ᠡᠵᠢ ᠳᠤ ᠪᠠᠨ
᠊᠊᠊᠊᠊᠊᠊᠊᠊᠊᠊᠊᠊᠊᠊᠊᠊᠊᠊᠊᠊᠊᠊᠊᠊᠊᠊᠊᠊ ᠡᠨᠡ ᠵᠠᠢ ᠳᠤ ᠦᠭ‍ᠭᠦᠭ᠍ᠰᠡᠨ ᠵᠡᠭᠦᠳᠤ ᠴᠢᠪ ᠭᠡᠮᠡᠨ 3.8 ᠪᠠᠢ᠌ᠯ᠎ᠠ

ᠡᠵᠢ ᠶᠢᠨ ᠶᠢᠡᠨ ᠡᠪᠦᠷ ᠲᠤ ᠥᠨᠡᠷᠭᠡᠵᠤ

ᠡᠭᠡᠷ ᠳᠠᠳᠠᠨ ᠣᠭᠢᠯᠠᠭ᠎ᠠ ᠶᠢ ᠮᠢᠨᠢ

ᠬᠠᠴᠠᠷ ᠲᠠᠭᠠᠨ ᠣᠷᠤᠰᠤᠭᠰᠠᠨ

ᠨᠢᠯᠪᠣᠰᠤ ᠨᠢ ᠣᠷᠤᠮ ᠲᠡᠶ ᠬᠤᠨᠤᠭᠰᠠᠨ ᠪᠠᠢ᠌ᠪᠠ


ᠳ᠋ᠸᠪᠠᠵᠠᠨ ᠳᠤ ᠳᠦᠷᠢ ᠲᠡᠶ ᠪᠠᠨ ᠶᠠᠪᠣᠯ᠎ᠠ ᠴᠤ

ᠦᠷ᠎ᠡ ᠪᠠᠨ ᠰᠠᠨᠠᠵᠤ ᠶᠠᠪᠣᠳᠠᠭ ᠶᠤᠮ ᠪᠠᠢ᠌ᠨ᠎ᠠ

ᠰᠠᠨᠠᠭᠠᠨ ᠤ ᠰᠢᠨᠠᠯᠤᠭ᠎ᠠ ᠶᠢ ᠮᠢᠨᠢ ᠳᠠᠢ᠌ᠯᠤᠨ᠎ᠠ ᠭᠡᠵᠤ

ᠵᠡᠭᠦᠳᠤ ᠪᠠᠨ ᠥᠭ᠍ᠴᠤ ᠢᠷᠡᠭ᠍ᠰᠡᠨ ᠶᠤᠮ ᠪᠠᠢ᠌ᠨ᠎ᠠ


ᠨᠢᠷᠠᠢ ᠶᠢᠨ ᠦᠰᠪᠦᠷᠢ ᠪᠠᠭ᠎ᠠ ᠡᠴᠠ

ᠪᠠᠶ᠎ᠠ ᠶᠢ ᠨᠢ ᠴᠢᠯᠡᠭᠡᠵᠤ ᠥᠰᠦᠭ᠍ᠰᠡᠨ ᠶᠤᠮ

ᠢᠳᠠᠷ ᠤᠨ ᠭᠦᠯᠴᠦᠭᠦᠭᠡᠨ ᠠᠮᠢᠳᠤᠷᠠᠯ ᠳ᠋ᠤ

ᠰᠠᠨᠠᠭ᠎ᠠ ᠶᠢ ᠨᠢ ᠵᠥᠳᠡᠭᠡᠨ ᠵᠤᠭᠰᠤᠭᠰᠠᠨ ᠶᠤᠮ


ᠡᠵᠢ ᠭᠦᠮᠤᠨ ᠦᠷ᠎ᠡ ᠳᠤ ᠪᠠᠨ ᠪᠣᠯ

ᠡᠩᠭᠦᠷᠡᠢ ᠳᠤᠯᠠᠭᠠᠬᠠᠨ ᠢᠯᠴᠢ ᠨᠢ ᠶᠤᠮ

ᠠᠮᠢᠳᠤᠷᠠᠯ ᠤᠨ ᠡᠯᠪᠠᠭ᠍ᠭᠡᠨ ᠪᠠᠭᠤᠴᠠ ᠳ᠋ᠤ

ᠢᠳᠡᠭᠡᠯ ᠤᠨ ᠦᠨᠳᠦᠷ ᠳᠦᠰᠢᠭ᠌ ᠨᠢ ᠶᠤᠮ


ᠡᠵᠢ ᠶᠢᠨ ᠳᠡᠷᠭᠡᠳᠡ ᠪᠦᠰᠡᠭᠦᠢ ᠶᠠᠷᠤ ᠨᠢ

ᠳᠠᠯᠠᠢ ᠶᠢᠨ ᠳᠤᠮᠳᠠᠭᠢ ᠳᠤᠰᠤᠯᠭᠠᠨ ᠶᠤᠮ

ᠡᠩᠭᠦᠷᠡᠢ ᠰᠡᠳᠭᠢᠯ ᠤᠨ ᠣᠪᠣᠭᠠᠨ ᠳᠡᠷᠭᠡᠳᠡ

ᠪᠣᠳᠠᠷ ᠤᠨ ᠭᠠᠭᠴᠠ ᠴᠢᠯᠠᠭᠤ ᠯᠠ ᠶᠤᠮ


ᠠᠵᠠ ᠠᠮᠢᠳᠤᠷᠠᠯ ᠤᠨ ᠳᠠᠷᠤᠭᠠᠰᠤ ᠳ᠋ᠤ

ᠭᠦᠤ ᠴᠢᠨᠢ ᠰᠦᠷᠡᠭᠡᠢ ᠵᠥᠳᠡᠭᠦ ᠴᠤ ᠶᠤᠮ

ᠡᠵᠢ ᠶᠢᠨ ᠶᠢᠡᠨ ᠬᠠᠯᠠᠭᠠᠤᠨ ᠡᠪᠦᠷ ᠶᠢᠡᠷ ᠴᠢᠨᠢ

ᠭᠠᠷ ᠢ ᠨᠢ ᠳᠠᠷᠠᠯᠠᠵᠤ ᠨᠣᠢ᠌ᠷᠰᠤᠮᠠᠷ ᠴᠤ ᠪᠠᠢ᠌ᠨ᠎ᠠ ᠁


ᠡᠵᠢ ᠳᠤ ᠪᠠᠨ ᠪᠢ ᠡᠨᠡ ᠡᠳᠦᠷ ᠢ

ᠣᠭᠳᠤᠵᠤ ᠶᠠᠷᠤ ᠨᠢ ᠥᠵᠡᠭᠡ ᠦᠭᠡᠶ ᠳᠤ ᠨᠢ

ᠵᠡᠭᠦᠳᠤ ᠪᠠᠷ ᠢᠷᠡᠭ᠍ᠰᠡᠨ ᠡᠵᠢ ᠳᠤ ᠪᠠᠨ

ᠰᠢᠯᠦᠭ᠌ ᠨᠢᠭᠡ ᠶᠢ ᠪᠢᠴᠢᠯ᠎ᠠ


ᠭᠦᠷᠦᠰᠦᠳᠤ ᠶᠢᠨ ᠭᠦᠳᠦᠯ ᠡᠴᠠ ᠳᠤᠰᠤᠭᠰᠠᠨ

ᠭᠦᠤ ᠶᠢᠨ ᠶᠢᠡᠨ ᠰᠢᠯᠦᠭ᠌ ᠲᠤ ᠪᠠᠶᠠᠰᠬᠤ ᠪᠣᠢ

ᠳ᠋ᠸᠪᠠᠵᠠᠨ ᠳᠠᠷᠠ ᠣᠷᠤᠨ ᠵᠢᠠᠷ

ᠡᠵᠢ ᠮᠢᠨᠢ ᠦᠨᠳᠠᠢ᠌ᠵᠤ ᠣᠮᠤᠭᠰᠢᠬᠤ ᠪᠣᠢ ︕


        2012 . 3 . 8 ᠬᠦᠬᠡᠬᠤᠲᠠ ᠳ᠋ᠤ


ᠵᠤᠬᠢᠶᠠᠭᠴᠢ ᠶᠢᠨ ᠬᠠ‍‌ᠶᠢᠭ ᠄ ᠣᠷᠳᠤᠰ ᠬᠤᠳᠠ ᠶᠢᠨ ᠬᠠᠩᠭᠢᠨ ᠬᠤᠰᠢᠭᠤᠨ ᠤ ᠠᠵᠤ ᠣᠢ᠌ᠯᠠᠳᠪᠣᠷᠢ ᠬᠤᠳᠠᠯᠳᠤᠭᠠᠨ ᠤ ᠬᠤᠯᠪᠣᠭ᠎ᠠ

ᠵᠤᠬᠢᠶᠠᠭᠴᠢ᠄ ᠪᠠ᠊·ᠤᠳᠬᠤᠠᠪᠠᠭᠠᠳᠤᠷ
ᠬᠠᠷᠢᠶ᠎ᠠ᠄ ᠰᠢᠯᠦᠭ
ᠳᠠᠷᠤᠮ᠄ 3023
ᠴᠠᠭ᠄ 2012 ᠤᠨ ᠤ 03 ᠰᠠᠷ᠎ᠠ ᠶᠢᠨ 22