ᠭᠡᠷᠪᠡ ᠡᠭᠡ ᠭᠡᠯᠡ ᠪᠠᠨ ᠠᠯᠳᠠᠪᠠᠯ ᠁

ᠡᠭᠡ ᠭᠡᠯᠡ ᠪᠠᠷ ᠶᠢᠡᠨ ᠡᠪᠦᠭᠡ ᠳᠡᠭᠡᠳᠦᠰ ᠮᠢᠨᠢ ᠳᠠᠶᠠᠭ ᠭᠢᠵᠤ

ᠡᠪᠦᠳᠦᠭ᠌ ᠴᠤᠭᠤᠷᠬᠠᠢ ᠣᠨ ᠵᠢᠯ ᠤᠨ ᠦᠯᠦᠨ ᠭᠠᠴᠢᠭ ᠢ ᠳᠤᠭᠤᠯᠤᠨ

ᠣᠭᠰᠠᠭ᠎ᠠ ᠮᠤᠩᠭ᠋ᠤᠯ ᠶᠢᠡᠨ ᠨᠢᠭᠡᠳᠭᠡᠵᠤ ᠭᠦᠷᠤᠨ ᠲᠦᠷᠦ ᠪᠠᠢ᠌ᠭᠤᠯᠤᠭᠰᠠᠨ ᠶᠤᠮ

ᠣᠨᠠᠭᠰᠠᠨ ᠨᠤᠳᠤᠭ ᠢ ᠪᠣᠯᠢᠶᠠᠨ ᠦᠨᠳᠦᠰᠦ ᠳᠠᠰᠤᠷᠠᠳᠠᠯ᠎ᠠ ᠭᠢᠳᠤᠬᠤ ᠭᠡᠰᠡᠨ

ᠥᠮᠡᠭᠡᠢ ᠰᠠᠨᠠᠭᠠᠳᠠᠨ ᠤ ᠡᠮᠦᠨ᠎ᠡ ᠡᠴᠡ ᠣᠷᠭᠤᠭ᠎ᠠ ᠬᠠᠳᠠ ᠪᠣᠯᠵᠤ ᠵᠤᠭᠰᠤᠭᠰᠠᠨ ᠶᠤᠮ

ᠡᠭᠡ ᠭᠡᠯᠡ ᠪᠠᠷ ᠶᠢᠡᠨ ᠡᠪᠦᠭᠡ ᠳᠡᠭᠡᠳᠦᠰ ᠮᠢᠨᠢ ᠰᠠᠯᠠᠮ᠎ᠠ ᠪᠣᠯᠭᠠᠵᠤ

ᠡᠷᠡᠭᠦᠯ ᠭᠦᠷᠦᠰᠤ ᠶᠢ ᠡᠪᠳᠡᠵᠤ ᠪᠣᠰᠬᠠᠭᠰᠠᠨ ᠴᠠᠭᠠᠨ ᠭᠡᠷᠡᠮ ᠢ ᠳᠠᠪᠠᠵᠤ

ᠡᠴᠢᠭᠡ ᠳᠡᠭᠡᠳᠦᠰ ᠤᠨ ᠦᠰᠢᠶ᠎ᠠ ᠶᠢ ᠠᠪᠤᠨ ᠴᠢᠰᠤ ᠣᠷᠤᠰᠳᠠᠯ᠎ᠠ ᠪᠠᠢ᠌ᠯᠳᠤᠭᠰᠠᠨ ᠶᠤᠮ

ᠡᠷᠳᠡᠨᠢ ᠶᠢᠨ ᠭᠦᠯᠦᠭ᠌ ᠤᠨ ᠳᠠᠮᠤᠷ ᠳᠤᠭᠤᠷᠠᠢ ᠪᠠᠷ ᠠᠽᠢᠶ᠎ᠠ ᠧᠥᠷᠦᠫᠡ ᠶᠢ ᠰᠤᠠᠳᠠᠯᠠᠵᠤ

ᠡᠡᠭ᠌ ᠦᠭᠡᠶ ᠶᠡᠭᠡ ᠠᠯᠳᠠᠷ ᠨᠠᠷ᠎ᠠ ᠣᠮᠤᠭ ᠰᠦᠷ ᠶᠢᠡᠨ ᠮᠠᠠᠳᠤᠭᠤᠯᠤᠭᠰᠠᠨ ᠶᠤᠮ

ᠳᠡᠯᠡᠭᠡᠢ ᠶᠢᠨ ᠭᠠᠢ᠌ᠬᠠᠮᠰᠢᠭ ᠪᠣᠯᠤᠭᠰᠠᠨ ᠳᠡᠦᠭᠡ ᠰᠤᠶᠤᠯ ᠤᠨ ᠠᠷᠢᠭᠤᠨ ᠰᠤᠳᠤᠷ

《ᠨᠢᠭᠤᠴᠠ ᠳᠤᠪᠴᠢᠶᠠᠨ》 ᠵᠢᠡᠨ ᠮᠤᠩᠭ᠋ᠤᠯᠴᠤᠳ ᠡᠭᠡ ᠭᠡᠯᠡ ᠪᠠᠷ ᠶᠢᠡᠨ ᠪᠢᠴᠢᠭ᠍ᠰᠡᠨ ᠶᠤᠮ

ᠳᠡᠭ᠍ᠷᠢ ᠠᠭᠤᠯᠠ ᠪᠠᠨ ᠭᠦᠷᠳᠡᠯ᠎ᠡ ᠰᠢᠳᠠᠭᠠᠭᠰᠠᠨ ᠳᠡᠭᠦᠰ ᠣᠬᠠᠭᠠᠨ ᠤ ᠠᠮᠠᠨ ᠰᠤᠶᠤᠯ

《ᠵᠢᠩᠭ᠋ᠠᠷ》 《ᠭᠡᠰᠡᠷ》 ᠶᠢᠡᠨ ᠮᠤᠩᠭ᠋ᠤᠯᠴᠤᠳ ᠡᠨᠡ ᠭᠡᠯᠡ ᠪᠠᠷ ᠶᠢᠡᠨ ᠪᠦᠳᠦᠭᠡᠭ᠍ᠰᠡᠨ ᠶᠤᠮ

ᠭᠡᠷᠪᠡ ᠡᠭᠡ ᠭᠡᠯᠡ ᠪᠠᠨ ᠠᠯᠳᠠᠪᠠᠯ ᠁

ᠮᠤᠩᠭ᠋ᠤᠯ ᠤᠨ ᠥᠡᠳᠦᠷᠯᠢᠭ᠌ ᠤᠨ ᠪᠣᠭᠤᠷᠤᠯ ᠴᠢᠯᠠᠭᠤᠳ ᠰᠠᠯᠭᠢᠨ ᠳᠤ ᠭᠡᠢ᠌ᠰᠴᠤ ᠮᠠᠳᠠᠨ᠎ᠠ

ᠮᠦᠰᠤᠨ ᠳᠠᠯᠠᠢ ᠶᠢᠨ ᠵᠤᠵᠠᠭᠠᠨ ᠮᠦᠰᠤ ᠴᠤ ᠰᠠᠷᠠᠨ ᠳᠤ ᠬᠠᠢ᠌ᠯᠵᠤ ᠮᠠᠳᠠᠨ᠎ᠠ

ᠮᠤᠩᠭ᠋ᠤᠯ ᠭᠦᠮᠤᠨ ᠤ ᠪᠢᠯᠢᠭ᠌ ᠣᠬᠠᠭᠠᠨ ᠨᠢᠭᠦᠯ ᠳᠡᠭᠡᠨ ᠬᠠᠬᠠᠵᠤ ᠮᠠᠳᠠᠨ᠎ᠠ

ᠮᠥᠩᠭᠡ ᠰᠤᠶᠤᠯ ᠤᠨ ᠠᠷᠢᠭᠤᠨ ᠭᠠᠯ ᠨᠢᠯᠪᠣᠰᠤᠨ ᠳᠤ ᠣᠠᠳᠠᠷᠠᠵᠤ ᠮᠠᠳᠠᠨ᠎ᠠ

ᠳᠡᠭ᠍ᠷᠢ ᠶᠢᠨ ᠬᠠᠶᠠᠭ᠎ᠠ ᠳᠤᠯᠤᠭᠰᠠᠨ ᠳᠡᠭᠡᠳᠦᠰ ᠤᠨ ᠨᠤᠳᠤᠭ ᠳᠡᠭᠡᠰᠤᠨ ᠳᠤ ᠭᠡᠷᠴᠢᠭ᠍ᠳᠡᠨ᠎ᠡ

ᠳᠡᠭᠡᠪᠦᠷ ᠡᠷᠭᠦᠳᠡᠯ᠎ᠡ ᠳᠠᠭᠤᠯᠠᠳᠠᠭ ᠮᠤᠩᠭ᠋ᠤᠯ ᠠᠷᠠᠤᠨ ᠤᠨ ᠳᠠᠭᠤᠤ ᠴᠤ ᠭᠡᠭᠡᠷ᠎ᠡ ᠬᠠᠶᠠᠭᠳᠠᠨ᠎ᠠ

ᠬᠣᠢ᠌ᠮᠤᠷ ᠶᠢᠡᠨ ᠳᠠᠭᠢᠳᠠᠭ ᠴᠢᠩᠭᠢᠰ ᠤᠨ ᠵᠢᠷᠤᠭ ᠰᠢᠷᠣᠢ᠌ᠨ ᠳᠤ ᠳᠠᠷᠤᠭᠳᠠᠨ᠎ᠠ

ᠬᠤᠷᠮᠤᠢ ᠳᠤᠤᠷ᠎ᠠ ᠪᠠᠨ ᠵᠡᠭᠦᠳᠡᠭ᠌ ᠬᠤᠷᠴᠠ ᠭᠢᠳᠤᠭ᠎ᠠ ᠴᠢᠨᠢ ᠵᠢᠪᠠᠨ ᠳᠤ ᠢᠳᠡᠭ᠍ᠳᠡᠨ᠎ᠡ

ᠮᠤᠷᠢᠨ ᠳᠠᠯ ᠰᠢᠭ᠌ ᠪᠣᠰᠤᠭ᠎ᠠ ᠰᠦᠷ ᠭᠡᠯᠡᠨ ᠳᠤ ᠭᠢᠷᠭᠠᠭᠳᠠᠨ᠎ᠠ

ᠮᠥᠭᠦᠯᠢᠭ᠌ ᠴᠢᠯᠠᠭᠤ ᠰᠢᠭ ᠬᠠᠳᠠᠭᠤ ᠵᠤᠷᠢᠭ ᠥᠭᠡᠨ ᠳᠤ ᠪᠠᠯᠪᠠᠷᠠᠨ᠎ᠠ

ᠡᠭᠦᠷᠢᠳᠡ ᠮᠤᠬᠤᠳᠠᠭ ᠦᠭᠡᠶ ᠪᠠᠳᠤ ᠢᠳᠡᠭᠡᠯ ᠣᠳᠠᠰᠤᠨ ᠳᠤ ᠪᠦᠳᠦᠷᠢᠨ᠎ᠡ

ᠦᠨᠢᠳᠠ ᠭᠬᠢᠷᠳᠦᠭᠦ ᠦᠭᠡᠶ ᠠᠷᠢᠭᠤᠨ ᠰᠠᠨᠠᠭ᠎ᠠ ᠥᠭᠡᠰᠢᠨ ᠳᠤ ᠣᠷᠢᠶᠠᠭᠳᠠᠨ᠎ᠠ

ᠭᠦᠮᠤᠨ ᠤ ᠭᠡᠯᠡ ᠪᠠᠷ ᠭᠡᠯᠡᠭᠦ ᠭᠡᠵᠤ ᠣᠷᠤᠭᠤᠯ ᠶᠢᠡᠨ ᠵᠤᠪᠠᠭᠠᠬᠤ ᠶᠤᠮ

ᠭᠦᠮᠤᠨ ᠶᠢᠡᠨ ᠶᠤᠰᠤᠨ ᠤ ᠳᠠᠰᠬᠤ ᠦᠭᠡᠶ ᠰᠠᠤᠠᠭᠢᠯ ᠶᠢᠡᠨ ᠴᠤ ᠵᠥᠳᠡᠭᠡᠭᠦ ᠶᠤᠮ

ᠭᠦᠰᠡᠯ ᠪᠣᠳᠤᠯ ᠳᠠᠭᠠᠨ ᠭᠦᠯᠢᠭ᠍ᠳᠡᠨ ᠪᠠᠢ᠌ᠵᠤ ᠨᠠᠰᠤ ᠪᠠᠨ ᠪᠠᠷᠠᠬᠤ ᠶᠤᠮ

ᠭᠦᠡᠳᠤ ᠶᠢᠨ ᠶᠤᠰᠤ ᠪᠠᠨ ᠮᠠᠷᠳᠠᠵᠤ ᠨᠢᠭᠤᠷ ᠶᠢᠡᠨ ᠴᠤ ᠭᠡᠭᠡᠭᠦ ᠶᠤᠮ

ᠭᠡᠷᠪᠡ ᠡᠭᠡ ᠭᠡᠯᠡ ᠪᠠᠨ ᠠᠯᠳᠠᠪᠠᠯ ᠁

ᠨᠢᠰᠤ ᠪᠠᠨ ᠴᠢᠷᠦᠭ᠍ᠰᠡᠨ ᠭᠡᠦᠭᠡᠤᠨ ᠭᠦᠷᠳᠡᠯ᠎ᠡ ᠪᠢᠳᠠᠨ ᠢ ᠱᠤᠤᠯᠠᠵᠤ ᠮᠠᠳᠠᠨ᠎ᠠ

ᠨᠢᠷᠤᠭᠤ ᠳᠠᠭᠢᠷ ᠭᠦᠭ᠍ᠰᠢᠨ ᠴᠤ ᠪᠢᠳᠠᠨ ᠢ ᠳᠤᠷᠤᠮᠵᠢᠯᠠᠵᠤ ᠮᠠᠳᠠᠨ᠎ᠠ

ᠨᠢᠴᠦᠭᠦᠨ ᠭᠦᠶ‍ᠦᠳᠡᠭ᠌ ᠭᠦᠷᠪᠠᠯ ᠪᠣᠯᠪᠠᠴᠤ ᠪᠢᠳᠠᠨ ᠡᠴᠡ ᠳᠡᠭᠡᠷᠡᠳᠡᠵᠤ ᠮᠠᠳᠠᠨ᠎ᠠ

ᠨᠢᠭᠦᠯ ᠭᠢᠭ᠍ᠰᠡᠨ ᠶᠠᠯᠠᠳᠠᠨ ᠴᠤ ᠪᠢᠳᠠᠨ ᠳᠤ ᠭᠠᠪᠢᠶᠠᠷᠬᠠᠵᠤ ᠮᠠᠳᠠᠨ᠎ᠠ

ᠳᠠᠪᠠᠭ ᠳᠦᠭᠦᠷᠡᠩ ᠳᠠᠯᠪᠢᠳᠠᠭ ᠳᠠᠷᠠᠭ ᠴᠠᠭ᠎ᠠ ᠠᠮᠳᠠ ᠳᠠᠰᠤᠷᠠᠨ᠎ᠠ

ᠳᠠᠯ᠎ᠠ ᠴᠠᠢ᠌ᠷᠠᠳᠠᠯ᠎ᠠ ᠪᠠᠯᠴᠢᠳᠡᠭ᠌ ᠳᠠᠷᠭᠤᠨ ᠰᠥᠷᠦᠭ᠌ ᠥᠩᠭᠡ ᠠᠯᠳᠠᠨ᠎ᠠ

ᠪᠣᠯᠪᠠᠰᠤᠨ ᠰᠠᠢ᠌ᠬᠠᠨ ᠮᠤᠩᠭ᠋ᠤᠯ ᠬᠤᠷᠢᠮ ᠠᠷᠢᠭᠢᠨ ᠳᠤ ᠢᠯᠵᠠᠷᠠᠨ᠎ᠠ

ᠪᠣᠷᠤᠭᠵᠢᠭᠤᠨ ᠴᠡᠪᠠᠷᠭᠡᠨ ᠮᠤᠩᠭ᠋ᠤᠯ ᠵᠠᠰᠠᠯ ᠴᠤ ᠭᠦᠮᠤᠨ ᠳᠤ ᠭᠤᠯᠤᠭᠳᠠᠨ᠎ᠠ

ᠡᠴᠢᠭᠡ ᠭᠦᠮᠤᠨ ᠤ ᠬᠠᠢ᠌ᠷ᠎ᠠ ᠰᠢᠭ ᠬᠠᠯᠠᠭᠤᠨ ᠰᠠᠨᠠᠭᠳᠠᠳᠠᠭ

ᠳᠡᠯᠢᠭᠦᠨ ᠪᠣᠯᠳᠤᠭ ᠤᠨ ᠰᠢᠷᠤᠢ ᠭᠤᠤᠯ ᠡᠴᠡ ᠪᠠᠨ ᠴᠠᠷᠴᠠᠬᠤ ᠶᠤᠮ

ᠡᠭᠡ ᠭᠦᠮᠤᠨ ᠤ ᠰᠠᠤᠠᠭᠢᠯ ᠰᠢᠭ ᠴᠠᠢ᠌ᠯᠭᠠᠨ ᠪᠣᠳᠤᠭᠳᠠᠳᠠᠭ

ᠣᠨᠤᠨ ᠮᠦᠷᠠᠨ ᠤ ᠣᠰᠤ ᠴᠤ ᠡᠭᠢ ᠡᠴᠡ ᠪᠠᠨ ᠰᠢᠷᠭᠡᠭᠦ ᠶᠤᠮ

ᠭᠠᠵᠠᠷ ᠨᠤᠳᠤᠭ ᠶᠢᠡᠨ ᠬᠠᠮᠠᠭᠠᠯᠠᠭᠰᠠᠨ ᠭᠠᠳᠠ ᠮᠠᠢ᠌ᠷᠠᠨ ᠤ ᠶᠠᠰᠤ

ᠠᠮᠤᠷ ᠭᠡᠪᠳᠡᠭᠦ ᠦᠭᠡᠶ ᠥᠡᠳᠡᠯᠵᠡᠭᠦ ᠪᠠᠢ᠌ᠬ᠎ᠠ ᠡ︕

ᠭᠠᠢ᠌ᠳᠠᠵᠤ ᠡ᠊ᠨᠳᠡᠭ᠍ᠰᠡᠨ ᠮᠤᠩᠭ᠋ᠤᠯ ᠡᠷᠡᠴᠦᠳ ᠤᠨ ᠰᠦᠨᠠᠰᠤ

ᠨᠤᠳᠤᠭ ᠶᠢᠡᠨ ᠬᠠᠢ᠌ᠭᠠᠤᠨ ᠳᠦᠭᠡᠷᠡᠭᠦ ᠪᠠᠢ᠌ᠬ᠎ᠠ ᠡ︕

ᠭᠡᠷᠪᠡ ᠡᠭᠡ ᠭᠡᠯᠡ ᠪᠠᠨ ᠠᠯᠳᠠᠪᠠᠯ ᠁

ᠳᠡᠭ᠍ᠷᠢ ᠡᠴᠡ ᠬᠤᠯᠪᠣᠭ᠎ᠠ ᠲᠡᠶ ᠳᠡᠭ᠍ᠷᠢᠯᠢᠭ᠌ ᠵᠠᠶᠠᠭ᠎ᠠ

ᠪᠣᠶᠠᠨ ᠶᠢᠡᠨ ᠪᠠᠷᠠᠵᠤ ᠬᠤᠭᠤᠰᠤᠷᠬᠤ ᠶᠤᠮ

ᠳᠡᠭᠡᠳᠦᠰ ᠡᠴᠡ ᠭᠡᠯᠭᠢᠶ᠎ᠡ ᠲᠡᠶ ᠮᠥᠩᠭᠡ ᠰᠠᠨᠠᠭ᠎ᠠ ᠴᠤ

ᠪᠣᠰᠨᠢᠨ ᠪᠠᠢ᠌ᠵᠤ ᠪᠣᠳᠠᠷᠠᠬᠤ ᠶᠤᠮ

ᠠᠤᠠᠬᠤ ᠳᠦᠭᠦᠷᠡᠭᠦ ᠦᠭᠡᠶ ᠴᠢᠠᠳᠠᠷ᠎ᠠ ᠪᠠᠨ ᠰᠠᠴᠤᠬᠤ

ᠠᠪᠣ ᠶᠢᠨ ᠡᠷᠡᠭᠦᠯ ᠨᠤᠳᠤᠭ ᠦᠭᠡᠶ ᠭᠠᠴᠢᠭᠳᠠᠬᠤ ᠶᠤᠮ

ᠠᠯᠳᠠᠨ ᠣᠬᠠᠭᠠᠨ ᠤ ᠲᠦᠷᠦᠳᠠᠰᠤ ᠪᠣᠯᠬᠤ

ᠠᠮᠢᠳᠤ ᠵᠤᠭᠰᠤᠭ᠎ᠠ ᠪᠢᠴᠢᠭ᠌ ᠦᠭᠡᠶ ᠶᠠᠪᠠᠭᠠᠷᠠᠬᠤ ᠶᠤᠮ

ᠡᠭᠡ ᠭᠡᠯᠡ ᠪᠠᠨ ᠪᠦᠤ ᠠᠯᠳᠠᠭᠠᠴᠢ

ᠡᠯᠢᠭᠡ ᠵᠢᠷᠦᠭᠡ ᠶᠢ ᠮᠢᠨᠢ ᠪᠢᠳᠡᠭᠡᠢ ᠵᠥᠰᠦᠭᠡᠴᠢ

ᠡᠯᠢᠭᠡᠨ ᠬᠠᠢ᠌ᠷᠠᠳᠤ ᠮᠤᠩᠭ᠋ᠤᠯᠴᠤᠳ ᠮᠢᠨᠢ ᠡ︕

ᠵᠤᠬᠢᠶᠠᠭᠴᠢ᠄ ᠯ·ᠣᠳᠤᠨ
ᠬᠠᠷᠢᠶ᠎ᠠ᠄ ᠰᠢᠯᠦᠭ
ᠳᠠᠷᠤᠮ᠄ 3463
ᠴᠠᠭ᠄ 2006 ᠤᠨ ᠤ 10 ᠰᠠᠷ᠎ᠠ ᠶᠢᠨ 01