ᠲᠤᠢ᠌ᠯ ᠤᠨ ᠭᠡᠷᠡᠯ

ᠭᠢᠵᠠᠭᠠᠷ ᠦᠭᠡᠶ ᠭᠦᠨ ᠣᠷᠴᠢᠯᠠᠩ ᠡᠴᠡ

ᠬᠠᠢ᠌ᠷᠠᠳᠠᠢ ᠪᠦᠮᠪᠦᠷᠴᠡᠭ᠌ ᠲᠤ ᠢᠯᠡᠭᠡᠭ᠍ᠰᠡᠨ

ᠰᠤᠯᠤᠩᠭ᠋ᠠᠨ ᠵᠡᠭᠦᠳᠤ ᠪᠣᠯ

ᠲᠤᠢ᠌ᠯ ᠤᠨ ᠭᠡᠷᠡᠯ


ᠬᠠᠷᠠᠩᠭ᠋ᠤᠢ ᠶᠢ ᠥᠯᠳᠡᠭᠦ ᠬᠠᠨ ᠨᠠᠷᠠᠨ ᠤ

ᠪᠣᠴᠠᠬᠤ ᠳᠠᠭᠠᠨ ᠥᠯᠡᠳᠡᠭᠡᠭ᠍ᠰᠡᠨ

ᠵᠢᠷᠦᠭᠡᠨ ᠳᠠᠰᠤᠷᠬᠠᠢ

ᠲᠤᠢ᠌ᠯ ᠤᠨ ᠭᠡᠷᠡᠯ ᠁


ᠴᠢ ᠪᠣᠯ ᠮᠢᠨᠤ

ᠬᠠᠢ᠌ᠷ᠎ᠠ ᠶᠢᠨ ᠶᠡᠭᠡ ᠣᠷᠴᠢᠯᠠᠩ ᠤᠨ

ᠲᠤᠢ᠌ᠯ ᠤᠨ ᠭᠡᠷᠡᠯ

ᠬᠠᠷᠠᠩᠭ᠋ᠤᠢ ᠦᠳᠡᠰᠢ ᠪᠠᠷ ᠵᠢᠷᠭᠠᠯ ᠥᠭ᠍ᠳᠡᠭ᠌

ᠬᠤᠪᠢᠯᠭᠠᠨ ᠭᠡᠷᠡᠯ


ᠡᠪᠦᠯ ᠤᠨ ᠡᠪᠦᠷ ᠡᠴᠡ

ᠴᠢᠮ᠎ᠠ ᠳᠤ ᠠᠭᠤᠰᠤᠶ᠎ᠠ ᠭᠡᠭᠦ ᠳ᠋ᠤ

ᠳᠡᠮᠡᠦᠯᠡᠭᠡᠳ ᠳᠡᠮᠡᠦᠯᠡᠭᠡᠳ

ᠭᠦᠷᠴᠤ ᠳᠡᠢ᠌ᠯᠭᠦ ᠦᠭᠡᠶ

ᠬᠤᠯᠠ ᠶᠢᠨ ᠭᠡᠷᠡᠯ᠃


ᠴᠢ ᠪᠣᠯ ᠮᠢᠨᠤ ᠰᠡᠳᠭᠢᠯ ᠤᠨ

ᠳᠤᠯᠠᠭᠠᠬᠠᠨ ᠭᠡᠷᠡᠯ ᠁


ᠵᠤᠬᠢᠶᠠᠭᠴᠢ ᠶᠢᠨ ᠬᠠ‍‌ᠶᠢᠭ : ᠪᠠᠭᠠᠷᠢᠨ ᠤ ᠪᠠᠢ᠌ᠰᠢᠩᠳᠤ

ᠵᠤᠬᠢᠶᠠᠭᠴᠢ᠄ ᠳ᠋·ᠪᠦᠷᠢᠨ‍ᠲᠤᠭᠲᠠᠬᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1622
ᠴᠠᠭ᠄ 2011 ᠤᠨ ᠤ 09 ᠰᠠᠷ᠎ᠠ ᠶᠢᠨ 28
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ