ᠬᠠᠨᠠᠰ ᠤᠨ ᠳᠡᠭ᠍ᠷᠢ ᠳᠤ ᠵᠠᠯᠪᠢᠷᠠᠨᠠᠮ

ᠬᠠᠨᠠᠰ ᠤᠨ ᠳᠡᠭ᠍ᠷᠢ ᠳᠤ ᠵᠠᠯᠪᠢᠷᠠᠨᠠᠮ ︕

ᠴᠡᠩᠭᠡᠭ᠌ ᠣᠰᠤᠨ ᠡᠴᠡ ᠴᠡᠯᠮᠡᠭ᠌ ᠳᠡᠭ᠍ᠷᠢ ᠳᠤᠯᠳᠠᠯ᠎ᠠ ᠪᠢᠳᠠᠨ ᠤ ᠣᠳᠤ ᠶᠢᠨ ᠨᠢᠳᠤᠨ ᠳᠤ ᠥᠵᠡᠭ᠍ᠳᠡᠵᠤ ᠪᠠᠢ᠌ᠭ᠎ᠠ ᠶᠠᠭᠤ ᠪᠦᠭᠦᠨ ᠴᠦᠮ ᠴᠤᠭᠳᠠᠢ ᠰᠦᠯᠳᠡᠳᠡᠢ ᠠᠮᠢᠳᠠᠢ ᠭᠤᠤᠯᠳᠠᠢ ᠳᠡᠷᠡᠭᠦ ᠪᠠᠢ᠌ᠭᠠᠯᠢᠯᠢᠭ ᠳᠦᠷᠰᠤ ᠪᠠᠷ ᠶᠢᠡᠨ ᠪᠠᠢ᠌ᠭ᠎ᠠ ᠳᠤ ᠪᠢ ᠦᠨᠡᠨ ᠪᠠᠬᠠᠷᠬᠠᠨᠠᠮ ︕ ᠰᠥᠰᠦᠭ᠌ ᠪᠢᠰᠢᠷᠠᠯ ᠣᠯᠠᠮ ᠨᠡᠮᠡᠭ᠍ᠳᠡᠨᠡᠮ ︕ ᠨᠢᠳᠤᠨ ᠳᠤ ᠥᠵᠡᠭ᠍ᠳᠡᠮ᠎ᠡ ᠳᠠᠷᠠ ᠣᠯᠠᠨ ᠵᠢᠷᠭᠠᠬᠠᠢ᠂ ᠨᠠᠭᠤᠷ ᠤᠨ ᠳᠤᠮᠳᠠ ᠱᠤᠩᠪᠠᠯᠳᠠᠬᠤ ᠳᠠᠷᠠ ᠣᠯᠠᠨ ᠰᠢᠪᠠᠭᠤᠬᠠᠢ᠂ ᠨᠠᠳᠠ ᠶᠢ ᠲᠠᠭᠠᠨ ᠡᠷᠭᠢᠯᠳᠦᠭᠦ ᠳᠠᠷᠠ ᠣᠯᠠᠨ ᠡᠷᠪᠠᠭᠡᠢ᠂ ᠨᠠᠷᠠᠰᠤᠨ ᠮᠤᠳᠤᠳ ᠢ ᠲ᠋ᠠᠭᠠᠨ ᠨᠠᠭᠠᠳᠤᠯᠴᠠᠬᠤ ᠳᠠᠷᠠ ᠣᠯᠠᠨ ᠭᠡᠷᠡᠮᠤ ᠤᠳ᠂ ᠠᠢ ︕ ᠭᠦᠮᠤᠨ ᠠᠮᠢᠳᠠᠨ ᠨᠢᠭᠡᠳᠦᠭ᠍ᠰᠡᠨ ᠪᠠᠯᠠᠷ ᠪᠠᠢ᠌ᠭᠠᠯᠢ ᠭᠡᠵᠤ ᠡᠢ᠌ᠮᠤ ᠯᠠ ᠪᠠᠢ᠌ᠬ᠎ᠠ ︕ ᠬᠤᠪᠠᠬᠠᠢ ᠮᠤᠳᠤᠨ ᠳᠤ ᠰᠠᠭᠤᠭᠰᠠᠨ ᠳᠠᠰ ᠬᠠᠷ᠎ᠠ ᠭᠡᠷᠢᠶ᠎ᠡ ᠤᠳ᠂ ᠬᠠᠯᠬᠠᠳᠤ ᠠᠭᠤᠯᠠ ᠢ ᠳᠠᠮᠵᠢᠭᠰᠠᠨ ᠭᠦᠮᠤᠨ ᠬᠠᠷ᠎ᠠ ᠭᠦᠷᠦᠭᠡᠰᠤ᠂ ᠰᠢᠷ᠎ᠠ ᠬᠠᠳᠠᠨ ᠳᠤ ᠰᠠᠭᠤᠭᠰᠠᠨ ᠣᠯᠠᠢ᠌ᠷ ᠪᠦᠷᠭᠦᠤᠨ ᠱᠤᠩᠬᠤᠷ ᠤᠳ᠂ ᠪᠣᠷᠤᠪᠠᠳᠠᠢ ᠶᠢᠨ ᠡᠩᠭᠡᠷ ᠲᠤ ᠬᠤᠤᠰᠯᠠᠨ ᠣᠷᠭᠤᠭᠰᠠᠨ ᠴᠠᠭᠠᠨ ᠴᠠᠷᠠᠰᠤᠨ ᠤᠳ᠂ ᠠᠢ ︕ ᠰᠢᠯᠦᠭ᠌ ᠮᠡᠳᠡᠭᠦ ᠦᠭᠡᠶ ᠨᠠᠮ᠎ᠠ ᠶᠢ ᠰᠢᠯᠦᠭᠯᠡᠭᠦ ᠳᠦᠷᠦᠭ᠍ᠳᠡᠯ ᠣᠷᠤᠭᠤᠯᠤᠭᠰᠠᠨ ᠬᠠᠨᠠᠰ ᠤᠨ ᠡᠨᠡ ᠳᠡᠭ᠍ᠷᠢ ᠲᠤ ᠠᠷᠭ᠎ᠠ ᠦᠭᠡᠶ ᠪᠢ ᠵᠠᠯᠪᠢᠷᠠᠨᠠᠮ ︕ ᠭᠦᠭᠡ ᠮᠤᠠᠴᠤᠭ ᠤᠨ ᠮᠤᠳᠤᠨ ᠦᠷᠭᠦᠭᠡ᠂ ᠭᠦᠭᠡ ᠮᠤᠩᠭ᠋ᠤᠯ ᠤᠨ ᠮᠢᠨᠢ ᠣᠪᠣᠭᠠᠨ ᠰᠦᠯᠳᠡ᠂ ᠬᠠᠳᠠᠭ ᠰᠠᠮᠪᠠᠢ᠌ᠭᠰᠠᠨ ᠴᠢᠩᠭᠢᠰ ᠤᠨ ᠭᠦᠷᠦᠭ᠌᠂ ᠬᠠᠰᠠᠭ ᠬᠤᠯᠢᠯᠳᠤᠭᠰᠠᠨ ᠮᠤᠩᠭ᠋ᠤᠯ ᠥᠭᠡ ᠤᠳ᠂ ᠴᠢᠩᠭᠢᠰ ᠤᠨ ᠳᠤᠮᠤᠭ ᠶᠢᠡᠷ ᠭᠡᠯᠭᠢᠶᠡᠯᠳᠦᠭ᠍ᠰᠡᠨ ᠬᠠᠨᠠᠰ ᠨᠠᠭᠤᠷ ᠤᠨ ᠢᠷᠠᠯᠳᠠ ᠤᠳ᠂ ᠶ‍ᠸᠯᠢᠤᠢ ᠴᠦᠼᠠᠢ ᠪᠠᠷ ᠡᠰᠢᠯᠡᠭ᠍ᠰᠡᠨ ᠭᠢᠳᠠᠨ ᠮᠠᠶ‍ᠢᠭ ᠤᠨ ᠥᠯᠢᠭᠡᠷ ᠤᠳ᠂ ᠭᠡᠩᠭᠡᠢ ᠯᠠᠮ᠎ᠠ ᠶᠢᠨ ᠣᠩᠰᠢᠯᠭ᠎ᠠ ᠲᠡᠶ ᠬᠤᠷᠯᠤᠸ᠎ᠠ ᠡᠷᠭᠢᠯᠭᠡᠨ ᠤ ᠳᠠᠭᠤᠨ ᠤᠳ᠂ ᠭᠡᠨᠡᠳᠲᠡ ᠣᠯᠵᠤ ᠥᠵᠡᠭ᠍ᠰᠡᠨ ᠪᠣᠰᠤᠭ᠎ᠠ ᠮᠤᠩᠭ᠋ᠤᠯ ᠥᠰᠦᠭ᠌ ᠤᠳ᠂ ᠵᠢᠷᠦᠭᠡᠨ ᠴᠤᠭᠢᠯᠭ᠎ᠠ ᠶᠢ ᠳᠦᠷᠭᠡᠳᠭᠡᠨ᠂ ᠵᠠᠯᠪᠢᠷᠠᠬᠤ ᠰᠥᠵᠢᠭ᠌ ᠢ ᠨᠡᠮᠡᠭ᠍ᠳᠡᠭᠦᠯᠦᠭ᠍ᠰᠡᠨ ᠬᠠᠨᠠᠰ ᠤᠨ ᠡᠨᠡ ᠳᠡᠭ᠍ᠷᠢ ᠳᠤ ᠠᠷᠭ᠎ᠠ ᠦᠭᠡᠶ ᠪᠢ ᠵᠠᠯᠪᠢᠷᠠᠨᠠᠮ ︕

《ᠪᠣᠷᠬᠠᠨ ᠤ ᠨᠢᠳᠤ》 ᠭᠡᠵᠤ ᠴᠢᠩᠭᠢᠰ ᠤᠨ ᠠᠮᠠ ᠪᠠᠷ ᠡᠷᠭᠦᠮᠵᠢᠯᠡᠭ᠍ᠳᠡᠭ᠍ᠰᠡᠨ ᠬᠠᠭᠠᠨ ᠣᠰᠤ᠂ 《ᠯᠤᠤ ᠶᠢᠨ ᠨᠢᠳᠤ》 ᠭᠡᠵᠤ ᠠᠷᠠᠤᠨ ᠤᠨ ᠠᠮᠠ ᠪᠠᠷ ᠣᠯᠠᠮᠵᠢᠯᠠᠭᠳᠠᠭᠰᠠᠨ ᠷᠠᠰᠢᠶᠠᠨ ᠪᠣᠯᠠᠭ᠂ 《ᠬᠠᠪᠢᠷᠭᠠᠨ ᠰᠠᠷᠠ》 ᠭᠡᠵᠤ ᠳᠡᠯᠡᠭᠡᠢ ᠳᠤ ᠠᠯᠳᠠᠷᠰᠢᠭᠰᠠᠨ ᠬᠠᠨᠠᠰ ᠨᠠᠭᠤᠷ ᠤᠨ ᠮᠤᠷᠤᠢ᠂ ᠬᠤᠶᠠᠷ ᠳᠢᠪ ᠢ ᠰᠥᠡᠳᠡᠷᠯᠡᠭ᠍ᠰᠡᠨ ᠰᠢᠪᠧᠷᠢᠶ᠎ᠠ ᠶᠢᠨ ᠮᠢᠩᠭ᠋ᠠᠨ ᠨᠠᠰᠤᠳᠤ ᠨᠠᠷᠠᠰᠤ ᠤᠳ᠂ ᠠᠢ ︕ ᠬᠠᠮᠢᠭ᠎ᠠ ᠡᠴᠡ ᠴᠤ ᠣᠯᠵᠤ ᠥᠵᠡᠭᠡ ᠦᠭᠡᠶ ᠡᠨᠡ ᠴᠤᠬᠠᠭ ᠤᠳ᠂ ᠬᠠᠭᠠᠨ ᠣᠰᠤ ᠶᠢᠨ ᠡᠩᠭᠡᠷ ᠲᠤ ᠬᠠᠷᠠᠮᠰᠠᠯ ᠦᠭᠡᠶ ᠰᠢᠷᠳᠡᠭᠦ ᠳᠡᠭᠡᠨ ᠬᠠᠨᠠᠰ ᠤᠨ ᠡᠨᠡ ᠳᠡᠭ᠍ᠷᠢ ᠳᠤ ᠠᠷᠭ᠎ᠠ ᠦᠭᠡᠶ ᠪᠢ ᠵᠠᠯᠪᠢᠷᠠᠨᠠᠮ ︕ ᠳᠡᠭᠡᠳᠦᠰ ᠤᠨ ᠮᠢᠨᠢ ᠥᠯᠡᠳᠡᠭᠡᠭ᠍ᠰᠡᠨ ᠴᠢᠯᠠᠭᠤ ᠭᠦᠮᠤᠨ ᠳᠠᠯ᠎ᠠ ᠶᠢᠨ ᠦᠷᠤᠴᠠᠨ ᠳᠤ ᠰᠠᠭᠠᠳᠠᠨ᠂ ᠳᠠᠪᠤᠨ ᠰᠦᠷᠦᠭ᠌ ᠠᠩ ᠠᠷᠢᠶᠠᠳᠠᠨ ᠶᠢᠡᠨ ᠴᠠᠪᠴᠢᠵᠤ ᠰᠡᠢ᠌ᠯᠦᠭ᠍ᠰᠡᠨ ᠬᠠᠨ᠎ᠠ ᠶᠢᠨ ᠵᠢᠷᠤᠭ᠂ ᠳᠠᠩᠴᠠᠰᠢ ᠦᠭᠡᠶ ᠪᠣᠷᠬᠠᠨ ᠤ ᠳᠤᠯᠤᠭᠠᠨ ᠭᠠᠷᠠᠯ ᠰᠠᠴᠤᠷᠠᠭᠰᠠᠨ ᠳ᠋ᠤᠩᠰᠢᠭᠤᠷ ᠵᠢᠯ ᠤᠨ ᠡᠮᠦᠨᠡᠭᠢ ᠰᠤᠨᠢᠨ ᠬᠠᠳᠠ ᠴᠢᠯᠠᠭᠤ ᠤᠳ᠂ ᠳᠡᠭ᠍ᠷᠢ ᠳᠤᠯᠤᠮᠠᠷ ᠱᠤᠬᠣᠢ᠌ᠵᠤ ᠭᠤᠷᠪᠠᠨ ᠭᠢᠯᠢ ᠳᠤ ᠰᠥᠡᠳᠡᠷᠯᠡᠭ᠍ᠰᠡᠨ ᠠᠯᠳᠠᠢ ᠨᠢᠷᠤᠭᠤ ᠶᠢᠨ ᠨᠤᠶᠠᠨ ᠣᠷᠭᠢᠯ ᠨᠥᠭᠦᠷᠯᠡᠯ ᠱᠤᠪᠬᠤ᠂ ᠠᠢ ︕ ᠨᠢ᠋ᠮᠠᠨ ᠵᠠᠭᠤᠨ ᠵᠢᠯ ᠤᠨ ᠡᠮᠦᠨ᠎ᠡ ᠡᠨᠡ ᠨᠤᠳᠤᠭ ᠶᠠᠮᠠᠷ ᠪᠠᠢ᠌ᠭᠰᠠᠨ ᠪᠣᠯ ᠭᠡᠵᠤ ᠪᠣᠳᠤᠬᠤ ᠳᠤ ᠨᠠᠭᠠᠳᠤ ᠳᠠᠯ᠎ᠠ ᠳᠤ ᠴᠢᠮᠡᠭᠡ ᠦᠭᠡᠶ ᠰᠤᠨᠢᠴᠢᠷᠠᠬᠤ ᠮᠢᠨᠤ ᠪᠣᠳᠤᠯ ᠳᠤ ᠶᠠᠭᠠᠭᠢᠬᠤ ᠶᠢᠨ ᠠᠷᠭ᠎ᠠ ᠦᠭᠡᠶ ᠴᠢᠩᠭᠢᠰ ᠢ ᠮᠢᠨᠢ ᠨᠢᠳᠤ ᠵᠢᠷᠤᠭᠠᠯᠠᠭᠳᠠᠪᠠ᠃ ᠠᠢ ︕ ᠠᠷᠭ᠎ᠠ ᠦᠭᠡᠶ ᠬᠠᠨᠠᠰ ᠤᠨ ᠭᠦᠭᠡ ᠳᠡᠭ᠍ᠷᠢ ᠳᠤ ᠵᠠᠯᠪᠢᠷᠠᠨᠠᠮ ︕


ᠬᠠᠰᠠᠭ ᠤᠨ ᠳᠠᠯ᠎ᠠ ᠶᠢᠨ ᠬᠠᠨᠠᠰ ᠨᠠᠭᠤᠷ ᠤᠨ ᠭᠦᠪᠠᠭᠡ ᠳᠤ᠂ 2011 ᠣᠨ ᠤ 7 ᠰᠠᠷ᠎ᠠ ᠶᠢᠨ 1 ᠊ᠤ ᠰᠦᠨᠢ


ᠵᠤᠬᠢᠶᠠᠭᠴᠢ ᠶᠢᠨ ᠬᠠ‍‌ᠶᠢᠭ ᠄ ᠺᠦᠷᠡᠯ᠎ᠡ ᠬᠤᠳᠠᠨ᠎ᠠ

ᠵᠤᠬᠢᠶᠠᠭᠴᠢ᠄ ᠳ·ᠭᠦᠭᠡᠮᠦ᠋ᠷᠡᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢ᠌ᠷᠠᠭᠤᠯᠤᠯ
ᠳᠠᠷᠤᠮ᠄ 1715
ᠴᠠᠭ᠄ 2011 ᠤᠨ ᠤ 07 ᠰᠠᠷ᠎ᠠ ᠶᠢᠨ 03
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁