ᠪᠠᠬᠠᠷᠤᠯᠳᠠᠢ ᠰᠠᠢ᠌ᠬᠠᠨ ᠪᠦᠳᠦᠭᠦᠡ᠊ᠬᠤᠧᠨ ᠮᠢᠨᠢ

     ᠮᠢᠨᠤ ᠳᠦᠷᠦᠭ᠍ᠰᠡᠨ ᠨᠤᠳᠤᠭ ᠪᠦᠳᠦᠭᠦᠡ᠊ᠬᠤᠧᠨ ᠭᠡᠵᠤ ᠡᠭᠡ ᠶᠢᠨ ᠠᠷᠢᠭᠤᠨ ᠭᠦᠭᠦ ᠰᠢᠭ᠌ ᠳᠦᠡᠳᠦᠭᠦᠷ ᠬᠤᠶᠠᠷ ᠬᠤᠧᠨ ᠪᠠᠷ ᠳᠦᠰᠢᠯᠭᠡ ᠪᠣᠯᠭᠠᠵᠤ᠂ ᠡᠭᠡ ᠶᠢᠨ ᠪᠣᠯᠤᠷ ᠮᠠᠯᠮᠠᠢ ᠰᠢᠭ᠌ ᠳᠤᠩᠭ᠋ᠠᠯᠠᠭ ᠬᠤᠶᠠᠷ ᠨᠠᠭᠤᠷ ᠶᠢᠡᠷ ᠣᠮᠳᠠ ᠪᠣᠯᠭᠠᠭᠰᠠᠨ ᠣᠰᠤ ᠶᠢ ᠢᠰᠭᠦᠴᠡᠵᠤ᠂ ᠬᠤᠧᠨ ᠶᠢ ᠳᠦᠰᠢᠭ᠍ᠰᠡᠨ ᠹᠧᠩᠱᠦ᠋ᠢ ᠲᠡᠶ ᠰᠠᠢ᠌ᠬᠠᠨ ᠣᠷᠤᠨ ᠪᠣᠯᠬᠤ ᠶᠤᠮ᠃ ᠳᠠᠢ᠌ᠮᠤ ᠪᠠᠷ ᠶᠢᠡᠨ ᠪᠠᠯᠭᠡ ᠳᠠᠮᠪᠠᠷᠢᠯ ᠲᠡᠶ ᠪᠦᠳᠦᠭᠦᠡ᠊ᠬᠤᠧᠨ ᠭᠡᠵᠤ ᠨᠡᠷᠡᠯᠡᠭ᠍ᠳᠡᠵᠤ᠂ ᠪᠠᠷᠠᠭᠤᠨ ᠬᠤᠧᠨ ᠶᠢ ᠲᠦᠰᠢᠵᠤ᠂ ᠪᠠᠷᠠᠭᠤᠨ ᠨᠠᠭᠤᠷ ᠢ ᠪᠠᠷᠠᠯᠠᠵᠤ ᠰᠠᠭᠤᠭᠰᠠᠨ ᠠᠢ᠌ᠯ ᠢ ᠨᠢ ᠪᠠᠷᠠᠭᠤᠨ ᠪᠦᠳᠦᠭᠦᠡ᠊ᠬᠤᠧᠨ ᠭᠡᠵᠤ᠂ ᠵᠡᠭᠦᠨ ᠬᠤᠧᠨ ᠶᠢ ᠲᠦᠰᠢᠵᠤ ᠵᠡᠭᠦᠨ ᠨᠠᠭᠤᠷ ᠢ ᠡᠰᠡᠷᠭᠦᠯᠡᠵᠤ ᠰᠠᠭᠤᠭᠰᠠᠨ ᠠᠢ᠌ᠯ ᠢ ᠨᠢ ᠵᠡᠭᠦᠨ ᠪᠦᠳᠦᠭᠦᠡ᠊ᠬᠤᠧᠨ ᠭᠡᠵᠤ ᠨᠡᠷᠡᠯᠡᠭ᠍ᠰᠡᠨ ᠪᠠᠢ᠌ᠵᠠᠢ᠃

     ᠪᠠᠭ᠎ᠠ ᠶᠢᠨ ᠦᠶ᠎ᠡ ᠶᠢᠨ ᠪᠦᠳᠦᠭᠦᠡ᠊ᠬᠤᠧᠨ ᠭᠡᠵᠤ ᠥᠩᠭᠡ ᠦᠵᠡᠮᠵᠢ ᠪᠦᠷᠢᠳᠦᠭ᠍ᠰᠡᠨ ᠪᠠᠬᠠᠷᠤᠮ᠎ᠠ ᠰᠠᠢ᠌ᠬᠠᠨ ᠨᠤᠳᠤᠭ ᠪᠠᠢ᠌ᠭᠰᠠᠨ᠃ ᠣᠳᠠ ᠭᠦᠭᠡᠷᠡᠵᠤ ᠣᠯᠢᠶᠠᠰᠤ ᠨᠤᠭᠤᠭᠠᠷᠠᠭᠠᠤᠨ᠂ ᠣᠷᠠᠨ ᠭᠦᠭᠦᠭᠡ ᠣᠶᠠᠬᠠᠨ ᠶᠢᠡᠷ ᠳᠤᠩᠭ᠋ᠤᠳᠴᠤ᠂ ᠣᠷᠠᠨ ᠪᠣᠯᠵᠤᠮᠤᠷ ᠵᠢᠷᠭᠢᠯᠳᠤᠨ ᠨᠢᠰᠤᠯᠴᠠᠵᠤ᠂ ᠭᠦᠭᠡ ᠳᠡᠭ᠍ᠷᠢ ᠴᠠᠯᠮᠠᠵᠤ᠂ ᠬᠡᠦᠬᠡᠳ ᠰᠢᠭ᠌ ᠠᠯᠢᠶ᠎ᠠ ᠵᠡᠷᠭᠡᠯᠭᠡᠨ ᠳᠤᠭᠯᠠᠭᠰᠠᠨ ᠥᠩᠭᠡ ᠲᠡᠶ ᠰᠠᠢ᠌ᠬᠠᠨ ᠨᠤᠳᠤᠭ ᠰᠠᠨ᠃

     ᠬᠠᠪᠣᠷ ᠪᠣᠯᠵᠤ ᠬᠠᠭᠳᠠ ᠨᠤᠭᠤᠭᠠᠷᠠᠬᠤ ᠦᠶ᠎ᠡ ᠴᠠᠭᠢᠯᠳᠠᠭ (ᠪᠠᠰᠠ ᠮᠠᠢ᠌ᠯᠠᠩ ᠭᠡᠳᠡᠭ᠌) ᠬᠠᠮᠤᠭ ᠤᠨ ᠡᠷᠳᠡ ᠭᠦᠭᠡᠷᠡᠨ ᠳᠡᠯᠭᠡᠷᠡᠵᠤ ᠭᠦᠮᠦᠰ ᠲᠤ ᠣᠷᠢᠬᠠᠨ ᠬᠠᠪᠣᠷ ᠮᠤᠷᠢᠯᠠᠨ ᠰᠠᠭᠠᠳᠠᠭᠰᠠᠨ ᠢ ᠣᠷᠢᠳᠴᠢᠯᠠᠨ ᠮᠡᠳᠡᠭᠡᠯᠡᠳᠡᠭ᠌᠃ ᠪᠢᠳᠠ ᠭᠠᠷᠠᠭ ᠤᠨ ᠠᠮᠠᠷᠠᠯᠳᠠ ᠪᠣᠯᠬᠤ ᠪᠦᠷᠢ ᠴᠠᠭᠢᠯᠳᠠᠭ ᠤᠨ ᠬᠤᠸᠠᠷ᠂ ᠪᠣᠭᠤᠨ ᠵᠤᠭᠳᠤᠷ (ᠨᠢᠭᠡ ᠵᠣᠢ᠌ᠯ ᠤᠨ ᠪᠣᠳᠠᠯᠠᠨ ᠣᠷᠭᠤᠳᠠᠭ ᠣᠷᠭᠤᠮᠠᠯ) ᠳᠡᠭᠦᠵᠤ ᠨᠠᠭᠠᠳᠳᠠᠭ᠃ ᠴᠠᠭᠢᠯᠳᠠᠭ ᠤᠨ ᠬᠤᠸᠠᠷ ᠢ ᠳᠠᠰᠤᠳᠠᠨ ᠠᠪᠴᠤ ᠯᠤᠩᠬᠤ ᠲᠡᠶ ᠣᠰᠤᠨ ᠳᠤ ᠰᠠᠭᠤᠯᠭᠠᠵᠤ ᠭᠡᠷ ᠤᠨ ᠶᠢᠡᠨ ᠴᠤᠩᠬᠤᠨ ᠳᠡᠭᠡᠷ᠎ᠡ ᠦᠵᠡᠮᠤᠷᠢ ᠪᠣᠯᠭᠠᠨ ᠳᠠᠯᠪᠢᠳᠠᠭ᠃ ᠳᠡᠭᠦᠭ᠍ᠰᠡᠨ ᠪᠣᠭᠤᠨ ᠵᠤᠭᠳᠤᠷ ᠶᠢᠡᠷ ᠶᠢᠡᠨ ᠪᠢᠳᠠ ᠳᠠᠰᠢᠭᠤᠷ ᠭᠦᠷᠦᠵᠤ ᠱᠤᠭᠠᠢ ᠶᠢᠨ ᠮᠤᠷᠢ ᠪᠠᠨ ᠣᠨᠤᠵᠤ ᠳᠠᠰᠢᠭᠤᠷᠳᠠᠨ ᠳᠤᠪᠳᠤᠯᠵᠤ ᠨᠠᠭᠠᠳᠬᠤ ᠪᠣᠶᠤ ᠭᠡᠵᠢᠭᠡ ᠭᠦᠷᠦᠵᠤ ᠭᠡᠦᠭᠡᠨ ᠭᠦᠷᠭᠡᠵᠤ ᠪᠠᠢ᠌ᠨ᠎ᠠ ᠭᠡᠵᠤ ᠭᠦᠭᠡᠷᠦᠯᠳᠤᠨ ᠨᠠᠭᠠᠳᠳᠠᠭ ᠪᠠᠢ᠌ᠭᠰᠠᠨ᠃ ᠪᠠᠭ᠎ᠠ ᠶᠢᠨ ᠨᠠᠰᠤ ᠮᠢᠨᠢ ᠶᠠᠭᠤᠳᠠᠢ ᠭᠡᠨᠡᠨ ᠴᠠᠢ᠌ᠯᠭᠠᠨ ᠠᠵᠠᠢ᠃ ᠳᠡᠯᠭᠡᠷᠡᠭᠦ ᠳᠦᠷᠪᠠᠨ ᠰᠠᠷ᠎ᠠ ᠪᠣᠯᠤᠭᠰᠠᠭᠠᠷ ᠬᠤᠠᠳᠤᠨ ᠶᠠᠭᠠᠨ ᠭᠦᠢᠯᠡᠰᠤᠨ ᠬᠤᠸᠠᠷ ᠠᠷᠤ ᠶᠢᠨ ᠬᠤᠧᠨ ᠶᠢ ᠪᠦᠷᠭᠦᠨ ᠳᠡᠯᠭᠡᠷᠡᠭᠡᠳ ᠶᠤᠰᠤᠳᠠᠢ ᠭᠦᠢᠯᠡᠰᠤᠨ ᠬᠤᠸᠠᠷ ᠤᠨ ᠶ‍ᠢᠷᠳᠢᠠᠴᠤ ᠪᠣᠯᠳᠠᠭ ᠶᠤᠮᠰᠠᠨ᠃ ᠭᠦᠢᠯᠡᠰᠤ ᠰᠠᠭᠤᠵᠤ ᠳᠤᠮᠤᠷᠠᠵᠤ ᠢᠷᠡᠭᠦ ᠳᠤ ᠭᠢᠴᠢᠶᠠᠯ ᠪᠠᠭᠤᠭᠰᠠᠭᠠᠷ ᠪᠢᠳᠠ ᠬᠤᠧᠨ ᠥᠭᠡᠳᠡ ᠭᠦᠶ‍ᠦᠯᠳᠤᠨ ᠭᠠᠷᠴᠤ ᠮᠠᠯᠠᠭᠠᠢ᠂ ᠬᠠᠷᠮᠠᠨ ᠳᠦᠭᠦᠷᠡᠩ ᠭᠦᠢᠯᠡᠰᠤ ᠳᠡᠭᠦᠵᠤ ᠬᠤᠩᠬᠤᠨ ᠳᠠᠭᠤᠨ ᠶᠢᠡᠷ ᠰᠤᠷᠭᠠᠭᠤᠯᠢ ᠳᠠᠭᠠᠨ ᠶᠠᠭᠠᠷᠠᠨ ᠪᠣᠴᠠᠳᠠᠭ ᠪᠠᠢ᠌ᠭᠰᠠᠨ ᠶᠤᠮ᠃ ᠳᠠᠷᠠ ᠦᠶ᠎ᠡ ᠳᠤ ᠨᠤᠭᠤᠭᠠᠨ ᠭᠦᠢᠯᠡᠰᠤ ᠭᠡᠳᠥᠢᠪᠠᠷ ᠢᠳᠡᠭᠦ ᠳᠤ ᠢᠰᠭᠦᠯᠡᠩ ᠪᠣᠯᠪᠠᠴᠤ ᠰᠤᠯᠠ ᠢᠳᠡᠭᠡᠨ ᠣᠯᠵᠤ ᠢᠳᠡᠳᠡᠭ᠌ ᠦᠭᠡᠶ ᠪᠢᠳᠠᠨ ᠳᠤ ᠬᠠᠷᠢᠨ ᠪᠣᠷᠠᠮ ᠰᠢᠭᠢᠷ ᠰᠢᠭ᠌ ᠠᠮᠳᠠᠳᠠᠢ ᠰᠠᠨᠠᠭᠳᠠᠳᠠᠭ ᠪᠠᠢ᠌ᠭᠰᠠᠨ ᠢ ᠶᠠᠭᠠᠭᠢᠯᠳᠠᠢ ᠪᠢᠯᠠ︕ ᠨᠠᠮᠤᠷ ᠭᠦᠢᠯᠡᠰᠤ ᠣᠯᠠᠢ᠌ᠵᠤ ᠪᠣᠯᠪᠠᠰᠤᠷᠠᠬᠤ ᠡᠷᠢᠨ ᠳᠤ ᠨᠤᠳᠤᠭ ᠤᠨ ᠮᠢᠨᠢ ᠬᠡᠦᠬᠡᠳ ᠪᠠᠭᠠᠴᠤᠤᠯ ᠡᠴᠡ ᠳᠡᠷᠢᠭᠦᠯᠡᠨ ᠭᠦᠭ᠍ᠰᠢᠨ ᠨᠠᠰᠤᠳᠠᠨ ᠭᠦᠷᠳᠡᠯ᠎ᠡ ᠬᠡᠤᠳᠡᠢ ᠰᠢᠭᠤᠳᠠᠢ ᠪᠠᠨ ᠡᠭᠦᠷᠤᠨ ᠭᠦᠢᠯᠡᠰᠤ ᠳᠡᠭᠦᠭᠦ ᠪᠠᠷ ᠭᠠᠷᠳᠠᠭ᠃ ᠨᠠᠷᠠ ᠵᠢᠷᠭᠠᠬᠤ ᠦᠶ᠎ᠡ ᠳᠤ ᠭᠦᠮᠦᠰ ᠳᠡᠭᠦᠭ᠍ᠰᠡᠨ ᠭᠦᠢᠯᠡᠰᠤ ᠪᠠᠨ ᠡᠯᠵᠢᠭᠡᠨ ᠳᠡᠭᠡᠷ᠎ᠡ ᠪᠠᠨ ᠬᠡᠤᠳᠡᠢ ᠳᠦᠭᠦᠷᠡᠩ ᠠᠴᠢᠭᠰᠠᠭᠠᠷ ᠪᠠᠶᠠᠷ ᠤᠨ ᠳᠠᠭᠤᠤ ᠪᠠᠨ ᠬᠠᠩᠭᠢᠨᠠᠭᠤᠯᠵᠤ ᠡᠷᠦᠭᠡ ᠳᠡᠭᠡᠨ ᠪᠣᠴᠠᠳᠠᠭ᠃ ᠳᠡᠭᠦᠵᠤ ᠢᠷᠡᠭ᠍ᠰᠡᠨ ᠭᠦᠢᠯᠡᠰᠤ ᠪᠠᠨ ᠠᠷᠢᠯᠭᠠᠵᠤ ᠴᠦᠮ᠎ᠡ ᠶᠢ ᠨᠢ ᠬᠤᠷᠰᠢᠶᠠᠨ ᠳᠤ ᠠᠪᠠᠴᠢᠵᠤ ᠬᠤᠳᠠᠯᠳᠤᠨ ᠣᠯᠤᠭᠰᠠᠨ ᠵᠤᠭᠤᠰ ᠶᠢᠡᠷ ᠶᠢᠡᠨ ᠳᠠᠪᠣᠰᠤ᠂ ᠴᠠᠢ᠂ ᠰᠠᠪᠣᠩ ᠵᠡᠷᠭᠡ ᠠᠮᠢᠳᠤᠷᠠᠯ ᠤᠨ ᠭᠡᠷᠡᠭᠯᠡᠭᠡᠨ ᠤ ᠵᠣᠢ᠌ᠯ ᠶᠢᠡᠨ ᠬᠤᠳᠠᠯᠳᠤᠨ ᠠᠪᠳᠠᠭ᠃ ᠭᠦᠢᠯᠡᠰᠤᠨ ᠴᠦᠮ᠎ᠡ ᠪᠠᠷ ᠶᠢᠡᠨ ᠳᠤᠰᠤ ᠰᠢᠬᠠᠵᠤ ᠨᠤᠭᠤᠭ᠎ᠠ ᠬᠠᠭᠤᠷᠴᠤ ᠢᠳᠡᠳᠡᠭ᠌᠃ ᠭᠦᠢᠯᠡᠰᠤᠨ ᠳᠤᠰᠤᠨ ᠳᠤ ᠡᠷᠳᠡᠨᠢ ᠶᠢᠨ ᠰᠢᠰᠢ ᠶᠢᠨ ᠪᠣᠤᠪᠣ ᠪᠠᠨ ᠳᠦᠷᠤᠵᠤ ᠢᠳᠡᠭᠦ ᠳᠤ ᠬᠤᠶᠠᠷ ᠴᠢᠭᠢ ᠶᠢ ᠣᠭᠳᠤᠯᠬᠤ ᠳᠤ ᠴᠤ ᠮᠡᠳᠡᠭᠦ ᠦᠭᠡᠶ ᠠᠮᠳᠠ ᠲᠡᠶ ᠰᠠᠨᠠᠭᠳᠠᠵᠤ ᠪᠠᠢ᠌ᠭᠰᠠᠨ ᠰᠢᠤ︕ ᠳᠤᠰᠤ ᠰᠢᠬᠠᠵᠤ ᠥᠯᠡᠳᠡᠭ᠍ᠰᠡᠨ ᠰᠢᠭᠠᠷᠤ ᠶᠢ ᠳᠤᠷ᠎ᠠ ᠪᠠᠷ ᠭᠡᠭᠡᠵᠤ ᠬᠠᠶᠠᠳᠠᠭ ᠦᠭᠡᠶ ᠬᠠᠷᠢᠨ ᠪᠣᠷᠳᠤᠭᠤᠷ ᠪᠣᠯᠭᠠᠵᠤ ᠬᠠᠰᠢᠶᠠᠨ ᠳᠠᠭᠠᠨ ᠣᠷᠤᠭᠤᠯᠳᠠᠭ᠂ ᠨᠤᠭᠤᠭ᠎ᠠ ᠴᠠᠭ᠎ᠠ ᠳᠠᠷᠢᠪᠠᠯ ᠢᠳᠡᠯᠢᠭ᠌ ᠭᠦᠴᠤ ᠲᠡᠶ ᠣᠷᠭᠤᠨ᠎ᠠ ᠭᠡᠯᠴᠡᠳᠡᠭ᠌᠃

     ᠨᠤᠳᠤᠭ ᠤᠨ ᠨᠠᠭᠤᠷ ᠮᠢᠨᠢ ᠠᠷᠴᠢᠭᠰᠠᠨ ᠳᠤᠯᠢ ᠰᠢᠭ ᠮᠠᠯᠮᠠᠯᠵᠠᠨ ᠳᠤᠨᠤᠯᠵᠠᠨ᠎ᠠ᠃ ᠬᠠᠪᠣᠷ ᠪᠣᠯᠵᠤ ᠬᠠᠢ᠌ᠯ ᠪᠠᠭᠤᠬᠤ ᠳᠤ ᠬᠠᠴᠢᠨ ᠰᠤᠨᠢᠨ ᠭᠠᠯᠠᠭᠤ ᠰᠢᠪᠠᠭᠤᠳ ᠨᠤᠳᠤᠭ ᠤᠨ ᠨᠠᠭᠤᠷ ᠲᠤ ᠢᠷᠠᠵᠤ ᠪᠠᠭᠤᠯᠴᠠᠨ ᠰᠠᠭᠤᠯᠴᠠᠵᠤ᠂ ᠨᠤᠳᠤᠭ ᠤᠨ ᠪᠠᠭ᠎ᠠ ᠨᠠᠭᠤᠷ ᠮᠢᠨᠢ ᠠᠮᠢᠯᠠᠯ ᠡᠰᠡᠨᠢᠯ ᠶᠢᠡᠷ ᠪᠢᠯᠬᠠᠵᠤ᠂ ᠶᠤᠰᠤᠳᠠᠢ ᠭᠠᠯᠠᠭᠤ ᠰᠢᠪᠠᠭᠤᠨ ᠤ ᠶ‍ᠢᠷᠳᠢᠠᠴᠤ ᠪᠣᠯᠳᠠᠭ ᠰᠠᠨ᠃ ᠢᠨᠠᠭ ᠬᠤᠶᠠᠷ ᠭᠠᠯᠠᠭᠤ ᠰᠢᠪᠠᠭᠤ ᠬᠤᠰᠢᠭᠤ ᠬᠤᠰᠢᠭᠤ ᠪᠠᠨ ᠬᠤᠯᠪᠤᠨ ᠨᠠᠭᠤᠷ ᠤᠨ ᠣᠰᠤᠨ᠎ᠠ ᠱᠤᠩᠪᠠᠨ ᠨᠠᠭᠠᠳᠴᠤ᠂ ᠡᠷᠭᠡ ᠵᠢᠷᠭᠠᠯᠳᠠᠢ ᠰᠢᠨ᠎ᠡ ᠠᠮᠢᠳᠤᠷᠠᠯ ᠶᠢᠡᠨ ᠴᠤᠭᠴᠠᠯᠠᠨ᠎ᠠ᠃ ᠡᠨ᠂ ᠨᠤᠳᠤᠭ ᠤᠨ ᠨᠠᠭᠤᠷ ᠮᠢᠨᠢ ᠥᠨᠡᠭᠡᠷ ᠴᠤ ᠭᠠᠯᠠᠭᠤ ᠨᠤᠭᠤᠰᠤᠨ ᠤ ᠴᠡᠩᠭᠡᠯ ᠤᠨ ᠣᠷᠳᠤᠨ ᠪᠣᠯᠤᠭᠰᠠᠨ ᠪᠠᠢ᠌ᠨ᠎ᠠ᠃ ᠨᠠᠭᠤᠷ ᠤᠨ ᠭᠦᠪᠠᠭᠡᠨ ᠳᠤ ᠬᠤᠯᠤᠰᠤ ᠵᠡᠭᠡᠰᠤ ᠪᠠᠭᠰᠢᠷᠠᠨ ᠣᠷᠭᠤᠵᠤ᠂ ᠳᠡᠭ᠍ᠳᠡᠭᠡᠭᠡᠢ ᠪᠠᠨ ᠳᠠᠭᠠᠭᠤᠯᠭᠰᠠᠨ ᠭᠠᠯᠠᠭᠤ ᠨᠤᠭᠤᠰᠤ ᠬᠨ ᠶᠠ ᠦᠭᠡᠶ ᠦᠷᠭᠦᠨ ᠨᠢᠰᠤᠨ᠎ᠡ᠃ ᠦᠳᠡ ᠶᠢᠨ ᠠᠮᠠᠷᠠᠯᠳᠠ ᠪᠠᠷ ᠠᠯᠢᠶ᠎ᠠ ᠪᠢᠳᠠᠨᠠᠷ ᠭᠠᠯᠠᠭᠤ ᠨᠤᠭᠤᠰᠤ ᠶᠢᠨ ᠡᠭᠦᠷ ᠢ ᠠᠭᠤᠳᠠᠯᠤᠨ ᠥᠡᠳᠡᠭᠡ ᠶᠢ ᠨᠢ ᠳᠡᠭᠦᠨ ᠭᠡᠷ ᠲᠡᠭᠡᠨ ᠠᠪᠠᠴᠢᠵᠤ ᠡᠵᠢ ᠠᠪᠣ ᠳᠠᠭᠠᠨ ᠰᠦᠷᠡᠭᠡᠢ ᠵᠢᠮᠡᠯᠡᠭ᠍ᠳᠡᠳᠡᠭ᠌ ᠪᠠᠢ᠌ᠭᠰᠠᠨ᠃ ᠣᠰᠤᠨ ᠳᠤ ᠣᠮᠪᠠᠬᠤ ᠰᠢᠯᠳᠠᠭ ᠶᠢᠡᠷ ᠵᠤᠨ ᠤ ᠦᠳᠡ ᠳᠤ ᠨᠠᠭᠤᠷ ᠤᠨ ᠭᠦᠪᠠᠭᠡᠨ ᠡᠴᠡ ᠭᠠᠯᠠᠭᠤ ᠨᠤᠭᠤᠰᠤᠨ ᠤ ᠳᠡᠭ᠍ᠳᠡᠭᠡᠭᠡᠢ ᠶᠢ ᠭᠦᠭᠡᠭᠡᠵᠤ ᠪᠠᠷᠢᠨ ᠨᠠᠭᠠᠳᠴᠤ᠂ ᠭᠢᠴᠢᠶᠠᠯ ᠡᠴᠡ ᠪᠠᠨ ᠬᠤᠵᠢᠮᠳᠠᠨ᠂ ᠪᠠᠭᠰᠢ ᠳᠠᠭᠠᠨ ᠵᠠᠯᠬᠠᠭᠠᠭᠳᠠᠨ ᠵᠤᠭᠰᠤᠭᠠᠭᠳᠠᠵᠤ ᠰᠢᠯᠦᠭ᠌ ᠵᠤᠬᠢᠶᠠᠯ ᠴᠡᠭᠡᠵᠢᠯᠡᠳᠡᠭ᠌ ᠪᠠᠢ᠌ᠭᠰᠠᠨ ᠣᠠᠬᠠᠭ᠎ᠠ ᠴᠤᠭᠤᠷᠤᠭ᠎ᠠ ᠦᠭᠡᠶ ᠭᠡᠨᠡᠨ ᠪᠠᠭ᠎ᠠ ᠨᠠᠰᠤ᠂ ᠳᠤᠮᠤᠭ᠎ᠠ ᠰᠠᠭᠤᠭ᠎ᠠ ᠦᠭᠡᠶ ᠠᠯᠢᠶ᠎ᠠ ᠳᠡᠭ᠍ᠵᠢᠨ ᠨᠠᠰᠤ ᠪᠠᠨ ᠪᠢ ᠮᠠᠷᠳᠠᠭ᠎ᠠ ᠦᠭᠡᠶ᠂ ᠮᠠᠷᠳᠠᠭ᠎ᠠ ᠦᠭᠡᠶ︕ ᠳᠠᠷᠠ ᠦᠶ᠎ᠡ ᠳᠤ ᠡᠨᠡ ᠨᠢ ᠭᠡᠳᠥᠢᠪᠠᠷ ᠬᠡᠦᠬᠡᠳ ᠪᠢᠳᠠᠨ ᠤ ᠪᠠᠨ ᠬᠠᠪᠣᠳᠠᠢ ᠰᠠᠢ᠌ᠬᠠᠨ ᠨᠠᠭᠠᠳᠤᠮ ᠳᠤᠭᠯᠠᠭᠠᠮ ᠪᠣᠯᠵᠤ ᠪᠠᠢ᠌ᠭᠰᠠᠨ ᠪᠣᠯᠪᠠᠴᠤ ᠪᠠᠢ᠌ᠭᠠᠯᠢ ᠶᠢᠨ ᠭᠡᠰᠢᠭ᠌ ᠢ ᠭᠦᠡᠳᠡᠵᠤ ᠰᠥᠢᠳᠭᠡᠨ᠂ ᠪᠠᠢ᠌ᠭᠠᠯᠢ ᠠᠬᠤᠢ ᠶᠢ ᠭᠦᠨᠦᠭᠡᠵᠤ ᠪᠠᠢ᠌ᠭᠰᠠᠨ ᠭᠡᠳᠡᠭ᠌ ᠢ ᠪᠢᠴᠢᠭ᠌ ᠰᠤᠶᠤᠯ ᠶᠢᠡᠷ ᠪᠣᠢ᠌ᠵᠢᠵᠤ ᠳᠤᠮᠤᠭᠠᠵᠢᠭᠠᠤᠨ ᠰᠠ‍‌ᠶᠢ ᠰᠠᠷᠠᠵᠤ ᠮᠠᠳᠠᠵᠤ ᠳ᠋ᠠ︕ ᠨᠠᠭᠤᠷ ᠤᠨ ᠭᠦᠪᠠᠭᠡᠨ ᠤ ᠶᠠᠪᠠ ᠬᠤᠯᠤᠰᠤ ᠪᠣᠯ ᠥᠭᠡᠷ ᠮᠠᠯ ᠤᠨ ᠳᠤᠷᠠᠳᠠᠢ ᠢᠳᠡᠭᠡᠨ ᠪᠣᠯᠤᠨ᠎ᠠ᠃ ᠵᠤᠨ ᠤ ᠴᠠᠭ ᠣᠷᠤᠢ ᠶᠢᠨ ᠬᠤᠭᠤᠯᠠᠨ ᠤ ᠳᠠᠷᠠᠭ᠎ᠠ ᠦᠶ᠎ᠡ ᠬᠤᠷᠠᠭ ᠤᠨ ᠨᠠᠢ᠌ᠵᠠ ᠨᠡᠷ ᠦᠪᠡᠷ ᠦᠪᠡᠷ ᠤᠨ ᠠᠠᠵᠢᠰᠤᠨ ᠥᠭᠡᠷ ᠶᠢᠡᠨ ᠨᠠᠭᠤᠷ ᠤᠨ ᠭᠦᠪᠠᠭᠡᠨ ᠤ ᠶᠠᠪᠠ ᠬᠤᠯᠤᠰᠤᠨ ᠳᠤ ᠭᠦᠭᠡᠭᠡᠵᠤ ᠪᠠᠯᠴᠢᠭᠡᠷᠯᠡᠭᠦᠯᠤᠨ ᠢᠳᠡᠰᠢᠯᠡᠭᠦᠯᠳᠡᠭ᠌᠃ ᠣᠳᠠᠵᠤ ᠳᠦᠳᠠᠯ ᠦᠭᠡᠶ ᠥᠭᠡᠷ ᠤᠳ ᠮᠢᠨᠢ ᠭᠡᠭᠡᠯ ᠭᠠᠷᠳᠠᠯ᠎ᠠ ᠢᠳᠠᠵᠤ ᠬᠠᠨᠤᠮᠵᠢᠳᠠᠢ ᠰᠠᠢ᠌ᠬᠠᠨ ᠴᠠᠳᠴᠤ ᠭᠡᠪᠢᠵᠤ ᠭᠡᠪᠳᠡᠳᠡᠭ᠌᠃ ᠨᠠᠮᠤᠷ ᠤᠨ ᠰᠡᠷᠢᠭᠦᠤ ᠣᠷᠤᠵᠤ ᠬᠠᠳᠤᠯᠠᠩ ᠳᠤ ᠭᠠᠷᠬᠤ ᠴᠠᠭ ᠪᠣᠯᠤᠭᠰᠠᠭᠠᠷ ᠪᠢ ᠠᠪᠣ ᠪᠠᠨ ᠳᠠᠭᠠᠵᠤ ᠨᠠᠭᠤᠷ ᠤᠨ ᠭᠦᠪᠠᠭᠡᠨ᠎ᠡ ᠣᠴᠢᠵᠤ ᠰᠠᠠᠳᠤᠤ ᠡᠷᠭᠢᠭᠦᠯᠤᠨ ᠶᠠᠪᠠ ᠬᠤᠯᠤᠰᠤ ᠴᠤᠭᠢᠳᠠᠭ᠃ ᠮᠦᠷ ᠮᠦᠷ ᠴᠤᠭᠢᠨ ᠵᠢᠭ᠍ᠳᠡᠷᠡᠭ᠍ᠰᠡᠨ ᠶᠠᠪᠠ ᠬᠤᠯᠤᠰᠤ ᠶᠢ ᠬᠠᠷᠠᠭᠠᠤᠨ ᠪᠢ ᠦᠪᠡᠷ ᠤᠨ ᠡᠷᠭᠡ ᠦᠭᠡᠶ ᠣᠮᠤᠭᠰᠢᠨ ᠵᠤᠷᠢᠭᠵᠢᠳᠠᠭ ᠰᠠᠨ᠃ ᠴᠡᠯᠭᠡᠮ᠎ᠡ ᠨᠤᠭᠤᠭᠠᠨ ᠬᠠᠳᠠᠭᠰᠠᠨ ᠶᠠᠪᠠ ᠬᠤᠯᠤᠰᠤ ᠶᠢ ᠳᠡᠷᠭᠡ ᠳᠡᠷᠭᠡ ᠪᠠᠷ ᠳᠡᠭᠡᠭᠡᠨ ᠬᠠᠰᠢᠶᠠᠨ ᠳᠠᠭᠠᠨ ᠣᠷᠤᠭᠤᠯᠵᠤ ᠣᠨᠤᠭ᠎ᠠ ᠮᠠᠯ ᠶᠢᠡᠨ ᠡᠪᠦᠯᠵᠢᠭᠦᠯᠭᠦ ᠠᠯᠢᠰᠤ ᠳᠡᠵᠢᠭᠡᠯ ᠪᠣᠯᠭᠠᠨ ᠳᠡᠭ᠍ᠰᠢᠭᠡᠨ ᠣᠪᠣᠭᠠᠯᠠᠵᠤ ᠳᠠᠯᠪᠢᠳᠠᠭ᠃ ᠨᠤᠳᠤᠭ ᠤᠨ ᠨᠠᠭᠤᠷ ᠮᠢᠨᠢ ᠵᠢᠭᠠᠰᠤᠨ ᠭᠠᠷᠤᠯᠳᠠ ᠰᠠᠢ᠌ᠳᠠᠢ ᠪᠠᠢ᠌ᠵᠠᠢ᠃ ᠨᠠᠳᠠ ᠶᠢ ᠪᠠᠭ᠎ᠠ ᠪᠠᠢ᠌ᠬᠤ ᠳᠤ ᠪᠠᠷᠢᠭᠠᠳᠠ ᠶᠢᠨ ᠭᠢᠨ ᠵᠢᠯ ᠪᠦᠷᠢ ᠨᠠᠭᠤᠷ ᠡᠴᠡ ᠪᠠᠨ ᠵᠢᠭᠠᠰᠤ ᠠᠩᠨᠠᠵᠤ᠂ ᠡᠷᠦᠭᠡ ᠪᠣᠯᠭᠠᠨ ᠳᠤ ᠬᠤᠪᠢᠶᠠᠨ ᠥᠭ᠍ᠳᠡᠭ᠌ ᠪᠠᠢ᠌ᠭᠰᠠᠨ᠃ ᠮᠠᠨ ᠤ ᠭᠡᠷ ᠠᠮᠠ ᠪᠦᠯᠢ ᠣᠯᠠᠠᠳᠠᠢ ᠳᠤᠯᠠ ᠠᠷᠪᠠ ᠭᠠᠷᠤᠢ ᠵᠢᠩ ᠤᠨ ᠳᠤᠮᠤ ᠵᠢᠭᠠᠰᠤ ᠬᠤᠪᠢᠶᠠᠨ ᠣᠯᠳᠠᠭ ᠰᠠᠨ᠃ ᠮᠢᠨᠤ ᠴᠡᠭᠡᠵᠢᠯᠡᠵᠤ ᠪᠠᠢ᠌ᠬᠤ ᠪᠠᠷ ᠨᠤᠳᠤᠭ ᠤᠨ ᠠᠬᠠᠮᠠᠳᠴᠤᠤᠯ ᠳᠠᠷᠠ ᠵᠢᠭᠠᠰᠤ ᠶᠢ 《ᠴᠠᠩ ᠵᠢᠶᠠᠩ ᠢᠤᠢ (ᠭᠦᠭᠡᠮᠦ᠋ᠷᠡᠨ ᠤ ᠵᠢᠭᠠᠰᠤ)》 ᠭᠡᠳᠡᠭ᠌ ᠪᠠᠢ᠌ᠭᠰᠠᠨ᠃ ᠵᠢᠭᠠᠰᠤ ᠬᠤᠪᠢᠶᠠᠬᠤ ᠳᠠᠷᠠ ᠦᠶ᠎ᠡ ᠪᠣᠯ ᠮᠠᠨ ᠤ ᠨᠤᠳᠤᠭ ᠤᠨ ᠪᠠᠶᠠᠷ ᠳᠤᠷᠠᠰᠬᠠᠯ ᠤᠨ ᠡᠳᠦᠷ ᠰᠢᠭ᠌ ᠭᠦᠷ ᠪᠠᠶᠠᠷ ᠲᠡᠶ᠂ ᠵᠤᠯ ᠵᠢᠷᠭᠠᠯ ᠲᠡᠶ ᠰᠠᠢ᠌ᠬᠠᠨ ᠴᠠᠭ ᠮᠦᠴᠡ ᠪᠣᠯᠵᠤ ᠪᠠᠢ᠌ᠭᠰᠠᠨ ᠪᠢᠯᠠ᠃

     ᠠᠷᠪᠠᠨ ᠭᠤᠷᠪᠠᠳᠠᠢ ᠳᠠᠷᠠ ᠵᠢᠯ ᠤᠨ ᠨᠠᠮᠤᠷ ᠪᠢ ᠪᠢᠴᠢᠭ᠌ ᠰᠤᠶᠤᠯ ᠤᠨ ᠮᠦᠷ ᠭᠦᠭᠡᠭᠡᠵᠤ ᠨᠤᠳᠤᠭ ᠡᠴᠡ ᠪᠠᠨ ᠠᠶᠠᠷᠯᠠᠨ ᠰᠠᠯᠵᠠᠢ᠃ ᠬᠠᠪᠣᠷ ᠢ ᠡᠷᠳᠡ ᠮᠡᠳᠡᠭᠡᠯᠡᠳᠡᠭ᠌ ᠴᠠᠭᠢᠯᠳᠠᠭ ᠤᠨ ᠴᠡᠴᠡᠭ᠌᠂ ᠬᠤᠧᠨ ᠶᠢ ᠪᠦᠷᠭᠦᠳᠡᠯ᠎ᠡ ᠳᠡᠯᠭᠡᠷᠡᠭ᠍ᠰᠡᠨ ᠬᠤᠠᠳᠠᠨ ᠶᠠᠭᠠᠨ ᠭᠦᠢᠯᠡᠰᠤᠨ ᠬᠤᠸᠠᠷ᠂ ᠭᠦᠭ᠍ᠵᠢᠯ ᠡᠰᠡᠨᠢᠯ ᠪᠢᠯᠬᠠᠭᠰᠠᠨ ᠥᠭ᠍‍ᠭᠢᠶᠡᠮᠦᠷ ᠦᠩᠰᠭ᠌ ᠦᠵᠡᠮᠵᠢ ᠰᠠᠢ᠌ᠳᠠᠢ ᠨᠤᠳᠤᠭ ᠤᠨ ᠨᠠᠭᠤᠷ᠂ ᠭᠦᠭᠡᠷᠦᠭᠦᠨ ᠳᠡᠭ᠍ᠳᠡᠭᠡᠭᠡᠢ ᠪᠠᠨ ᠪᠣᠢ᠌ᠵᠢᠭᠤᠯᠤᠭᠰᠠᠨ ᠭᠠᠯᠠᠭᠤ ᠨᠤᠭᠤᠰᠤ ᠁ ᠡᠳᠡᠭᠡᠷ ᠪᠦᠭᠦᠨ ᠪᠠᠯ ᠪᠣᠷᠠᠮ ᠰᠢᠭ ᠠᠮᠳᠠᠷᠬᠠᠭ ᠪᠠᠭ᠎ᠠ ᠶᠢᠨ ᠦᠶ᠎ᠡ ᠶᠢᠨ ᠡᠷᠭᠢᠴᠡᠭᠦᠯᠦᠯ ᠳᠤᠷᠠᠰᠤᠮᠵᠢ ᠪᠣᠯᠤᠨ ᠣᠶᠤᠨ ᠳᠠᠷᠢᠭᠢᠨ ᠳᠤ ᠳᠠᠮᠠᠭᠠᠯᠠᠭᠳᠠᠨ ᠬᠤᠴᠤᠷᠴᠤ᠂ ᠪᠠᠬᠠᠷᠤᠯᠳᠠᠢ ᠰᠠᠢ᠌ᠬᠠᠨ ᠥᠶ‍ᠦᠭ᠌ ᠪᠠᠢ᠌ᠭᠠᠯᠢ ᠲᠡᠶ ᠪᠠᠭ᠎ᠠ ᠶᠢᠨ ᠨᠤᠳᠤᠭ ᠪᠦᠳᠦᠭᠦᠡ᠊ᠬᠤᠧᠨ ᠮᠢᠨᠢ ᠳᠤᠷᠠᠳᠬᠠᠯ ᠤᠨ ᠰᠠᠢ᠌ᠬᠠᠨ ᠬᠤᠷᠤᠮ ᠪᠣᠯᠵᠤ ᠬᠤᠪᠳᠤᠯ ᠵᠢᠷᠦᠭᠡᠨ ᠳᠤ ᠬᠤᠨᠤᠭᠰᠢᠨ ᠰᠠᠭᠤᠭᠳᠠᠵᠠᠢ᠃

     ᠡᠨ᠂ ᠪᠠᠭ᠎ᠠ ᠶᠢᠨ ᠦᠶ᠎ᠡ ᠶᠢᠨ ᠪᠠᠬᠠᠷᠤᠯᠳᠠᠢ ᠰᠠᠢ᠌ᠬᠠᠨ ᠨᠤᠳᠤᠭ ᠪᠦᠳᠦᠭᠦᠡ᠊ᠬᠤᠧᠨ ᠮᠢᠨᠢ︕


ᠵᠤᠬᠢᠶᠠᠭᠴᠢ ᠶᠢᠨ ᠬᠠ‍‌ᠶᠢᠭ ᠄ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ ᠪᠠᠷᠠᠭᠤᠨ ᠳᠠᠪᠢᠨ ᠰᠤᠷᠭᠠᠭᠤᠯᠢ

ᠵᠤᠬᠢᠶᠠᠭᠴᠢ᠄ ᠠᠰᠬ᠎ᠠ ᠶᠢᠨ ᠣᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 6074
ᠴᠠᠭ᠄ 2011 ᠤᠨ ᠤ 05 ᠰᠠᠷ᠎ᠠ ᠶᠢᠨ 14
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ