ᠭᠢᠷᠠᠭᠤᠳᠠᠠᠠᠰᠠᠨ ᠨᠠᠮᠤᠷ ᠤᠨ ᠳᠠᠭᠤᠨ

ᠨᠠᠮᠤᠭᠤᠬᠠᠨ ᠰᠠᠯᠭᠢ ᠲᠡᠶ ᠰᠦᠨᠢ ᠶᠢᠨ ᠭᠦᠨ ᠳᠤ

ᠨᠠᠪᠴᠢᠨ ᠳᠤᠯᠤᠭᠠᠢ ᠳᠤ ᠴᠠᠢ᠌ᠷᠠᠨ ᠣᠨᠠᠠᠠᠰᠠᠨ

ᠨᠠᠮᠤᠷ ᠤᠨ ᠭᠢᠷᠠᠭᠤ ᠳᠤ ᠨᠣᠢ᠌ᠷ ᠵᠠᠢ᠌ᠳᠠᠵᠤ

ᠨᠠᠪᠴᠢᠰ ᠬᠠᠷᠢᠬᠤ ᠶᠢᠨ ᠭᠡᠴᠡᠭᠦᠤ ᠳᠤ ᠭᠤᠨᠢᠷᠠᠨ᠎ᠠ

ᠬᠠᠯᠠ ᠲᠡᠶ ᠨᠠᠮᠤᠷ ᠤᠨ ᠬᠠᠳᠠᠭᠤ ᠰᠡᠳᠭᠢᠯ ᠳ᠋ᠤ

ᠬᠠᠷᠠᠯᠠᠨ ᠣᠨᠠᠠᠠᠰᠠᠨ ᠨᠤᠭᠤᠭᠠᠨ ᠨᠠᠪᠴᠢᠰ ᠡᠮᠭᠡᠨᠢᠵᠤ

ᠣᠳᠠᠨ ᠨᠠᠪᠴᠢ ᠭᠠᠵᠠᠷ ᠰᠢᠷᠠᠯᠠᠨ ᠪᠦᠷᠭᠦᠭᠦ ᠳ᠋ᠤ

ᠣᠢ᠌ᠤᠠᠬᠠᠷᠯᠠᠭᠰᠠᠨ ᠮᠢᠨᠤ ᠰᠡᠳᠭᠢᠯ ᠭᠦᠡᠳᠦᠷᠡᠨ᠎ᠡ

ᠪᠣᠴᠠᠬᠤ ᠦᠭᠡᠶ ᠣᠷᠴᠢᠬᠤ ᠪᠦᠮᠪᠦᠷᠴᠡᠭ᠌ ᠤᠨ

ᠪᠣᠳᠤᠯ ᠳᠤ ᠪᠠᠨ ᠪᠣᠭᠤᠷᠤᠯᠳᠤᠬᠤ ᠪᠠᠢ᠌ᠭᠠᠯᠢ ᠨᠢ

ᠪᠣᠮᠠᠨ ᠬᠤᠷᠢᠶᠠᠯᠳᠠ ᠶᠢᠨ ᠵᠢᠮᠢᠰ ᠳᠡᠭᠡᠭᠡᠵᠤ

ᠪᠣᠴᠠᠬᠤ ᠪᠠᠨ ᠮᠠᠷᠳᠠᠬᠤ ᠭᠠᠯᠠᠭᠤᠳ ᠢ ᠦᠳᠡᠨ᠎ᠠ

ᠨᠡᠭᠦᠳᠡᠯ ᠤᠨ ᠰᠢᠪᠠᠭᠤᠳ ᠳᠡᠭᠡᠰᠦᠷᠡᠨ ᠵᠠᠯᠠᠯᠠᠵᠤ

ᠨᠠᠮᠤᠷ ᠤᠨ ᠡᠯᠪᠠᠭ᠌ ᠠᠶᠠᠰ ᠶᠢᠡᠨ ᠭᠦᠭ᠍ᠵᠢᠮᠳᠡᠨ

ᠨᠠᠷᠠᠨ ᠰᠤᠷᠮᠤᠤᠰᠤᠨ ᠳᠤ ᠳᠠᠭᠤᠤ ᠪᠠᠨ ᠡᠷᠭᠦᠨ

ᠨᠠᠮ ᠨᠠᠮᠵᠢᠭᠤᠨ ᠡᠪᠦᠯ ᠵᠥᠭ᠌ ᠶᠢᠡᠨ ᠭᠠᠯᠭᠢᠨ᠎ᠠ

ᠣᠳᠤᠨ ᠵᠢᠷᠤᠭ᠎ᠠ ᠭᠡᠭᠡᠷ᠎ᠡ ᠳᠤᠮᠳᠠ ᠪᠦᠮᠪᠦᠯᠵᠡᠭᠦ ᠳ᠋ᠤ

ᠦᠨᠢᠶᠠᠨ ᠵᠠᠯ᠎ᠠ ᠡᠴᠠ ᠳᠤᠰᠤ ᠲᠡᠶ ᠭᠡᠪᠢᠯᠭᠡᠨ ᠳᠤ

ᠳᠤᠳᠠᠭᠤ ᠣᠷᠭᠢᠠᠠᠰᠠᠨ ᠰᠢᠯᠦᠭ᠌ ᠮᠢᠨᠢ ᠨᠥᠭᠦᠭ᠍ᠳᠡᠨ᠎ᠡ

ᠭᠦᠷᠦᠰᠦᠯᠡᠵᠤ ᠦᠷᠡᠯᠡᠭ᠍ᠰᠡᠨ ᠳᠠᠷᠢᠶᠠᠨ ᠵᠠᠬ᠎ᠠ ᠳ᠋ᠤ

ᠬᠤᠷᠢᠶᠠᠯᠳᠠ ᠣᠪᠣᠭᠠᠯᠠᠵᠤ ᠭᠦᠮᠦᠰ ᠶᠠᠭᠠᠷᠠᠯᠳᠤᠨ

ᠬᠤᠷᠠᠠᠠᠰᠢᠬᠤ ᠠᠮᠢᠳᠤᠷᠠᠯ ᠤᠨ ᠰᠠᠢ᠌ᠨ ᠢ ᠵᠦᠩᠨᠠᠵᠤ

ᠬᠤᠨᠤᠭ ᠮᠠᠷᠭᠠᠰᠢ ᠶᠢᠨ ᠰᠠᠢ᠌ᠬᠠᠨ ᠢ ᠬᠤᠷᠣᠢ᠌ᠯᠠᠨ᠎ᠠ

ᠨᠠᠷᠠᠯᠠᠭ ᠬᠤᠷᠸ᠎ᠠ ᠶᠢ ᠪᠣᠭᠤᠷᠤᠯᠳᠠᠭᠤᠯᠤᠭᠰᠠᠨ

ᠨᠠᠮᠤᠷ ᠤᠨ ᠰᠢᠷᠭᠠᠯ ᠨᠠᠪᠴᠢᠷᠭ᠎ᠠ ᠶᠢ ᠭᠠᠢ᠌ᠬᠠᠭᠠᠤᠨ

ᠨᠠᠰᠤᠨ ᠭᠢᠷᠠᠭᠤ ᠥᠡᠳᠦᠷᠯᠡᠭ᠍ᠰᠡᠨ ᠶᠢᠡᠨ ᠰᠠᠨᠠᠨ

ᠨᠢᠳᠤᠨ ᠴᠡᠴᠡᠭᠡᠢ ᠪᠣᠳᠤᠯ ᠶᠢᠡᠷ ᠪᠦᠳᠡᠭᠢᠷᠡᠨ᠎ᠡ

ᠨᠠᠷᠠᠨ ᠵᠠᠯᠠᠭᠤ ᠨᠠᠰᠤ ᠮᠢᠨᠢ ᠢᠳᠡᠷᠵᠢᠭᠦ ᠰᠢᠭ᠌

ᠵᠤᠨ ᠤ ᠰᠠᠢ᠌ᠬᠠᠨ ᠨᠠᠷᠠ ᠨᠠᠮᠤᠷᠵᠢᠬᠤ ᠵᠥᠭ᠌

ᠨᠠᠮᠤᠷᠵᠢᠶ᠎ᠠ ᠨᠢ ᠡᠪᠦᠯᠵᠢᠶ᠎ᠡ ᠶᠢᠨ ᠳᠠᠰᠢ ᠨᠡᠭᠦᠵᠤ

ᠵᠠᠮ ᠨᠢ ᠵᠠᠮ ᠶᠢᠡᠨ ᠨᠡᠭᠡᠭᠡᠵᠤ ᠵᠤᠷᠠᠢ᠌ᠨ᠎ᠠ ᠁


ᠵᠤᠬᠢᠶᠠᠭᠴᠢ ᠶᠢᠨ ᠬᠠ‍‌ᠶᠢᠭ ᠄ ᠦᠪᠣᠷ ᠮᠤᠩᠭ᠋ᠤᠯ ᠣᠷᠳᠤᠰ

ᠵᠤᠬᠢᠶᠠᠭᠴᠢ᠄ ᠊ᠭ᠍ᠧ᠊·ᠮᠥᠩᠭᠡ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1661
ᠴᠠᠭ᠄ 2011 ᠤᠨ ᠤ 01 ᠰᠠᠷ᠎ᠠ ᠶᠢᠨ 11
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ