ᠬᠤᠵᠢᠮᠳᠠᠭᠰᠠᠨ ᠬᠠᠢ᠌ᠷ᠎ᠠ

ᠭᠦᠮᠤᠨ ᠤ ᠰᠠᠢ᠌ᠬᠠᠨ ᠣᠷᠴᠢᠯᠠᠩ ᠳ᠋ᠤ

ᠭᠦᠮᠤᠨ ᠪᠣᠯᠵᠤ ᠵᠢᠶᠠᠭᠠᠭᠰᠠᠨ ᠡᠴᠡ

ᠣᠯᠠᠨ ᠭᠡᠦᠭᠡᠡᠴᠦᠳ ᠤᠨ ᠳᠤᠮᠳᠠ ᠡᠴᠡ

ᠭᠦᠭᠡᠷᠦᠭᠡᠨ ᠴᠢᠮᠢ᠋ᠢ ᠳᠤᠭᠤᠯ᠎ᠠ

ᠠᠭᠤᠳᠠᠮ ᠬᠠᠩᠭ᠋ᠠᠢ ᠣᠷᠴᠢᠯᠠᠩ ᠳ᠋ᠤ

ᠠᠢ᠌ᠯ ᠤᠨ ᠦᠬᠢᠳ ᠤᠳ ᠮᠤᠩᠳᠠᠨ᠎ᠠ ᠤᠤ

ᠣᠶᠠᠬᠠᠨ ᠮᠢᠨᠤ ᠰᠡᠳᠭᠢᠯ ᠳ᠋ᠤ

ᠦᠨᠡᠠᠴᠢ ᠴᠢ ᠮᠢᠨᠢ ᠪᠠᠢ᠌ᠯ᠎ᠠ

ᠪᠢᠴᠢᠭᠡᠳ ᠦᠭ‍ᠭᠦᠭ᠍ᠰᠡᠨ ᠵᠠᠭᠢᠳᠠᠯ ᠤᠨ ᠶᠢᠡᠨ

ᠪᠣᠴᠠᠬᠤ ᠬᠠᠷᠢᠭᠤ ᠶᠢ ᠦᠵᠡᠭᠦ ᠳ᠋ᠤ

ᠪᠣᠯᠵᠤᠭᠠᠳᠤ ᠠᠮᠠᠷᠠᠭ ᠲᠡᠶ ᠪᠣᠯᠤᠭᠰᠠᠨ ᠭᠡᠵᠤ

ᠪᠣᠯᠭᠤᠮᠵᠢᠯᠠᠵᠤ ᠰᠠᠢ᠌ᠬᠠᠨ ᠪᠢᠴᠢᠭ᠍ᠰᠡᠨ ᠪᠠᠢ᠌ᠯ᠎ᠠ

ᠢᠨᠠᠭ ᠤᠨ ᠳᠠᠪᠠᠯᠭᠠᠨ ᠬᠠᠯᠭᠢᠯᠠᠭᠰᠠᠨ

ᠣᠶᠠᠬᠠᠨ ᠮᠢᠨᠤ ᠰᠡᠳᠭᠢᠯ

ᠠᠯᠠᠭ ᠬᠤᠷᠸ᠎ᠠ ᠶᠢᠨ ᠵᠢᠮ᠎ᠠ ᠶᠢ

ᠣᠬᠠᠭᠠᠷᠠᠵᠤ ᠰᠠ‍‌ᠶᠢ ᠣᠢ᠌ᠯᠭᠠᠭᠰᠠᠨ ᠰᠢᠭ

ᠬᠤᠯᠠ ᠶᠢᠨ ᠴᠩᠭᠡᠷ ᠵᠡᠷᠭᠡᠯᠭᠡᠨ ᠳᠤᠮᠳᠠ

ᠭᠦᠭᠡᠷᠦᠭᠡᠨ ᠴᠢ ᠮᠢᠨᠢ ᠬᠠᠷᠠᠭᠳᠠᠭᠠᠤᠨ ᠪᠠᠢ᠌ᠨ᠎ᠠ

ᠬᠤᠵᠢᠮᠳᠠᠭᠰᠠᠨ ᠬᠠᠢ᠌ᠷ᠎ᠠ ᠪᠠᠨ ᠪᠣᠳᠤᠬᠤᠯᠠᠷ

ᠭᠦᠳᠡᠭᠡ ᠮᠢᠨᠢ ᠨᠢᠭᠡ ᠯᠠ ᠡᠵᠡᠭᠦᠢᠷᠡᠭᠡᠳ ᠪᠠᠢ᠌ᠨ᠎ᠠ


ᠵᠤᠬᠢᠶᠠᠭᠴᠢ ᠶᠢᠨ ᠬᠠ‍‌ᠶᠢᠭ ᠄ ᠣᠯᠠᠭᠠᠠᠬᠠᠳᠠ ᠬᠤᠳᠠ ᠶᠢᠨ ᠭᠡᠰᠢᠭ᠍ᠳᠡᠨ ᠬᠤᠰᠢᠭᠤᠨ ᠤ ᠪᠠᠶᠠᠠᠴᠠᠭᠠᠨ ᠰᠤᠮᠤ

ᠵᠤᠬᠢᠶᠠᠭᠴᠢ᠄ ᠡᠷᠳᠡᠨᠢᠴᠢᠯᠡᠭᠤ
ᠬᠠᠷᠢᠶ᠎ᠠ᠄ ᠰᠢᠯᠦᠭ
ᠳᠠᠷᠤᠮ᠄ 2347
ᠴᠠᠭ᠄ 2013 ᠤᠨ ᠤ 03 ᠰᠠᠷ᠎ᠠ ᠶᠢᠨ 06