ᠪᠠᠭᠰᠢ ᠪᠢ

ᠪᠢᠯᠢᠭ᠌ ᠶᠢᠡᠨ ᠰᠢᠪᠬᠠᠵᠤ᠂ ᠣᠶᠤᠨ ᠶᠢᠡᠨ ᠪᠠᠳᠡᠷᠢᠭ᠍ᠰᠡᠨ

ᠪᠠᠶ᠎ᠠ ᠪᠠᠨ ᠪᠠᠷᠠᠵᠤ᠂ ᠰᠡᠳᠭᠢᠯ ᠶᠢᠡᠨ ᠵᠥᠳᠡᠭᠡᠭ᠍ᠰᠡᠨ

ᠪᠢᠴᠢᠭ᠌ ᠵᠢᠭᠠᠵᠤ᠂ ᠬᠡᠦᠬᠡᠳ ᠢ ᠰᠤᠷᠭᠠᠭᠰᠠᠨ

ᠪᠢᠷ ᠬᠤᠷᠴᠠᠯᠠᠨ ᠭᠤᠴᠢᠨ ᠵᠢᠯ ᠥᠩᠭᠡᠷᠡᠯ᠎ᠡ

    ᠪᠠᠭᠰᠢ ᠪᠠᠶ᠎ᠠ ᠬᠤᠶᠠᠷ ᠣᠶᠠᠭ᠎ᠠ ᠲᠡᠶ ᠣᠴᠢᠷ

    ᠪᠢᠯᠢᠭ᠌ ᠪᠢᠴᠢᠭ᠌ ᠬᠤᠶᠠᠷ ᠠᠷᠭᠠᠮᠵᠢᠶ᠎ᠠ ᠲᠡᠶ ᠣᠴᠢᠷ

    ᠪᠢ ᠪᠠᠭᠰᠢ ᠪᠣᠯᠬᠤ ᠬᠤᠪᠢᠳᠠᠢ ᠶᠢᠨ ᠨᠢᠭᠡᠨ

    ᠪᠠᠶᠠᠰᠤᠯ ᠳᠦᠷᠦᠭᠦᠯᠭᠦ ᠬᠠᠢ᠌ᠷ᠎ᠠ ᠶᠡᠭᠦᠯᠡᠭᠦ  ᠪᠤᠶᠡᠨᠳᠡᠨ

ᠰᠤᠶᠤᠯ᠂ ᠰᠤᠷᠳᠠᠯ ᠢ ᠬᠠᠮᠳᠤ ᠳᠤ ᠨᠢ ᠰᠤᠷᠭᠠᠬᠤ

ᠰᠤᠷᠭᠠᠯ᠂ ᠬᠠᠢ᠌ᠷ᠎ᠠ ᠶᠢ ᠴᠤᠭᠭᠠᠷ ᠲᠤ ᠨᠢ ᠭᠦᠷᠳᠡᠭᠡᠭᠦ

ᠪᠦᠯᠭᠦᠮᠳᠡᠯ᠂ ᠨᠠᠢ᠌ᠷ ᠢ ᠪᠦᠭᠦᠳᠡ ᠳᠤ ᠨᠢ ᠡᠷᠭᠢᠮᠯᠡᠭᠦᠯᠭᠦ

ᠪᠠᠭᠰᠢ ᠮᠢᠨᠤ ᠦᠨᠳᠦᠰᠦᠨ ᠬᠠᠷᠠᠯᠳᠠ ᠣᠷᠢᠶ᠎ᠠ

    ᠦᠷ ᠤᠨ ᠴᠤᠯᠮᠤᠨ ᠲᠡᠶ ᠣᠷᠤᠯᠳᠤᠨ ᠪᠠᠢ᠌ᠵᠤ

    ᠡᠳᠦᠷ ᠤᠨ ᠠᠵᠢᠯ ᠳᠤ ᠪᠠᠨ ᠶᠠᠭᠠᠷᠠᠳᠠᠭ ᠪᠢ

    ᠣᠢᠳᠠᠰᠢ ᠶᠢᠨ ᠳᠤᠯᠤᠭᠠᠨ ᠪᠣᠷᠬᠠᠨ ᠲᠡᠶ ᠬᠠᠨᠢᠯᠠᠨ ᠪᠠᠢ᠌ᠵᠤ

    ᠦᠷᠭᠦᠯᠵᠢᠯᠡᠭᠦ ᠠᠵᠢᠯ ᠡᠴᠠ ᠪᠠᠨ ᠪᠣᠴᠠᠳᠠᠭ ᠪᠢ

ᠰᠢᠪᠠᠷᠠᠨ ᠣᠷᠤᠬᠤ ᠨᠠᠮᠤᠷ ᠤᠨ ᠪᠣᠷᠤᠭᠠᠨ ᠳ᠋ᠤ

ᠰᠢᠪᠠᠷ ᠳᠤᠭᠤᠰᠬ᠎ᠠ ᠲᠡᠶ ᠵᠠᠭᠤᠷᠠᠯᠳᠤᠨ ᠰᠢᠪᠠᠷᠴᠢᠨ ᠣᠷᠤᠯᠠᠭᠰᠠᠨ ᠨᠢ

ᠰᠡᠳᠭᠢᠯ ᠤᠨ ᠬᠠᠨᠢ ᠰᠤᠷᠤᠭᠴᠢᠳ ᠵᠢᠠᠨ

ᠰᠡᠷᠢᠭᠦᠳᠴᠤ ᠨᠤᠷᠤᠬᠤ ᠡᠴᠠ ᠰᠡᠷᠭᠡᠢ᠌ᠯᠡᠭ᠍ᠰᠡᠨ ᠰᠠᠨᠠᠭ᠎ᠠ

   ᠱᠠᠷᠴᠢᠭᠢᠨᠠᠨ ᠬᠠᠤᠭᠢᠵᠤ᠂ ᠢᠰᠭᠢᠷᠤᠨ ᠱᠤᠤᠭᠢᠬᠤ ᠰᠠᠯᠭᠢᠨ ᠳ᠋ᠤ

   ᠰᠢᠯ ᠴᠤᠩᠬᠤ ᠡᠪᠯᠡᠨ ᠬᠠᠳᠠᠬᠤ ᠰᠢᠯᠢᠴᠢᠨ ᠪᠣᠯᠤᠭᠰᠠᠨ ᠨᠢ

   ᠰᠡᠩᠭᠡᠷᠡᠭᠦ ᠣᠬᠠᠭᠠᠨ ᠲᠡᠶ ᠰᠤᠷᠤᠭᠴᠢᠳ ᠲᠤ ᠪᠠᠨ

   ᠰᠡᠯᠡᠭᠦᠨ ᠳᠤᠭᠢᠯᠢᠭ ᠰᠠᠭᠤᠴᠠ ᠪᠡᠯᠡᠳᠭᠡᠭ᠍ᠰᠡᠨ ᠪᠣᠳᠤᠯ

ᠡᠭᠦᠳᠡ ᠴᠤᠩᠬᠤ ᠵᠠᠰᠠᠵᠤ ᠰᠡᠯᠪᠢᠳᠡᠭ᠌

ᠦᠨ᠎ᠡ ᠲᠦᠯᠤᠪᠣᠷᠢ ᠦᠭᠡᠶ ᠮᠤᠳᠤᠴᠢᠨ ᠳᠠᠮᠤᠷᠴᠢᠨ ᠪᠣᠯᠤᠭᠰᠠᠨ

ᠨᠡᠭᠦᠷᠡᠰᠤᠨ ᠣᠳᠤᠭᠠᠨ ᠳᠤ ᠬᠤᠤᠷᠳᠠᠭᠳᠠᠬᠤ ᠶᠢ ᠭᠢᠴᠢᠶᠡᠳᠡᠭ᠌

ᠨᠢᠭᠦᠯᠡᠰᠦᠩᠭᠦᠢ ᠰᠡᠳᠭᠢᠯᠳᠤ ᠰᠦᠨᠢ ᠶᠢᠨ ᠮᠠᠨᠠᠭᠠᠴᠢᠨ ᠪᠣᠯᠤᠭᠰᠠᠨ

    ᠡ᠊ᠨᠳᠡᠵᠤ ᠡᠪᠠᠦᠡᠭᠦ ᠰᠤᠷᠤᠭᠴᠢ ᠶᠢᠨ ᠡᠮᠤᠨ᠎ᠡ ᠡᠴᠠ

    ᠡᠮᠴᠢ ᠪᠣᠯᠵᠤ᠂ ᠡᠮᠴᠢᠯᠡᠭᠡ ᠭᠢᠵᠤ ᠦᠵᠡᠯ᠎ᠠ

    ᠦᠯᠦᠰᠴᠤ ᠬᠠᠷᠠᠩᠭ᠋ᠤᠤᠠᠬᠤ ᠰᠤᠷᠤᠭᠴᠢ ᠶᠢᠨ ᠬᠣᠢ᠌ᠨ᠎ᠠ ᠡᠴᠠ

    ᠡᠴᠢᠭᠡ ᠶᠢ ᠨᠢ ᠣᠷᠤᠯᠠᠨ ᠦᠯ ᠬᠤᠭᠤᠯᠠ ᠪᠠᠵᠠᠭᠠᠵᠤ ᠦᠵᠡᠯ᠎ᠠ

ᠡᠮᠦᠰᠴᠤ ᠵᠡᠭᠦᠭᠦ ᠳᠤᠳᠠᠮᠠᠭ ᠰᠤᠷᠤᠭᠴᠢ ᠵᠢ

ᠦᠪᠡᠷ ᠤᠨ ᠬᠡᠦᠬᠡᠳ ᠡᠴᠠ ᠳᠤᠤᠷ᠎ᠠ ᠦᠭᠡᠶ ᠳᠤᠰᠠᠯᠠᠳᠠᠭ

ᠥᠭᠡᠳᠡ᠂ ᠣᠷᠤᠭᠤ ᠰᠤᠷᠤᠭᠴᠢ ᠳᠤ ᠠᠳᠠᠯᠢ ᠬᠠᠠᠳᠤᠵᠤ

ᠦᠯᠵᠡᠢ ᠮᠦᠷ ᠲᠡᠶ ᠪᠢᠴᠢᠭ᠌ ᠤᠨ ᠵᠠᠮ ᠣᠯᠭᠤᠳᠠᠭ

    ᠦᠨᠡᠨ ᠡᠴᠠ ᠵᠦᠪ ᠢ ᠡᠷᠢᠭᠦ ᠵᠠᠷᠴᠢᠮ

    ᠥᠢᠯᠡᠳᠦᠯᠭᠡ ᠪᠠᠷ ᠦᠨᠡᠨ ᠶᠤᠰᠤ ᠶᠢ ᠰᠢᠯᠭᠠᠬᠤ ᠪᠠᠷᠢᠮᠵᠢᠶ᠎ᠠ

    ᠥᠭᠡᠳᠡᠯᠡᠭᠦ ᠠᠵᠢᠯ ᠳᠤ ᠮᠢᠨᠢ ᠵᠤᠷᠰᠢᠭᠰᠠᠨ ᠳᠤᠯᠠ

    ᠥᠳᠡᠯᠭᠦ ᠶᠢᠨ ᠥᠵᠦᠭᠦᠷ ᠲᠤ ᠪᠠᠭᠰᠢ ᠪᠢ ᠵᠢᠷᠭᠠᠨ᠎ᠠ


ᠵᠤᠬᠢᠶᠠᠭᠴᠢ ᠶᠢᠨ ᠬᠠ‍‌ᠶᠢᠭ ᠄ ᠪᠠᠷᠠᠭᠤᠨ ᠰᠦᠨᠢᠳ

ᠵᠤᠬᠢᠶᠠᠭᠴᠢ᠄ ᠮᠢ᠊·ᠭᠡᠷᠡᠯ
ᠬᠠᠷᠢᠶ᠎ᠠ᠄ ᠰᠢᠯᠦᠭ
ᠳᠠᠷᠤᠮ᠄ 2203
ᠴᠠᠭ᠄ 2010 ᠤᠨ ᠤ 12 ᠰᠠᠷ᠎ᠠ ᠶᠢᠨ 20