᠠᠯᠴᠠᠭᠰᠠᠨ ᠨᠥᠭᠦᠷ

ᠵᠠᠭᠤᠷᠳᠠᠬᠠᠨ ᠢᠷᠡᠭᠦ ᠵᠢᠷᠭᠠᠯ ᠵᠢᠠᠨ

ᠬᠤᠪᠢᠶᠠᠯᠴᠠᠨ᠎ᠠ ᠦᠤ ᠥᠭᠡᠢ ᠦᠦ ᠪᠣᠤ ᠮᠠᠳᠠ᠃

         ᠵᠢᠷᠤᠭ᠎ᠠ ᠢᠷᠡᠳᠡᠭ᠌ ᠣᠯᠠᠷᠢᠯ

         ᠵᠤᠤᠵᠢ ᠦᠭᠡᠶ ᠪᠣᠯᠬᠤᠷ

         ᠵᠢᠷᠤᠮᠠᠯ ᠨᠢᠭᠤᠷ ᠲᠡᠶ ᠭᠦᠮᠤᠨ ᠤ

         ᠵᠢᠷᠦᠭᠡ ᠶᠢ ᠶᠠᠭᠠᠭᠢᠵᠤ ᠴᠤ ᠮᠠᠳᠠᠨ᠎ᠠ᠃

ᠵᠢᠷᠭᠠᠯ ᠳ᠋ᠤ ᠪᠣᠯᠬᠠᠵᠤ ᠶᠠᠪᠣᠬᠤ ᠳ᠋ᠠᠭᠠᠨ

ᠵᠠᠶᠠᠭ᠎ᠠ ᠪᠠᠨ ᠬᠠᠮᠳᠤᠳᠬᠠᠭᠰᠠᠨ ᠨᠥᠭᠦᠷ

ᠵᠠᠮ ᠵᠠᠮ ᠤᠨ ᠰᠠᠯᠪᠣᠷᠢ ᠳᠡᠭᠡᠷ᠎ᠡ

ᠵᠤᠷᠢᠯᠭ᠎ᠠ ᠨᠠᠢ᠌ᠯᠠᠨ᠎ᠠ ᠦᠦ ᠪᠣᠤ ᠮᠠᠳᠠ᠃

         ᠶ‍ᠢᠷᠳᠢᠠᠴᠤ ᠶᠢᠨ ᠬᠠᠳᠠᠭᠤ ᠰᠢᠯᠭᠠᠭᠤᠷᠢ ᠳ᠋ᠤ

         ᠢᠳᠡᠭᠡᠯ ᠳᠦᠰᠢᠯᠴᠡᠭ᠍ᠰᠡᠨ ᠨᠥᠭᠦᠷ ᠯᠠ ᠰᠠᠶ‍ᠢ

         ᠶ‍ᠢᠯᠸᠢ ᠢᠯᠪᠢ ᠲᠡᠶ ᠶᠤᠮ ᠰᠢᠭ᠌ ᠠᠮᠢᠳᠤᠷᠠᠯ ᠳ᠋ᠤ

         ᠢᠯᠡᠭᠦᠤ ᠳᠤᠳᠠᠭᠤ ᠪᠠᠨ ᠨᠥᠭᠦᠴᠡᠯᠳᠡᠭ᠌ ᠶᠤᠮ᠃

ᠵᠢᠷᠭᠠᠯ ᠵᠤᠪᠠᠯᠠᠩ ᠬᠤᠶᠠᠷ ᠭᠡᠭ᠍ᠴᠢ

ᠵᠣᠢ᠌ᠷᠠᠢ ᠳᠦᠷᠦᠭ᠍ᠰᠡᠨ ᠠᠬ᠎ᠠ ᠳᠡᠭᠦᠤ ᠪᠣᠯᠬᠤᠷ

ᠵᠢᠱᠢᠶᠠᠨ ᠳᠠᠭᠠᠨ ᠢᠷᠡᠭ᠍ᠰᠡᠨ ᠭᠦᠮᠤᠨ ᠤ ᠳᠦᠷᠤᠯ

ᠵᠠᠢ᠌ᠯᠠᠵᠤ ᠭᠠᠷᠬᠤ ᠵᠠᠮ ᠦᠭᠡᠶ ᠶᠤᠮ᠃

        ᠭᠦᠮᠤᠨ ᠨᠢ ᠭᠦᠮᠤᠨ ᠶᠢᠡᠨ ᠢᠳᠡᠭᠡᠭᠦ ᠭᠡᠭ᠍ᠴᠢ

        ᠭᠦᠡᠳᠤ ᠵᠢᠷᠤᠮ ᠤᠨ ᠭᠦᠷᠦᠩᠭᠡ ᠶᠤᠮ

        ᠭᠦᠷᠴᠤ ᠪᠣᠯᠬᠤ ᠢᠷᠡᠭᠡᠳᠦᠢ ᠵᠢᠨ

        ᠭᠦᠰᠢᠵᠤ ᠨᠡᠭᠡᠭᠡᠭ᠍ᠰᠡᠨ ᠬᠠᠭᠠᠯᠭ᠎ᠠ ᠶᠤᠮ

ᠴᠠᠭ ᠵᠠᠭᠤᠷ᠎ᠠ ᠶᠢᠨ ᠬᠠᠯᠠᠭᠤᠷᠠᠯ

ᠴᠠᠭᠠᠨ ᠰᠡᠳᠭᠢᠯ ᠤᠨ ᠬᠠ‍‌ᠶᠢᠭ ᠪᠢᠰᠢ

ᠴᠠᠰᠢ ᠡᠷᠭᠢᠭᠦ ᠨᠢᠭᠡ ᠴᠢᠯᠦᠭᠡᠨ ᠳ᠋ᠤ

ᠴᠢᠠᠵᠠᠯ  ᠪᠠᠷᠢᠭᠠᠤᠨ ᠴᠢᠴᠢᠵᠤ ᠮᠠᠳᠠᠨ᠎ᠠ

         ᠨᠠᠢ᠌ᠷ ᠤᠨ ᠰᠢᠷᠡᠭᠡᠨ ᠤ ᠨᠢᠯᠤᠭᠤᠨ ᠦᠭᠡ

         ᠠᠭᠠᠳᠤᠮ ᠨᠠᠮᠤᠰ ᠠᠯᠢᠨ ᠴᠤ ᠪᠣᠯᠤᠨ᠎ᠠ

         ᠨᠠᠷᠠᠳᠤ ᠶᠢᠨ ᠵᠠᠢ ᠳᠤ ᠴᠢᠭᠡᠵᠢᠯᠡᠭᠦ

         ᠨᠡᠭᠡᠯ ᠬᠠᠳᠠᠭᠤ ᠢᠳᠡᠭᠡᠯ ᠪᠢᠰᠢ ᠡ ︕

ᠪᠦᠳᠦᠷᠢᠭ᠍ᠰᠡᠨ ᠦᠶ᠎ᠡ ᠳᠤ ᠳᠦᠰᠢᠭᠡᠳ ᠠᠪᠳᠠᠭ

ᠪᠣᠭᠢᠷ ᠭᠠᠷ ᠢ ᠪᠣᠤ ᠮᠠᠷᠳᠠ

ᠪᠦᠳᠦᠭᠦᠯᠢᠭ᠌ ᠪᠣᠯᠪᠠᠴᠤ ᠪᠦᠯᠭᠦᠮᠳᠡᠯ ᠨᠢᠭᠡᠳᠡᠢ

ᠪᠦᠳᠦᠭᠦᠨ ᠬᠤᠷᠤᠭᠤ ᠨᠢ ᠭᠦᠴᠤ ᠲᠡᠶ ᠶᠤᠮ᠃

         ᠲ᠋ᠡᠭ᠍ᠵᠢᠷᠡᠭᠦ ᠦᠶ᠎ᠡ ᠳᠤ ᠳᠤᠯᠳᠤᠭᠠᠨᠠᠭᠰᠠᠨ

         《ᠳᠡᠯᠡᠭᠡ ᠢᠰᠢᠭᠡ》ᠶ᠋ᠢ᠌ ᠪᠣᠤ ᠬᠠᠢ᠌ᠷᠠᠯᠠ

         ᠳᠠᠯᠠᠩ ᠲᠡᠶ ᠪᠦᠭᠦᠨ ᠢ ᠡᠭᠡ ᠪᠠᠨ ᠭᠡᠮᠡᠨ

         ᠲ᠋ᠡᠩᠳᠡᠭᠦᠤ ᠢᠳᠡᠭᠡᠭ᠍ᠰᠡᠨ ᠨᠢᠭᠡ ᠨᠢ ᠶᠤᠮ᠃

ᠡᠪᠠᠷ ᠣᠷᠭᠤᠵᠤ ᠡᠷ᠎ᠡ ᠤᠷᠦᠪᠠᠯ

ᠡᠷᠡᠤ ᠥᠭᠡᠳᠡ ᠰᠠᠵᠢᠵᠤ ᠮᠠᠳᠠᠨ᠎ᠠ

ᠡᠩᠬᠦᠷᠡᠢ᠌ᠯᠡᠵᠤ ᠶᠠᠪᠣᠭᠰᠠᠨ ᠬᠠᠷᠢᠭᠤ ᠳᠠᠷᠠ  

ᠡᠨᠡᠷᠢᠯ ᠳᠤ ᠬᠠᠷᠢᠭᠤᠯᠤᠭᠰᠠᠨ ᠠᠴᠢ ᠴᠤ ᠳᠠᠷᠠ  ︕

         ᠬᠠᠯᠠᠭᠠᠢ ᠰᠢᠭ ᠬᠠᠭᠠᠷᠢᠵᠤ ᠶᠠᠪᠣᠳᠠᠭ

         ᠬᠠᠳᠠᠭᠤ ᠥᠭᠡ ᠪᠠᠷ ᠰᠢᠭᠦᠮᠵᠢᠯᠡᠵᠤ ᠪᠠᠢ᠌ᠳᠠᠭ

         ᠬᠠᠶᠠ ᠪᠠᠰᠠ ᠣᠭᠢᠯᠠᠵᠤ ᠥᠵᠡᠳᠡᠭ᠌

         ᠬᠠᠷ᠎ᠠ ᠭᠦᠮᠤᠨ ᠢ ᠪᠣᠤ ᠭᠤᠯᠤ ︕

ᠠᠪᠴᠤ  ᠴᠢᠳᠠᠳᠠᠭ᠂ ᠥᠭ᠍ᠴᠤ ᠴᠤ ᠴᠢᠳᠠᠳᠠᠭ

ᠠᠪᠣ ᠶᠢᠨ ᠭᠦᠤ ᠭᠤᠤᠯ ᠶᠢᠡᠷ ᠶᠢᠡᠨ ᠶᠤᠮ

ᠠᠯᠳᠠᠨ ᠳᠡᠯᠡᠭᠡᠢ ᠳᠤ ᠨᠥᠭᠦᠷᠯᠡᠵᠤ ᠪᠣᠯᠳᠠᠭ

ᠠᠷᠢᠭᠤᠨ ᠢᠳᠡᠭᠡᠯ ᠤᠨ ᠪᠦᠷᠢᠯᠸ᠎ᠡ ᠶᠤᠮ

          ᠨᠢᠭᠦᠯᠳᠡᠨ ᠡᠰᠡᠷᠭᠦᠤ ᠨᠢᠳᠤᠷᠭ᠎ᠠ ᠵᠠᠩᠭᠢᠳᠴᠤ

          ᠨᠢᠩᠵᠢᠨ ᠤ ᠥᠭᠡᠳᠡ ᠨᠢᠯᠪᠣᠰᠤ ᠣᠨᠠᠭᠠᠳᠠᠭ

          ᠨᠢᠰᠤᠩᠬᠠᠢ ᠭᠦᠤ ᠶᠢ ᠪᠣᠤ ᠪᠠᠰᠤ

          ᠨᠢᠭᠤᠴᠠ ᠨᠢ ᠵᠠᠳᠠᠷᠠᠭᠰᠠᠨ ᠨᠢᠭᠡ ᠨᠢ ᠶᠤᠮ᠃

ᠵᠠᠩ ᠢ ᠨᠢ ᠮᠡᠳᠡᠭᠦ ᠦᠭᠡᠶ ᠰᠤᠪᠢᠵᠤ

ᠵᠠᠵᠢᠨ ᠦᠰᠤ ᠪᠠᠨ ᠴᠠᠢ᠌ᠷᠠᠭᠤᠯᠬᠤ ᠪᠠᠷ

ᠠᠭᠠᠰᠢ ᠶᠢ ᠨᠢ ᠮᠡᠳᠡᠳᠡᠭ᠌ ᠨᠢᠭᠡᠨ ᠳ᠋ᠡᠭᠡᠨ

ᠠᠮᠠᠷᠠᠭ ᠬᠠᠠᠳᠤᠬᠤ ᠰᠠᠢ᠌ᠬᠠᠨ ᠯᠠ ᠶᠤᠮ᠃

          ᠪᠣᠰᠤᠭ᠎ᠠ ᠶᠠᠪᠣᠬᠤ ᠨᠠᠰᠤᠨ ᠳ᠋ᠠᠭᠠᠨ

          ᠪᠣᠯᠭᠤᠮᠵᠢᠳᠠᠢ ᠠᠮᠢᠳᠤᠷᠠᠬᠤ ᠵᠦᠢ ᠶᠤᠮ

          ᠪᠣᠯᠳᠠᠭ᠂ ᠪᠣᠯᠬᠤ ᠦᠭᠡᠶ ᠠᠯᠢᠨ ᠳᠤ ᠴᠤ

          ᠪᠣᠭᠤᠨᠢ ᠵᠠᠢ ᠪᠠᠷ ᠵᠦᠷᠢᠳᠡᠭ᠌ ᠶᠤᠮ

ᠪᠣᠶᠠᠨ ᠨᠢᠭᠦᠯ ᠬᠤᠶᠠᠷ ᠳᠠᠢ

ᠰᠡᠢ᠌ᠳᠡᠵᠤ ᠮᠡᠭᠦᠳᠡᠵᠤ ᠥᠵᠡᠳᠡᠭ᠌ ᠶᠤᠮ

ᠪᠣᠷᠬᠠᠨ ᠴᠢᠳᠭᠦᠷ ᠬᠤᠶᠠᠷ ᠳᠠᠢ

ᠨᠢᠭᠤᠵᠤ ᠳᠤᠭᠯᠠᠵᠤ ᠨᠠᠭᠠᠳᠳᠠᠭ ᠶᠤᠮ᠃

         ᠨᠥᠭᠦᠷ ᠤᠨ ᠰᠠᠢ᠌ᠨ ᠢ ᠣᠯᠤᠶ᠎ᠠ ᠭᠡᠪᠠᠯ

         ᠨᠥᠮᠵᠦᠭ᠌ ᠰᠠᠨᠠᠭ᠎ᠠ ᠲᠡᠶ ᠶᠠᠪᠣᠳᠠᠭ ᠶᠤᠮ

         ᠨᠥᠯᠦᠭᠡ ᠰᠡᠭᠦᠳᠡᠷ ᠬᠤᠶᠠᠷ ᠳᠠᠭᠠᠨ

         ᠡᠵᠡᠨ ᠪᠣᠯᠵᠤ ᠠᠮᠢᠳᠤᠷᠠᠳᠠᠭ ᠶᠤᠮ᠃ᠵᠤᠬᠢᠶᠠᠭᠴᠢ ᠶᠢᠨ ᠬᠠ‍‌ᠶᠢᠭ ᠄ ᠳᠦᠷᠪᠠᠤᠨ ᠬᠤᠰᠢᠭᠤᠨ ᠤ ᠵᠢᠭᠠᠬᠤ ᠶᠢ ᠰᠤᠳᠤᠯᠬᠤ ᠳᠠᠰᠤᠭ

ᠵᠤᠬᠢᠶᠠᠭᠴᠢ᠄ ᠦ᠊·ᠠᠯᠳᠠᠠᠪᠣᠯᠠᠭ
ᠬᠠᠷᠢᠶ᠎ᠠ᠄ ᠰᠢᠯᠦᠭ
ᠳᠠᠷᠤᠮ᠄ 1887
ᠴᠠᠭ᠄ 2012 ᠤᠨ ᠤ 04 ᠰᠠᠷ᠎ᠠ ᠶᠢᠨ 19