ᠪᠠᠭᠰᠢ ᠨᠡᠷ ᠲᠡᠶ ᠪᠠᠨ ᠪᠠᠭᠡᠵᠢᠩ ᠳᠤ ᠣᠴᠢᠵᠤ ᠰᠤᠷᠤᠯᠴᠠᠯ᠎ᠠ

2011.10.20 ᠊᠊᠊᠊᠊᠊᠊᠊᠊᠊᠊᠊᠊᠊᠊ 24 ᠪᠣᠯᠳᠠᠯ᠎ᠠ᠂ ᠮᠢᠨᠤ ᠪᠠᠶ᠎ᠠ᠂ ᠰᠤᠷᠭᠠᠭᠤᠯᠢ ᠶᠢᠨ ᠳᠤᠭᠢᠷᠠᠭᠤᠯᠭ᠎ᠠ ᠪᠠᠷ᠂ ᠮᠠᠨ ᠤ ᠰᠤᠷᠭᠠᠭᠤᠯᠢ ᠶᠢᠨ ᠮᠤᠩᠭ᠋ᠤᠯ ᠭᠡᠯᠡ ᠨᠠᠮᠠᠵᠤ ᠰᠤᠷᠬᠤ ᠠᠩᠭᠢ ᠶᠢᠨ ᠳᠤᠭᠠᠨ ᠤ ᠣᠬᠠᠭᠠᠨ ᠤ ᠵᠢᠭᠠᠨ ᠰᠤᠳᠤᠯᠬᠤ ᠳᠤᠭᠣᠢ᠌ᠯᠠᠩ ᠤᠨ ᠰᠡᠢ᠌ᠡᠴᠡᠴᠡᠭ᠌᠂ ᠰᠤᠷᠤᠨ᠎ᠠ᠂ ᠡᠷᠳᠡᠨᠢᠳᠡᠨ᠎ᠡ᠂ ᠳ᠋ᠢᠩ ᠱᠥᠸᠧ ᠶ‍ᠢᠩ᠂ ᠰᠢ ᠴᠢᠤᠸᠠᠨ ᠵᠡᠷᠭᠡ ᠳᠠᠪᠤᠨ ᠪᠠᠭᠰᠢ ᠶᠢ ᠳᠠᠭᠠᠭᠤᠯᠵᠤ᠂ ᠪᠠᠭᠡᠵᠢᠩ ᠳᠤ ᠣᠴᠢᠵᠤ᠂ ᠪᠠᠭᠡᠵᠢᠩ ᠬᠤᠳᠠ ᠶᠢᠨ ᠰᠢᠨ᠎ᠡ ᠬᠤᠩ ᠷᠦ᠋ ᠵᠢᠭᠠᠬᠤ ᠪᠢᠴᠢᠭ᠌ ᠵᠢᠭᠠᠬᠤ ᠠᠷᠭᠠᠵᠢᠯ ᠰᠤᠳᠤᠯᠬᠤ ᠭᠠᠵᠠᠷ ᠡᠴᠡ ᠵᠤᠬᠢᠶᠠᠨ ᠪᠠᠢ᠌ᠭᠤᠯᠤᠭᠰᠠᠨ 《ᠵᠢᠭᠠᠬᠤ ᠮᠠᠲ᠋ᠷᠢᠶᠠᠯ ᠢ ᠭᠦᠡᠵᠡᠭᠡᠢ ᠰᠤᠳᠤᠯᠵᠤ᠂ ᠵᠢᠭᠠᠨ ᠰᠤᠷᠭᠠᠯᠳᠠ ᠶᠢᠨ ᠦᠷ᠎ᠡ ᠠᠰᠢᠭ ᠢ ᠦᠣᠠᠳᠠᠷ ᠳᠡᠭᠡᠭ᠍ᠰᠢᠯᠡᠭᠦᠯᠭᠦ》 ᠭᠡᠭᠦ ᠳᠤᠰᠬᠠᠢ ᠰᠠᠳᠤᠪᠳᠤ 《ᠪᠦᠭᠦ ᠣᠯᠤᠰ ᠤᠨ ᠪᠠᠭ᠎ᠠ ᠰᠤᠷᠭᠠᠭᠤᠯᠢ ᠶᠢᠨ ᠳᠤᠭᠠᠨ ᠤ ᠣᠬᠠᠭᠠᠨ ᠤ ᠨᠡᠭᠡᠭᠡᠯᠳᠡ ᠶᠢᠨ ᠭᠢᠴᠢᠶᠡᠯᠯᠡᠭᠡ ᠵᠢᠴᠢ ᠰᠤᠳᠤᠯᠤᠨ ᠶᠠᠷᠢᠯᠴᠠᠬᠤ ᠬᠤᠷᠠᠯ》 ᠳ᠋ᠤ ᠣᠷᠤᠯᠴᠠᠯ᠎ᠠ᠃

ᠲ᠋ᠤᠰ ᠨᠡᠭᠡᠭᠡᠯᠳᠡ ᠶᠢᠨ ᠭᠢᠴᠢᠶᠡᠯᠯᠡᠭᠡ ᠵᠢᠴᠢ ᠰᠤᠳᠤᠯᠤᠨ ᠶᠠᠷᠢᠯᠴᠠᠬᠤ ᠬᠤᠷᠠᠯ ᠨᠢ᠂ ᠪᠠᠭᠡᠵᠢᠩ ᠬᠤᠳᠠ ᠶᠢᠨ ᠵᠢᠩ ᠱᠠᠨ ᠰᠤᠷᠭᠠᠭᠤᠯᠢ (ᠠᠭᠤᠤ ᠭᠦᠮᠤᠨ ᠳ᠋ᠸᠠᠩ ᠰᠢᠶᠤᠤ ᠫᠢᠩ ᠤᠨ 《ᠰᠤᠷᠭᠠᠨ ᠭᠦᠮᠦᠵᠢᠯ ᠢ ᠭᠤᠷᠪᠠ ᠳᠤ ᠴᠢᠭᠯᠡᠭᠦᠯᠭᠦ》 ᠭᠡᠭᠦ ᠪᠢᠴᠢᠭᠡᠰᠤ ᠪᠢᠴᠢᠵᠤ ᠦᠭ‍ᠭᠦᠭ᠍ᠰᠡᠨ ᠰᠤᠷᠭᠠᠭᠤᠯᠢ) ᠶ᠋ᠢᠨ ᠬᠤᠪᠢᠶᠠᠷᠢ ᠰᠤᠷᠭᠠᠭᠤᠯᠢ ᠳᠤ ᠶᠠᠪᠣᠭᠳᠠᠵᠤ᠂ ᠪᠠᠭᠡᠵᠢᠩ ᠬᠤᠳᠠ ᠶᠢᠨ ᠵᠸᠤ ᠳ᠋ᠦ᠋ᠩ ᠮᠸᠢ᠂ ᠯᠢ ᠵᠢ᠌ ᠳ᠋ᠦ᠋ᠩ᠂ ᠵᠠᠩ ᠶᠦᠩ᠂ ᠢᠤᠢ ᠫᠢᠩ᠂ ᠰᠢᠤᠢ ᠱᠤ ᠡᠢ᠂ ᠳᠢᠶᠠᠨ ᠯᠢ ᠯᠢ᠂ ᠦᠪᠣᠷ ᠮᠤᠩᠭ᠋ᠤᠯ ᠤᠨ ᠯᠤ ᠮᠢᠩ ᠶ‍ᠧ ᠵᠡᠷᠭᠡ ᠮᠤᠵᠢ ᠣᠷᠤᠨ᠂ ᠬᠤᠳᠠ᠂ ᠶᠠᠮᠤᠨ ᠤ ᠳᠠᠰ ᠤᠨ ᠰᠢᠯᠢᠳᠡᠭ᠌ ᠪᠠᠭᠰᠢ᠂ ᠭᠤᠤᠯᠯᠠᠭᠴᠢ ᠭᠢᠴᠢᠶᠡᠯᠯᠡᠭ᠍ᠴᠢ ᠨᠡᠷ᠂ ᠵᠢᠴᠢ ᠪᠠᠭᠡᠵᠢᠩ ᠬᠤᠳᠠ ᠶᠢᠨ ᠨᠢᠭᠡᠳᠦᠭᠡᠷ ᠪᠠᠭᠰᠢ ᠶᠢᠨ ᠰᠤᠷᠭᠠᠭᠤᠯᠢ ᠶᠢᠨ ᠬᠠᠷᠢᠶᠠᠳᠤ ᠪᠠᠭ᠎ᠠ ᠰᠤᠷᠭᠠᠭᠤᠯᠢ ᠶᠢᠨ ᠵᠤ ᠪᠠᠭᠰᠢ᠂ ᠬᠠᠨ ᠡᠷᠭᠢᠯᠡᠭ᠍ᠴᠢ ᠵᠡᠷᠭᠡ ᠪᠠᠭᠰᠢ ᠨᠡᠷ ᠡᠴᠡ ᠨᠡᠭᠡᠭᠡᠯᠳᠡ ᠶᠢᠨ ᠭᠢᠴᠢᠶᠡᠯᠯᠡᠭᠡ ᠪᠣᠶᠤ ᠶᠠᠷᠢᠶ᠎ᠠ ᠳᠠᠢ᠌ᠯᠤᠨ ᠭᠢᠪᠠ᠃ ᠪᠦᠭᠦ ᠣᠯᠤᠰ ᠤᠨ ᠡᠯ᠎ᠡ ᠭᠠᠵᠠᠷ ᠡᠴᠡ ᠭᠦᠷᠦᠯᠴᠡᠨ ᠢᠷᠡᠭ᠍ᠰᠡᠨ ᠭᠤᠷᠪᠠᠨ ᠵᠠᠭᠤ ᠰᠢᠬᠠᠮ ᠪᠠᠭᠰᠢ ᠨᠡᠷ ᠪᠣᠶᠤ ᠵᠢᠭᠠᠬᠤ ᠶᠢ ᠰᠤᠳᠤᠯᠤᠭᠴᠢᠳ ᠨᠡᠭᠡᠭᠡᠯᠳᠡ ᠶᠢᠨ ᠭᠢᠴᠢᠶᠡᠯᠯᠡᠭᠡ ᠵᠢᠴᠢ ᠶᠠᠷᠢᠶ᠎ᠠ ᠳᠠᠢ᠌ᠯᠤᠨ ᠢ ᠨᠢ ᠰᠤᠨᠤᠰᠴᠠᠭᠠᠪᠠ᠃

ᠲ᠋ᠤᠰ ᠣᠳᠠᠭ᠎ᠠ ᠶᠢᠨ ᠨᠡᠭᠡᠭᠡᠯᠳᠡ ᠶᠢᠨ ᠭᠢᠴᠢᠶᠡᠯᠯᠡᠭᠡ ᠵᠢᠴᠢ ᠰᠤᠳᠤᠯᠤᠨ ᠶᠠᠷᠢᠯᠴᠠᠬᠤ ᠬᠤᠷᠠᠯ ᠨᠢ ᠨᠡᠭᠡᠭᠡᠯᠳᠡ ᠶᠢᠨ ᠭᠢᠴᠢᠶᠠᠯ ᠣᠷᠤᠬᠤ᠂ ᠶᠠᠷᠢᠶ᠎ᠠ ᠳᠠᠢ᠌ᠯᠤᠨ ᠭᠢᠭᠦ ᠭᠡᠭᠦ ᠭᠡᠯᠪᠠᠷᠢ ᠪᠠᠷ ᠶᠠᠪᠣᠭᠳᠠᠪᠠ᠃

ᠥᠩᠭᠡᠷᠡᠭ᠍ᠰᠡᠨ ᠲᠡᠶ ᠠᠳᠠᠯᠢ ᠦᠭᠡᠶ ᠨᠢ ᠭᠡᠪᠠᠯ᠂ ᠥᠩᠭᠡᠷᠡᠭ᠍ᠰᠡᠨ ᠳᠤ ᠨᠡᠭᠡᠭᠡᠯᠳᠡ ᠶᠢᠨ ᠭᠢᠴᠢᠶᠠᠯ ᠣᠷᠤᠬᠤ ᠪᠠ ᠶᠠᠷᠢᠶ᠎ᠠ ᠳᠠᠢ᠌ᠯᠤᠨ ᠭᠢᠭᠦ ᠶᠢ ᠰᠠᠯᠭᠠᠵᠤ ᠶᠠᠪᠣᠭᠳᠠᠭᠤᠯᠳᠠᠭ᠃ ᠳᠠᠷᠤᠢ ᠨᠡᠭᠡᠭᠡᠯᠳᠡ ᠶᠢᠨ ᠭᠢᠴᠢᠶᠠᠯ ᠣᠷᠤᠬᠤ ᠭᠡᠪᠠᠯ ᠨᠡᠭᠡᠭᠡᠯᠳᠡ ᠶᠢᠨ ᠭᠢᠴᠢᠶᠠᠯ ᠣᠷᠤᠬᠤ᠂ ᠶᠠᠷᠢᠶ᠎ᠠ ᠳᠠᠢ᠌ᠯᠤᠨ ᠭᠢᠭᠦ ᠭᠡᠪᠠᠯ ᠶᠠᠷᠢᠶ᠎ᠠ ᠳᠠᠢ᠌ᠯᠤᠨ ᠭᠢᠭᠦ᠃ ᠬᠤᠶᠠᠭᠤᠯᠠ ᠶᠢ ᠨᠢᠭᠡᠯᠡ ᠳᠤᠤᠷ᠎ᠠ ᠶᠠᠪᠣᠭᠳᠠᠭᠤᠯᠳᠠᠭ ᠦᠭᠡᠶ᠃ ᠳᠠᠷᠠᠴᠢᠯᠠᠨ ᠭᠡᠨ ᠨᠡᠭᠡᠭᠡᠯᠳᠡ ᠶᠢᠨ ᠭᠢᠴᠢᠶᠠᠯ ᠣᠷᠤᠪᠠᠯ᠂ ᠨᠡᠭᠡᠭᠡᠯᠳᠡ ᠶᠢᠨ ᠬᠢᠴᠶᠠᠯ ᠶᠢᠡᠨ ᠯᠠ ᠣᠷᠤᠨ᠎ᠠ᠂ ᠶᠠᠷᠢᠶ᠎ᠠ ᠳᠠᠢ᠌ᠯᠤᠨ ᠭᠢᠭᠦ ᠦᠭᠡᠶ᠃ ᠭᠡᠨ ᠶᠠᠷᠢᠶ᠎ᠠ ᠳᠠᠢ᠌ᠯᠤᠨ ᠭᠢᠪᠠᠯ᠂ ᠨᠡᠭᠡᠭᠡᠯᠳᠡ ᠶᠢᠨ ᠭᠢᠴᠢᠶᠠᠯ ᠣᠷᠤᠳᠠᠭ ᠦᠭᠡᠶ᠃ ᠡᠨᠡ ᠣᠳᠠᠭ᠎ᠠ ᠡᠨᠡ ᠬᠤᠶᠠᠷ ᠢ ᠨᠢᠭᠡᠳᠭᠡᠪᠡ᠃ ᠨᠡᠭᠡᠭᠡᠯᠳᠡ ᠶᠢᠨ ᠭᠢᠴᠢᠶᠠᠯ ᠭᠢᠭᠦ ᠪᠠ ᠶᠠᠷᠢᠶ᠎ᠠ ᠳᠠᠢ᠌ᠯᠤᠨ ᠭᠢᠭᠦ ᠶᠢ ᠨᠢᠭᠡᠯᠡ ᠭᠦᠮᠤᠨ ᠳᠤ ᠳᠠᠭᠠᠭᠠᠯᠭᠠᠪᠠ᠃ ᠳᠠᠷᠤᠢ ᠨᠡᠭᠡᠭᠡᠯᠳᠡ ᠶᠢᠨ ᠭᠢᠴᠢᠶᠠᠯ ᠣᠷᠤᠭᠰᠠᠨ ᠭᠦᠮᠤᠨ ᠨᠢ ᠨᠡᠭᠡᠭᠡᠯᠳᠡ ᠶᠢᠨ ᠭᠢᠴᠢᠶᠠᠯ ᠶᠢᠡᠨ ᠣᠷᠤᠵᠤ ᠪᠠᠷᠠᠪᠠᠯ᠂ ᠡᠨᠡ ᠴᠠᠭ ᠤᠨ ᠭᠢᠴᠢᠶᠠᠯ ᠤᠨ ᠳᠤᠬᠠᠢ 《ᠭᠢᠴᠢᠶᠠᠯ ᠶᠠᠷᠢᠬᠤ》 ᠮᠦᠷᠳᠡᠭᠡᠨ ᠡᠭᠦᠨ ᠶᠢᠡᠨ ᠪᠠᠷᠠᠪᠠᠯ᠂ ᠡᠨᠡ ᠭᠢᠴᠢᠶᠡᠯᠯᠡᠭᠡ ᠪᠣᠶᠤ ᠪᠣᠰᠤᠳ ᠵᠣᠢ᠌ᠯᠠᠰ ᠤᠨ ᠳᠤᠬᠠᠢ ᠊᠊᠊᠊᠊᠊᠊᠊᠊᠊᠊᠊᠊᠊᠊ ᠰᠤᠷᠭᠠᠨ ᠭᠦᠮᠦᠵᠢᠯ ᠤᠨ ᠠᠵᠢᠯ᠂ ᠵᠢᠴᠢ ᠵᠢᠭᠠᠨ ᠰᠤᠷᠭᠠᠯᠳᠠ ᠶᠢᠨ ᠥᠭᠡᠷᠡᠴᠢᠯᠡᠯᠳᠡ᠂ ᠰᠢᠨᠠᠴᠢᠯᠠᠯᠳᠠ᠂ ᠨᠡᠭᠡᠭᠡᠯᠳᠡ ᠶᠢᠨ ᠳᠤᠬᠠᠢ ᠶᠠᠷᠢᠶ᠎ᠠ ᠳᠠᠢ᠌ᠯᠤᠨ ᠭᠢᠭᠦ᠃ ᠢᠩᠭᠢᠵᠤ ᠳᠤᠭᠢᠷᠠᠭᠤᠯᠤᠭᠰᠠᠨ ᠨᠢ᠂ ᠥᠩᠭᠡᠷᠡᠭ᠍ᠰᠡᠨ ᠶᠢᠡᠨ ᠪᠣᠳᠤᠪᠠᠯ᠂ ᠥᠭᠡᠷᠡᠴᠢᠯᠡᠯᠳᠡ ᠲᠡᠶ᠂ ᠰᠢᠨᠠᠴᠢᠯᠠᠯᠳᠠ ᠲᠡᠶ ᠮᠦᠷᠳᠡᠭᠡᠨ ᠰᠢᠨ᠎ᠠ ᠰᠡᠪᠠᠭᠦᠨ᠂ ᠴᠠᠭ ᠦᠶ᠎ᠡ ᠶᠢᠨ ᠱᠠᠭᠠᠷᠳᠠᠯᠭ᠎ᠠ᠂ ᠭᠦᠰᠡᠯ ᠳᠤ ᠨᠡᠢ᠌ᠴᠡᠭ᠍ᠰᠡᠨ ᠠᠵᠢᠯᠯᠠᠭ᠎ᠠ ᠪᠣᠯᠵᠤ ᠴᠢᠳᠠᠪᠠ᠃ ᠨᠡᠭᠡᠭᠡᠯᠳᠡ ᠶᠢᠨ ᠭᠢᠴᠢᠶᠡᠯᠯᠡᠭᠡ ᠭᠢᠵᠤ ᠪᠠᠢ᠌ᠭ᠎ᠠ ᠪᠠᠭᠰᠢ ᠶᠢᠨ ᠣᠷ᠎ᠠ ᠠᠪᠢᠶᠠᠰ᠂ ᠵᠢᠭᠠᠬᠤ ᠴᠢᠳᠠᠪᠣᠷᠢ ᠶᠢ ᠴᠤ ᠪᠦᠷᠢᠨ ᠢᠯᠡᠷᠡᠭᠦᠯᠵᠤ ᠴᠢᠳᠠᠪᠠ᠃ ᠪᠦᠭᠦᠢᠯᠡ ᠴᠤᠭᠴᠠ ᠶᠢᠨ ᠶᠠᠭᠤᠮ᠎ᠠ (ᠠᠭᠤᠯᠭ᠎ᠠ) ᠶ᠋ᠢ ᠪᠦᠭᠦᠳᠡ ᠳᠤ ᠥᠵᠡᠭᠦᠯᠵᠤ ᠴᠢᠳᠠᠪᠠ᠃

ᠮᠠᠨ ᠤ ᠭᠢᠨ ᠪᠠᠰᠠ ᠡᠨᠡ ᠠᠷᠭ᠎ᠠ ᠭᠡᠯᠪᠠᠷᠢ ᠶᠢ ᠰᠤᠷᠴᠤ ᠪᠣᠯᠤᠨ᠎ᠠ᠃

ᠲ᠋ᠤᠭᠠᠨ ᠤ ᠣᠬᠠᠭᠠᠨ ᠤ ᠵᠢᠭᠠᠨ ᠰᠤᠷᠭᠠᠯᠳᠠ ᠶᠢᠨ ᠠᠵᠢᠯ ᠪᠣᠯ ᠰᠤᠳᠤᠯᠤᠭᠤᠰᠢᠳᠠᠢ ᠠᠵᠢᠯ᠃ ᠰᠤᠷᠭᠠᠭᠤᠯᠢ ᠶᠢᠨ ᠵᠢᠭᠠᠨ ᠰᠤᠷᠭᠠᠯᠳᠠ ᠶᠢᠨ ᠪᠦᠭᠦᠢᠯᠡ ᠠᠵᠢᠯ ᠳᠤ ᠭᠤᠤᠯᠯᠠᠬᠤ ᠠᠵᠢᠯ᠃ ᠣᠠᠴᠠᠭᠠᠢ᠌ᠯᠠᠨ ᠮᠠᠨ ᠤ ᠮᠤᠩᠭ᠋ᠤᠯ ᠶᠢᠡᠷ ᠭᠢᠴᠢᠶᠠᠯᠯᠠᠵᠤ ᠪᠠᠢ᠌ᠭ᠎ᠠ ᠪᠠᠭ᠎ᠠ ᠰᠤᠷᠭᠠᠭᠤᠯᠢ ᠶᠢᠨ ᠳᠤᠭᠠᠨ ᠤ ᠣᠬᠠᠭᠠᠨ ᠤ ᠵᠢᠭᠠᠨ ᠰᠤᠷᠭᠠᠯᠳᠠ ᠶᠢᠨ ᠠᠵᠢᠯ ᠪᠣᠯ ᠴᠢᠬᠤᠯᠠ ᠠᠵᠢᠯ᠂ ᠰᠤᠳᠤᠯᠤᠭᠤᠰᠢᠳᠠᠢ ᠠᠵᠢᠯ᠃ ᠰᠤᠯᠠᠷᠠᠰᠢ ᠦᠭᠡᠶ ᠪᠠᠷ ᠴᠢᠩᠭ᠎ᠠ ᠡᠴᠡ ᠴᠢᠩᠭ᠎ᠠ ᠠᠳᠬᠤᠭᠤᠰᠢᠳᠠᠢ ᠠᠵᠢᠯ᠃ ᠮᠠᠨ ᠤ ᠭᠢᠨ ᠤ ᠪᠠᠭ᠎ᠠ ᠰᠤᠷᠭᠠᠭᠤᠯᠢ ᠶᠢᠨ ᠳᠤᠭᠠᠨ ᠤ ᠣᠬᠠᠭᠠᠨ ᠤ ᠵᠢᠭᠠᠨ ᠰᠤᠷᠭᠠᠯᠳᠠ ᠶᠢᠨ ᠠᠵᠢᠯ ᠣᠳᠤᠬᠠᠨ ᠳᠠᠭᠠᠨ ᠪᠣᠯ ᠳᠠᠮᠠᠢ ᠣᠠᠴᠠᠭᠠᠢ ᠭᠦᠭ᠍ᠵᠢᠯᠳᠡ᠂ ᠳᠠᠪᠰᠢᠯᠳᠠ᠂ ᠥᠭᠡᠷᠡᠴᠢᠯᠡᠯᠳᠡ ᠦᠭᠡᠶ᠃ ᠭᠦᠮᠤᠨ ᠢ ᠬᠠᠠᠷᠭᠰᠠᠨ (ᠭᠢᠳᠠᠤᠨ ᠶᠢᠡᠷ ᠭᠢᠴᠢᠶᠡᠯᠯᠡᠭᠦ ᠶᠢ ᠪᠠᠷᠠᠯᠠᠭᠰᠠᠨ) ᠪᠠᠢ᠌ᠳᠠᠯ ᠳᠠᠭᠠᠨ ᠪᠠᠢ᠌ᠭᠰᠠᠭᠠᠷ᠂ ᠵᠤᠭᠰᠤᠩᠭ᠋ᠣᠢ᠌ᠷᠠᠬᠤ ᠱᠠᠳᠤᠨ ᠳᠠᠭᠠᠨ ᠣᠷᠤᠰᠢᠭᠰᠠᠭᠠᠷ᠃ ᠡᠨᠡ ᠵᠤᠭᠢᠬᠤ ᠦᠭᠡᠶ᠃

ᠪᠢᠳᠠ ᠥᠭᠡᠷᠡᠴᠢᠯᠡᠯᠳᠡ᠂ ᠰᠢᠨᠠᠴᠢᠯᠠᠯᠳᠠ ᠶᠢ ᠵᠤᠷᠢᠭᠳᠠᠢ ᠭᠢᠵᠤ ᠦᠪᠡᠷ ᠤᠨ ᠭᠡᠰᠡᠨ ᠵᠠᠮ ᠶᠢᠡᠷ ᠶᠢᠡᠨ ᠶᠠᠪᠣᠬᠤ ᠭᠡᠷᠡᠭ᠍ᠳᠡᠢ᠃ ᠦᠷᠦᠭᠡᠯ ᠪᠣᠰᠤᠳ ᠢ ᠬᠠᠷᠠᠵᠤ ᠪᠣᠷᠪᠢᠳᠠᠨ ᠳᠠᠭᠠᠵᠤ ᠶᠠᠭᠠᠭᠢᠭᠰᠠᠨ ᠴᠤ ᠪᠣᠯᠬᠤ ᠦᠭᠡᠶ᠂ ᠦᠷᠦᠭᠡᠯ ᠢ ᠬᠠᠷᠠᠵᠤ ᠪᠣᠷᠪᠢᠳᠠᠨ ᠳᠠᠭᠠᠬᠤ ᠪᠣᠯ ᠥᠭᠡᠳᠡᠯᠡᠯ ᠳᠠᠪᠰᠢᠯ ᠤᠨ ᠵᠠᠮ᠂ ᠠᠷᠭ᠎ᠠ ᠪᠢᠰᠢ᠃ ᠥᠭᠡᠷ᠎ᠡ ᠳᠠᠰᠢ ᠪᠠᠨ ᠶᠠᠪᠣᠬᠤ ᠪᠣᠶᠤ ᠦᠪᠡᠷ ᠢ ᠪᠠᠨ ᠣᠳᠠᠭᠠᠰᠢᠷᠠᠭᠤᠯᠬᠤ᠂ ᠦᠪᠡᠷ ᠤᠨ ᠭᠦᠭ᠍ᠵᠢᠯᠳᠡ ᠶᠢᠨ ᠵᠠᠮ ᠮᠦᠷ ᠶᠢᠡᠨ ᠬᠠᠭᠠᠭᠳᠠᠭᠤᠯᠬᠤ ᠵᠠᠮ᠃ ᠥᠭᠡᠷᠡᠴᠢᠯᠡᠯᠳᠡ ᠰᠢᠨᠠᠴᠢᠯᠠᠯᠳᠠ ᠶᠢ ᠰᠠᠢ᠌ᠳᠤᠷ ᠭᠢᠶ᠎ᠠ ᠭᠡᠪᠠᠯ᠂ ᠦᠪᠡᠷ ᠪᠣᠰᠤᠳ ᠢ ᠰᠠᠢ᠌ᠳᠤᠷ ᠰᠤᠳᠤᠯᠬᠤ ᠭᠡᠷᠡᠭ᠍ᠳᠡᠢ᠃ ᠡᠨᠡ ᠰᠠᠭᠤᠷᠢ ᠳᠡᠭᠡᠷ᠎ᠡ᠂ ᠦᠪᠡᠷ ᠤᠨ ᠪᠣᠶᠤ ᠪᠣᠰᠤᠳ ᠤᠨ ᠵᠦᠷᠢᠶ᠎ᠠ ᠢᠯᠭᠠᠭ᠎ᠠ ᠶᠢ ᠡᠷᠢᠨ ᠭᠠᠷᠠᠭᠠᠬᠤ᠃ ᠡᠨᠡ ᠪᠣᠯ ᠰᠠ‍‌ᠶᠢ ᠮᠠᠨ ᠤ ᠭᠦᠭ᠍ᠵᠢᠯᠳᠡ᠂ ᠳᠠᠪᠰᠢᠯᠳᠠ ᠶᠢᠨ ᠵᠠᠮ᠃

ᠪᠣᠰᠤᠳ ᠤᠨ ᠰᠠᠢ᠌ᠠᠳᠠᠢ ᠳᠠᠯ᠎ᠠ ᠶᠢ ᠨᠢ ᠢᠯᠡᠭᠦᠤ ᠰᠤᠳᠤᠯᠤᠨ ᠰᠤᠷᠴᠤ ᠦᠪᠡᠷ ᠤᠨ ᠪᠣᠯᠭᠠᠵᠤ᠂ ᠰᠢᠭᠠᠷᠤ ᠊᠊᠊᠊᠊᠊᠊᠊᠊᠊᠊᠊᠊᠊᠊ ᠭᠦᠷᠦᠯᠴᠡᠭᠦ ᠦᠭᠡᠶ ᠵᠣᠢ᠌ᠯᠠᠰ ᠢ ᠨᠢ ᠱᠠᠯᠠᠪᠳᠠᠨ ᠴᠠᠪᠠᠷᠯᠠᠨ ᠵᠠᠢ᠌ᠯᠠᠭᠤᠯᠬᠤ ᠪᠣᠯ ᠮᠠᠨ ᠤ ᠰᠤᠳᠤᠯᠭᠠᠨ ᠤ ᠠᠷᠭ᠎ᠠ᠂ ᠵᠠᠮ᠃ ᠮᠠᠨ ᠤ ᠰᠤᠷᠭᠠᠭᠤᠯᠢ ᠶᠢᠨ ᠣᠯᠠᠨ ᠣᠳᠠᠭ᠎ᠠ ᠪᠠᠭᠰᠢ ᠨᠡᠷ ᠶᠢᠡᠨ ᠭᠠᠳᠠᠭᠰᠢ ᠳᠠᠭᠠᠭᠤᠯᠵᠤ ᠰᠤᠷᠤᠯᠴᠠᠭᠤᠯᠳᠠᠭ ᠤᠨ ᠢᠯᠠ ᠵᠤᠷ (ᠨᠢᠭᠤᠴᠠ ᠪᠢᠰᠢ)᠃ ᠡᠨᠡ ᠣᠳᠠᠭ᠎ᠠ ᠶᠢᠨ ᠪᠠᠭᠡᠵᠢᠩ ᠳᠤ ᠣᠴᠢᠵᠤ ᠰᠤᠷᠤᠯᠴᠠᠭᠤᠯᠤᠭᠰᠠᠨ ᠤ ᠵᠤᠷᠢᠯᠭ᠎ᠠ ᠴᠤ ᠮᠦᠨ ᠡᠢ᠌ᠮᠤ ︕ ᠪᠢᠳᠠ ᠡᠢ᠌ᠮᠦᠷᠭᠦ ᠰᠤᠷᠤᠯᠴᠠᠬᠤ᠂ ᠰᠤᠳᠤᠯᠬᠤ ᠠᠷᠭ᠎ᠠ ᠪᠠᠨ ᠦᠷᠭᠦᠯᠵᠢᠯᠡᠨ ᠪᠠᠷᠢᠮᠳᠠᠯᠠᠨ᠎ᠠ᠃

ᠮᠠᠨ ᠤ ᠪᠣᠰᠤᠳ ᠮᠤᠩᠭ᠋ᠤᠯ ᠶᠢᠡᠷ ᠭᠢᠴᠢᠶᠡᠯᠯᠡᠭᠦ ᠰᠤᠷᠭᠠᠭᠤᠯᠢ ᠨᠤᠭᠤᠳ ᠴᠤ ᠡᠭᠦᠨ ᠢ (ᠮᠠᠨ ᠤ ᠡᠨᠡ ᠠᠷᠭ᠎ᠠ ᠪᠣᠶᠤ ᠪᠣᠰᠤᠳ ᠤᠨ ᠡᠢ᠌ᠮᠦᠷᠭᠦ ᠠᠷᠭ᠎ᠠ᠂ ᠳᠤᠷᠰᠢᠯᠭ᠎ᠠ ᠶᠢ) ᠯᠠᠪᠯᠠᠯᠳᠠ ᠭᠢᠨᠠᠯᠳᠠ ᠪᠣᠯᠭᠠᠵᠤ ᠪᠣᠯᠤᠨ᠎ᠠ᠃ ᠪᠠᠭᠰᠢ ᠨᠡᠷ ᠶᠢᠡᠨ ᠳᠠᠭᠠᠭᠤᠯᠵᠤ ᠭᠠᠳᠠᠭᠰᠢ ᠭᠠᠷᠴᠤ᠂ ᠪᠣᠰᠤᠳ ᠤᠨ ᠳᠠᠪᠰᠢᠭᠰᠠᠨ ᠵᠢᠭᠠᠨ ᠰᠤᠷᠭᠠᠬᠤ ᠠᠷᠭ᠎ᠠ ᠶᠢ ᠰᠤᠳᠤᠯᠵᠤ ᠰᠤᠷᠴᠤ᠂ ᠦᠪᠡᠷ ᠤᠨ ᠪᠣᠯᠭᠠᠵᠤ᠂ ᠦᠪᠡᠷ ᠤᠨ ᠣᠠᠴᠠᠯᠢᠭ ᠲᠡᠶ (ᠦᠨᠳᠦᠰᠦᠳᠠᠨ ᠤ ᠣᠠᠴᠠᠯᠢᠭ) ᠵᠢᠭᠠᠨ ᠰᠤᠷᠭᠠᠯᠳᠠ ᠶᠢᠨ ᠵᠠᠮ ᠶᠢᠡᠷ ᠶᠠᠪᠣᠪᠠᠯ ᠵᠤᠭᠢᠨ᠎ᠠ᠃ ᠪᠣᠯᠬᠤ᠂ ᠪᠣᠯᠬᠤ ᠦᠭᠡᠶ ᠪᠠᠢ᠌ᠭ᠎ᠠ ᠪᠠᠨ ᠮᠡᠳᠡᠭᠦ ᠦᠭᠡᠶ ᠮᠠᠩᠬᠤᠭᠤᠷᠴᠤ ᠰᠠᠭᠤᠵᠤ ᠶᠠᠭᠠᠭᠢᠭᠰᠠᠨ ᠴᠤ ᠪᠣᠯᠬᠤ ᠦᠭᠡᠶ ︕


  

ᠵᠤᠬᠢᠶᠠᠭᠴᠢ ᠶᠢᠨ ᠬᠠ‍‌ᠶᠢᠭ ᠄ ᠬᠦᠬᠡᠬᠤᠲᠠ ᠶᠢᠨ ᠦᠨᠳᠦᠰᠦᠳᠠᠨ ᠤ ᠳᠤᠷᠰᠢᠯᠳᠠ ᠶᠢᠨ ᠰᠤᠷᠭᠠᠭᠤᠯᠢ

ᠵᠤᠬᠢᠶᠠᠭᠴᠢ᠄ ᠭᠦᠷᠵᠡᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠪᠠᠭᠰᠢ ᠶᠢᠨ ᠬᠠᠨᠢ
ᠳᠠᠷᠤᠮ᠄ 1949
ᠴᠠᠭ᠄ 2011 ᠤᠨ ᠤ 10 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ