ᠦᠨᠡᠨ ᠰᠡᠳᠭᠢᠯ

ᠪᠢ ᠡᠮᠡᠭ᠍ᠳᠡᠢ ᠨᠠᠢ᠌ᠵᠠ ᠲᠡᠶ ᠪᠠᠨ ᠨᠢᠭᠡ ᠰᠤᠷᠭᠠᠭᠤᠯᠢ ᠳᠤ ᠰᠤᠷᠤᠯᠴᠠᠵᠤ ᠪᠣᠢ᠃ ᠳᠠᠷᠠ ᠬᠤᠶᠠᠳᠤᠭᠠᠷ ᠣᠨ ᠤ ᠣᠶᠤᠳᠠᠨ᠂ ᠪᠢ ᠳᠦᠷᠪᠠᠳᠦᠭᠡᠷ ᠣᠨ ᠤ ᠣᠶᠤᠳᠠᠨ᠃ ᠳᠡᠭᠦᠨ ᠤ ᠨᠠᠢ᠌ᠵᠠ ᠰᠠᠷᠠᠨ ᠶᠠᠭ ᠰᠠᠢ᠌ᠬᠠᠨ ᠮᠠᠨ ᠤ ᠪᠠᠢ᠌ᠷᠢ ᠶᠢᠨ ᠭᠦᠭ᠍ᠵᠢᠯ ᠲᠡᠶ ᠪᠠᠰᠠ ᠢᠨᠠᠭᠯᠠᠵᠤ ᠪᠠᠢ᠌ᠬᠤ ᠶᠤᠮ᠃ ᠰᠠᠷᠠᠨ ᠪᠣᠯᠤᠨ ᠮᠢᠨᠤ ᠡᠮᠡᠭ᠍ᠳᠡᠢ ᠨᠠᠢ᠌ᠵᠠ ᠣᠷᠠᠨ ᠬᠤᠶᠠᠷ ᠨᠢᠭᠡ ᠪᠠᠢ᠌ᠷᠢ ᠳᠤ ᠪᠠᠢ᠌ᠭ᠎ᠠ ᠪᠣᠯᠬᠤᠷ ᠡᠳᠦᠷ ᠪᠣᠯᠭᠠᠨ ᠪᠢᠳᠠ ᠬᠤᠶᠠᠭᠤᠯᠠ ᠶᠢ ᠬᠠᠷᠢᠴᠠᠭᠤᠯᠤᠭᠰᠠᠨ ᠶᠠᠷᠢᠶ᠎ᠠ ᠭᠡᠯᠡᠯᠴᠡᠭᠡ ᠳᠠᠳᠠᠨ ᠤ ᠪᠠᠢ᠌ᠷᠢ ᠶᠢᠨ ᠬᠤᠭᠤᠯᠠᠨ ᠤ ᠳᠠᠷᠠᠭᠠᠭᠢ ᠵᠤᠭᠤᠭ ᠪᠣᠯᠬᠤ ᠪᠦᠭᠡᠳ ᠮᠠᠷᠭᠠᠰᠢ ᠨᠢ ᠪᠢᠳᠠᠨ ᠳᠤ ᠪᠠᠰᠠ ᠳᠠᠷᠠ ᠶᠤᠰᠤᠭᠠᠷ ᠨᠢ ᠭᠦᠷᠴᠤ ᠢᠷᠡᠳᠡᠭ᠌ ᠪᠠᠢ᠌ᠪᠠ᠃ ᠡᠨᠡ ᠨᠢ ᠪᠢᠳᠠ ᠬᠤᠶᠠᠷ ᠢ ᠠᠷᠭ᠎ᠠ ᠦᠭᠡᠶ ᠮᠥᠩᠭᠦ᠂ ᠰᠡᠳᠭᠢᠯ ᠤᠨ ᠳᠠᠷᠴᠢᠯᠭᠠᠯᠠᠯ ᠳᠤ ᠣᠴᠠᠷᠠᠭᠤᠯᠳᠠᠭ ᠶᠤᠮ᠃

ᠡᠮᠡᠭ᠍ᠳᠡᠢ ᠨᠠᠢ᠌ᠵᠠ ᠶᠢᠨ ᠶᠢᠡᠨ ᠨᠠᠷ᠎ᠠ ᠭᠦᠡᠳᠤ ᠶᠢ ᠬᠠᠮᠠᠭᠠᠯᠠᠬᠤ ᠭᠡᠵᠤ ᠪᠢᠳᠠ ᠬᠤᠶᠠᠷ ᠦᠪᠡᠷ ᠦᠪᠡᠷ ᠤᠨ ᠭᠦᠴᠤ ᠴᠢᠳᠠᠯ ᠪᠦᠭᠦᠨ ᠢ ᠰᠢᠪᠬᠠᠳᠠᠭ ᠪᠣᠯᠪᠠ᠃ ᠭᠡᠷᠪᠡ ᠨᠢᠭᠡ ᠨᠢ ᠨᠠᠢ᠌ᠵᠠ ᠲᠡᠶ ᠪᠠᠨ ᠺᠢᠨᠤ᠋ ᠥᠵᠡᠭ᠍ᠰᠡᠨ ᠪᠣᠯ ᠨᠥᠭᠦᠭᠡ ᠨᠢ ᠯᠠᠪ ᠨᠠᠢ᠌ᠵᠠ ᠪᠠᠨ ᠳᠠᠭᠠᠭᠤᠯᠵᠤ ᠪᠦᠵᠢᠭ᠌ ᠤᠨ ᠳᠢᠩᠭᠢᠮ ᠳᠤ ᠣᠷᠤᠨ᠎ᠠ᠃ ᠨᠢᠭᠡ ᠨᠢ ᠨᠠᠢ᠌ᠵᠠ ᠳᠠᠭᠠᠨ ᠦᠨᠳᠦᠷ ᠳᠠᠰ ᠤᠨ ᠭᠤᠶᠤᠯᠠᠯ ᠤᠨ ᠡᠳ᠋ ᠠᠪᠴᠤ ᠦᠭ‍ᠭᠦᠭ᠍ᠰᠡᠨ ᠪᠣᠯ ᠨᠥᠭᠦᠭᠡ ᠨᠢ ᠳᠠᠯᠠᠢ ᠪᠠᠨ ᠴᠢᠩᠭ᠋ᠠᠯᠠᠵᠤ ᠪᠠᠢ᠌ᠭᠠᠤᠨ ᠴᠤ ᠭᠡᠰᠡᠨ ᠨᠠᠷ᠎ᠠ ᠳᠡᠮᠳᠡᠭ᠍ᠳᠤ ᠳᠠᠰ ᠦᠨᠳᠦᠷ ᠵᠠᠰᠠᠯ ᠤᠨ ᠳᠡᠯᠭᠡᠭᠦᠷ ᠪᠣᠶᠤ ᠬᠤᠪᠴᠠᠰᠤᠨ ᠳᠡᠯᠭᠡᠭᠦᠷ ᠲᠤ ᠣᠷᠤᠬᠤ ᠦᠭᠡᠶ ᠪᠣᠯ ᠪᠦᠳᠤᠨ ᠰᠦᠨᠢ ᠨᠣᠢ᠌ᠷ ᠦᠭᠡᠶ ᠬᠤᠨᠤᠨ᠎ᠠ ᠭᠡᠵᠤ ᠮᠠᠳᠠ᠃

ᠢᠩᠭᠢᠵᠤ ᠥᠷᠭᠦᠯᠵᠢᠯᠡᠨ ᠳᠡᠩᠴᠡᠭᠦᠯᠦᠭᠡᠳ ᠭᠡᠰᠡᠭ᠌ ᠬᠤᠭᠤᠴᠠᠭ᠎ᠠ ᠪᠣᠯᠬᠤ ᠳᠤ ᠪᠢᠳᠠᠨ ᠤ ᠨᠡᠷᠡᠯᠭᠡᠭ᠌ ᠰᠡᠳᠭᠢᠯ ᠣᠯᠠᠮ ᠶᠡᠭᠡᠰᠴᠤ ᠵᠤᠭᠤᠰᠤᠨ ᠬᠠᠪᠳᠠᠭ᠎ᠠ ᠳᠦᠷᠭᠡᠨ ᠨᠢᠮᠭᠡᠷᠡᠳᠡᠭ᠌ ᠪᠣᠯᠤᠯ᠎ᠠ᠃ ᠭᠦᠭ᠍ᠵᠢᠯ ᠤᠨ ᠠᠪᠣ ᠨᠢ ᠨᠢᠭᠡ ᠵᠢᠯ ᠳᠤ ᠭᠡᠳᠤᠨ ᠠᠷᠪᠠᠨ ᠲᠦᠮᠡ ᠪᠠᠷ ᠣᠯᠳᠠᠭ ᠮᠠᠢ᠌ᠮᠠᠢ᠌ᠴᠢᠨ ᠭᠦᠮᠤᠨ ᠪᠣᠯᠬᠤᠷ ᠳᠠᠷᠠ ᠨᠠᠳᠠ ᠡᠴᠡ ᠳᠠᠪᠠᠭᠤᠯᠢᠭ ᠪᠠᠢ᠌ᠷᠢ ᠳᠤ ᠪᠠᠢ᠌ᠪᠠ᠃ ᠮᠠᠨ ᠤ ᠭᠢᠨ ᠰᠢᠭ ᠭᠦᠯᠦᠰᠤ ᠮᠥᠩᠭᠦ ᠳᠦᠰᠢᠭ᠍ᠰᠡᠨ ᠭᠡᠷ ᠪᠦᠯᠢ ᠨᠠᠳᠠᠳᠤ ᠵᠤᠭᠤᠰ ᠦᠭ‍ᠭᠦᠭᠡᠳ ᠢᠨᠠᠭᠯᠠᠭᠤᠯᠤᠨ᠎ᠠ ᠭᠡᠵᠤ ᠪᠠᠢ᠌ᠳᠠᠭ ᠦᠭᠡᠶ ᠭᠡᠷᠡᠭ᠌᠃ ᠪᠢ ᠪᠠᠰᠠ ᠨᠠᠢ᠌ᠵᠠ ᠲᠡᠶ ᠪᠣᠯᠤᠭᠰᠠᠨ ᠶᠢᠡᠨ ᠠᠪᠣ ᠡᠵᠢ ᠳᠡᠭᠡᠨ ᠶᠠᠷᠢᠭᠰᠠᠨ ᠦᠭᠡᠶ᠃ ᠪᠢ ᠡᠨᠡ ᠳᠤᠮᠤ 《ᠪᠠᠢ᠌ᠯᠳᠤᠭᠠᠨ ᠤ ᠳᠠᠯᠠᠪᠣᠷ》 ᠲᠤ ᠣᠷᠤᠯᠴᠠᠭᠰᠠᠨ ᠮᠢᠨᠢ ᠭᠦᠮᠤᠨ ᠤ ᠬᠡᠦᠬᠡᠳ ᠲᠤ ᠭᠢᠴᠢᠶᠠᠯ ᠨᠥᠭᠦᠪᠦᠷᠢᠯᠡᠵᠤ ᠦᠭ‍ᠭᠦᠭᠡᠳ ᠣᠯᠤᠭᠰᠠᠨ ᠵᠤᠭᠤᠰ ᠪᠣᠯᠤᠨ ᠡᠡᠭ᠌ ᠤᠨ ᠴᠠᠭ ᠤᠨ ᠠᠷᠪᠢᠯᠠᠯ ᠪᠣᠯᠬᠤ ᠶᠤᠮ᠃ ᠪᠢ ᠪᠠᠰᠠ ᠭᠢᠴᠢᠶᠠᠯ ᠤᠨ ᠵᠠᠪᠰᠠᠷ ᠲᠤ ᠥᠭᠡᠷ᠎ᠡ ᠠᠵᠢᠯ ᠡᠷᠢᠵᠤ ᠭᠢᠳᠡᠭ᠌᠂ ᠭᠡᠪᠠᠴᠤ ᠬᠠᠰᠢᠯᠠ ᠭᠦᠭ᠍ᠵᠢᠯ ᠳᠤ ᠢᠯᠠᠭᠳᠠᠵᠤ ᠪᠢᠯᠠ᠃

ᠭᠦᠭ᠍ᠵᠢᠯ ᠶᠠᠷᠤ ᠨᠢ ᠶᠡᠭᠡ ᠪᠠᠷ ᠵᠤᠭᠤᠰ ᠵᠠᠷᠤᠬᠤ ᠡᠴᠡ ᠠᠶᠤᠳᠠᠭ ᠦᠭᠡᠶ ᠭᠠᠢ᠌ᠬᠠᠯ᠃ ᠳᠠᠷᠠ ᠭᠡᠵᠢᠶᠡᠳᠡ ᠨᠠᠢ᠌ᠵᠠ ᠳᠠᠭᠠᠨ ᠦᠨᠳᠦᠷ ᠳᠠᠰ ᠤᠨ ᠡᠳ᠋ ᠢ ᠠᠪᠴᠤ ᠦᠭ‍ᠭᠦ ᠶᠤᠮ᠃ ᠳᠦᠷᠦᠭᠦᠭᠡᠨ ᠳᠠᠪᠤᠨ ᠵᠠᠭᠤᠨ ᠳᠦᠭᠦᠷᠢᠭ᠌ ᠵᠠᠷᠤᠵᠤ ᠰᠠᠷᠠᠨ ᠳᠤ ᠠᠪᠴᠤ ᠦᠭ‍ᠭᠦᠭ᠍ᠰᠡᠨ MP3 ᠨᠢ ᠳᠠᠮᠠᠢ ᠣᠳᠠᠭᠰᠠᠨ ᠦᠭᠡᠶ ᠭᠤᠷᠪᠠᠨ ᠵᠠᠭᠤ ᠭᠦᠷᠭᠦ ᠦᠭᠡᠶ ᠳᠠᠰ ᠡᠴᠡ ᠪᠠᠭᠤᠷᠠᠭᠰᠠᠨ ᠪᠠᠷᠠᠭ᠎ᠠ ᠪᠣᠯᠬᠤ ᠶᠢ ᠰᠠᠷᠠᠨ ᠮᠡᠳᠡᠭ᠍ᠰᠡᠨ ᠪᠦᠭᠡᠳ ᠳᠤᠬᠠᠢ ᠶᠢᠨ ᠦᠶ᠎ᠡ ᠳᠤ ᠬᠤᠳᠠᠯᠳᠤᠭᠠᠴᠢᠨ ᠦᠯᠢᠶᠠᠨ ᠭᠦᠭᠡᠷᠭᠡᠳᠡᠵᠤ ᠦᠨᠡᠳᠠᠢ ᠬᠤᠳᠠᠯᠳᠤᠭᠰᠠᠨ ᠢ ᠴᠤ ᠮᠠᠳᠠᠪᠠ᠃ ᠡᠭᠦᠨ ᠢ ᠭᠦᠭ᠍ᠵᠢᠯ ᠮᠡᠳᠡᠮᠡᠭ᠍ᠴᠡ ᠳᠠᠷᠤᠢ ᠳ᠋ᠤᠨᠢ ᠰᠢᠨ᠎ᠠ ᠮᠠᠶ‍ᠢᠭ ᠢ ᠰᠤᠯᠢᠵᠤ ᠦᠭ‍ᠭᠦᠭ᠍ᠰᠡᠨ ᠶᠢᠡᠷ ᠪᠠᠷᠠᠬᠤ ᠦᠭᠡᠶ ᠪᠣᠷᠤᠭᠤ ᠮᠠᠳᠠᠵᠤ ᠨᠢᠭᠡ ᠪᠢᠴᠢᠯ ᠺᠤᠮᠫᠢᠦ᠋ᠲ᠋ᠧᠷ ᠪᠠᠯᠡᠭᠯᠡᠪᠡ᠃ ᠡᠭᠦᠨ ᠳᠤ ᠰᠠᠷᠠᠨ ᠪᠠᠶᠠᠷᠯᠠᠭᠠᠤᠨ ᠠᠮᠠ ᠬᠠᠮᠭᠢᠬᠤ ᠶᠢ ᠪᠣᠤ ᠭᠡᠯᠡ᠂ ᠵᠠᠪᠠᠵᠢ ᠨᠢ ᠪᠦᠷ ᠴᠢᠭᠢᠨ ᠤ ᠭᠢᠨᠢ ᠠᠷᠤ ᠳᠤ ᠭᠠᠷᠴᠢᠬᠠᠯ᠎ᠠ ᠭᠡᠰᠡᠨ ᠴᠤ ᠪᠣᠯᠤᠮᠠᠷ ᠪᠠᠢ᠌ᠪᠠ᠃ ᠡᠨᠡ ᠣᠴᠢᠷ ᠨᠠᠮ᠎ᠠ ᠶᠢ ᠴᠤᠬᠤᠮ ᠶᠠᠭᠠᠭᠢᠬᠤ ᠪᠠᠨ ᠣᠯᠬᠤ ᠦᠭᠡᠶ ᠪᠣᠯᠳᠠᠯ᠎ᠠ ᠪᠠᠴᠢᠮᠳᠠᠭᠤᠯᠵᠤ ᠣᠷᠭᠢᠭᠰᠠᠨ ᠶᠤᠮ᠃

ᠡᠨᠡᠭᠦ ᠪᠢᠴᠢᠯ ᠺᠤᠮᠫᠢᠦ᠋ᠲ᠋ᠧᠷ ᠪᠢᠳᠠ ᠬᠤᠶᠠᠷ ᠤᠨ ᠨᠡᠷᠡᠯᠭᠡᠭ᠌ 《ᠨᠢᠭᠤᠷ ᠤᠨ ᠪᠠᠢ᠌ᠯᠳᠤᠭᠠᠨ》 ᠊ᠢ ᠣᠷᠭᠢᠯ ᠳᠤᠨᠢ ᠳᠤᠯᠭᠠᠵᠤ ᠪᠢᠯᠠ᠃ ᠣᠷᠠᠨ ᠳᠡᠷᠡᠭᠦ ᠪᠢᠴᠢᠯ ᠺᠤᠮᠫᠢᠦ᠋ᠲ᠋ᠧᠷ ᠢ ᠳᠤᠷᠠᠳᠬᠤ ᠪᠦᠷᠢ ᠨᠢᠳᠤᠨ ᠳ᠋ᠤᠨᠢ ᠣᠴᠢ ᠪᠠᠳᠠᠷᠠᠵᠤ᠂ ᠳᠤᠩᠭ᠋ᠠᠯᠠᠭ ᠰᠠᠢ᠌ᠬᠠᠨ ᠮᠠᠯᠮᠠᠢ ᠨᠢ ᠰᠤᠴᠢᠯ ᠪᠢᠰᠢᠷᠠᠯ ᠶᠢᠡᠷ ᠳᠦᠭᠦᠷᠭᠦ ᠶᠤᠮ᠃ ᠪᠢ ᠳᠠᠳᠠᠨ ᠤ ᠪᠠᠢ᠌ᠷᠢ ᠶᠢᠨ ᠭᠢᠨᠢ ᠰᠠᠷᠠᠨ ᠤ ᠮᠠᠰᠢᠨ ᠢ ᠮᠠᠭᠳᠠᠵᠤ ᠪᠠᠬᠠᠷᠠᠠᠠᠬᠤ ᠵᠠᠭᠤᠷ᠎ᠠ ᠨᠠᠭᠠᠳᠤᠮ ᠦᠨᠡᠨ ᠤ ᠳᠤᠮᠳᠠᠭᠤᠷ 《ᠣᠷᠠᠨ ᠤ ᠨᠠᠢ᠌ᠵᠠ ᠨᠢ ᠴᠤᠬᠤᠮ ᠶᠠᠭᠤ ᠭᠦᠷᠭᠡᠭᠦ ᠪᠣᠯ︖ ᠴᠢ ᠨᠠᠢ᠌ᠵᠠ ᠳᠠᠭᠠᠨ ᠪᠢᠴᠢᠯ ᠺᠤᠮᠫᠢᠦ᠋ᠲ᠋ᠧᠷ ᠠᠪᠣᠨ᠎ᠠ ᠭᠡᠵᠤ ᠭᠡᠯᠡᠪᠠᠯ ᠳᠠᠭᠠᠷᠠᠨ᠎ᠠ》 ᠭᠡᠭᠦ ᠡᠴᠡ ᠥᠨᠡᠭᠡᠷ ᠠᠶᠤᠨ᠎ᠠ᠂ ᠢᠩᠭᠢᠵᠤ ᠪᠣᠳᠤᠬᠤ ᠪᠦᠷᠢ ᠵᠢᠷᠦᠭᠡ ᠴᠡᠴᠡᠷᠡᠭᠦ ᠶᠤᠮ᠃

ᠶᠠᠭᠠᠭᠢᠨ᠎ᠠ ⁈ ᠪᠢᠴᠢᠯ ᠺᠤᠮᠫᠢᠦ᠋ᠲ᠋ᠧᠷ ᠊᠊᠊᠊᠊᠊᠊᠊᠊᠊᠊᠊᠊᠊᠊ ᠨᠠᠳᠠᠳᠤ ᠡᠨᠡᠭᠦ ᠲᠦᠮᠡ ᠭᠠᠷᠤᠢ ᠳᠦᠭᠦᠷᠢᠭ᠌ ᠤᠨ ᠡᠳ᠋ ᠠᠪᠣᠨ᠎ᠠ ᠭᠡᠭ᠍ᠴᠢ ᠶᠤᠰᠤᠳᠠᠢ ᠰᠢᠷᠭᠤᠯᠵᠢ ᠵᠠᠭᠠᠨ ᠢ ᠭᠢᠰᠭᠢᠵᠤ ᠠᠯᠠᠬᠤ ᠪᠠᠷ ᠣᠷᠤᠯᠳᠤᠭᠰᠠᠨ ᠶᠠᠪᠣᠳᠠᠯ᠃ ᠴᠤᠬᠤᠮ ᠶᠠᠭᠠᠭᠢᠪᠠᠯ ᠪᠣᠯᠬᠤ ᠪᠣᠢ︖ ᠣᠯᠠᠨ ᠣᠳᠠᠭ᠎ᠠ ᠳᠤᠩᠭ᠋ᠠᠭᠰᠠᠨ ᠤ ᠳ᠋ᠦ᠋ᠩ ᠳᠤ ᠪᠢ ᠨᠢᠭᠡ ᠰᠢᠨ᠎ᠠ ᠮᠠᠶ‍ᠢᠭ ᠤᠨ ᠰᠡᠭᠦᠳᠡᠷᠯᠡᠭᠦ ᠮᠠᠰᠢᠨ ᠠᠪᠴᠤ ᠦᠭ‍ᠭᠦ ᠪᠠᠷ ᠳᠤᠭᠳᠠᠪᠠ᠃ ᠣᠷᠠᠨ ᠮᠢᠨᠢ ᠣᠷᠠᠨ ᠵᠢᠷᠤᠭ ᠤᠨ ᠳᠤᠰᠬᠠᠢ ᠮᠡᠷᠭᠡᠵᠢᠯ ᠰᠤᠷᠴᠤ ᠪᠠᠢ᠌ᠭ᠎ᠠ ᠪᠣᠯᠬᠤᠷ ᠰᠡᠭᠦᠳᠡᠷᠯᠡᠭᠦ ᠮᠠᠰᠢᠨ ᠲᠡᠶ ᠪᠣᠯᠬᠤ ᠨᠢ ᠳᠡᠭᠦᠨ ᠤ ᠭᠦᠰᠡᠯ ᠪᠠᠢ᠌ᠭᠰᠠᠨ ᠶᠤᠮ᠃ ᠪᠢᠴᠢᠯ ᠺᠤᠮᠫᠢᠦ᠋ᠲ᠋ᠧᠷ ᠤᠨ ᠬᠠᠭᠠᠰ ᠲᠤ ᠭᠦᠷᠭᠦ ᠦᠭᠡᠶ ᠪᠣᠯᠪᠠᠴᠤ ᠥᠴᠦᠭᠡᠨ ᠴᠤ ᠭᠡᠰᠡᠨ ᠨᠢᠭᠤᠷ ᠬᠠᠳᠠᠭᠠᠯᠠᠬᠤ ᠪᠠᠢ᠌ᠯᠭᠦᠢ᠃ ᠠᠢ ᠳ᠋ᠠ ᠶᠠᠭᠠᠭᠢᠬᠤᠪ᠂ ᠡᠨᠡ ᠵᠢᠭᠠᠬᠠᠨ ᠨᠢᠭᠤᠷ ᠤᠨ ᠳᠦᠯᠦᠭᠡ ᠪᠢ ᠴᠢᠨᠢ ᠪᠠᠰᠠ ᠠᠳᠠᠭ ᠲᠠᠭᠠᠨ ᠬᠤᠶᠠᠷ ᠭᠤᠷᠪᠠᠨ ᠮᠢᠩᠭ᠋ᠠᠨ ᠳᠦᠭᠦᠷᠡᠭ᠌ ᠭᠠᠷᠤᠵᠠᠳᠠᠨ᠎ᠠ ᠰᠢᠤ︕ ᠡᠳᠦᠢ ᠵᠤᠭᠤᠰ ᠬᠠᠮᠢᠭ᠎ᠠ ᠡᠴᠡ ᠣᠯᠬᠤ ᠪᠢᠯᠠ︖

ᠮᠠᠷᠭᠠᠰᠢ ᠴᠢᠨᠢ ᠰᠠᠷ᠎ᠠ ᠶᠢᠨ ᠡᠴᠦᠰ ᠪᠣᠯᠵᠤ ᠪᠠᠢ᠌ᠭ᠎ᠠ ᠰᠢᠳᠠ᠂ ᠮᠢᠨᠤ ᠠᠵᠢᠯ ᠭᠢᠭ᠍ᠰᠡᠨ ᠭᠦᠯᠦᠰᠤᠨ ᠮᠥᠩᠭᠦ ᠮᠢᠩᠭ᠋ᠠᠨ ᠳᠦᠭᠦᠷᠢᠭ᠌᠂ ᠪᠠᠰᠠ ᠠᠢ᠌ᠯ ᠤᠨ ᠬᠡᠦᠬᠡᠳ ᠲᠤ ᠭᠢᠴᠢᠶᠠᠯ ᠨᠥᠭᠦᠪᠦᠷᠢᠯᠡᠭ᠍ᠰᠡᠨ ᠳᠤᠯᠤᠭᠠᠨ ᠵᠠᠭᠤ᠂ ᠭᠡᠪᠠᠴᠤ ᠪᠠᠰᠠ ᠮᠢᠩᠭᠠᠭᠠᠳ ᠳᠦᠭᠦᠷᠢᠭ᠌ ᠳᠤᠳᠠᠭᠳᠠᠬᠤ ᠶᠤᠮ᠃ ᠡᠭᠦᠨ ᠢ ᠬᠠᠮᠢᠭ᠎ᠠ ᠡᠴᠡ ᠣᠯᠤᠨ᠎ᠠ︖ ᠪᠣᠳᠤᠭᠰᠠᠭᠠᠷ ᠪᠣᠳᠤᠭᠰᠠᠭᠠᠷ ᠭᠡᠷ ᠵᠥᠭ᠌ ᠭᠠᠷ ᠰᠠᠷᠪᠠᠢ᠌ᠬᠤ ᠯᠠ ᠭᠡᠷᠡᠭ᠌ ᠪᠣᠯᠵᠠᠢ᠂ ᠣᠳᠤ ᠶᠠᠭ ᠰᠠᠢ᠌ᠬᠠᠨ ᠠᠯᠪᠠᠨ ᠠᠵᠢᠯᠳᠠᠨ ᠰᠢᠯᠭᠠᠵᠤ ᠠᠪᠬᠤ ᠰᠢᠯᠭᠠᠯᠳᠠ ᠶᠢᠨ ᠴᠠᠭ ᠪᠣᠯᠵᠤ ᠪᠠᠢ᠌ᠭ᠎ᠠ ᠪᠣᠯᠬᠤᠷ ᠪᠢ ᠥᠭᠡᠷ᠎ᠡ ᠣᠷᠤᠨ ᠳᠤ ᠭᠦᠷᠴᠤ ᠰᠢᠯᠭᠠᠯᠳᠠ ᠳᠤ ᠣᠷᠤᠯᠴᠠᠨ᠎ᠠ ᠭᠡᠳ ᠵᠠᠮ ᠤᠨ ᠭᠦᠯᠦᠰᠤ ᠳᠡᠭᠡᠷ᠎ᠡ ᠨᠠᠷ᠎ᠠ ᠮᠡᠳᠡᠭᠦᠯᠭᠦ ᠶᠢ ᠨᠠᠮᠠᠪᠠᠯ ᠪᠠᠷᠤᠭ ᠭᠦᠷᠴᠢᠭᠡᠭᠦ ᠪᠠᠢ᠌ᠯᠭᠦᠢ᠃ ᠠᠢ᠂ ᠭᠦᠭᠡᠷᠦᠭᠦᠢ ᠠᠪᠣ ᠡᠵᠢ ᠬᠤᠶᠠᠷ ᠶᠢᠡᠨ ᠢᠩᠭᠢᠵᠤ ᠮᠡᠭᠡᠯᠡᠭᠦ ᠳᠤ ᠭᠡᠳᠥᠢᠪᠠᠷ ᠳᠤᠳᠤᠷ᠎ᠠ ᠲᠤᠩ ᠡᠪ ᠥᠭᠡᠢ᠌ᠷᠡᠵᠤ᠂ ᠬᠠᠷᠠᠳᠠᠢ ᠰᠠᠨᠠᠭᠳᠠᠬᠤ ᠪᠣᠯᠪᠠᠴᠤ ᠳᠡᠷᠡᠭᠦ ᠡᠯᠸᠺᠲ᠋ᠷᠤᠨ ᠮᠠᠰᠢᠨ ᠪᠣᠯᠤᠨ ᠣᠷᠠᠨ ᠤ ᠭᠦᠰᠡᠯ ᠳᠤᠳᠤᠷᠠᠭᠰᠠᠨ ᠬᠠᠷᠠᠴᠠ ᠬᠤᠶᠠᠷ ᠢ ᠶᠠᠭᠠᠭᠢᠨ᠎ᠠ ᠪᠣᠢ︖ ᠢᠩᠭᠢᠭᠡᠳ ᠪᠢ ᠳᠠᠷᠠᠭ᠎ᠠ ᠡᠳᠦᠷ ᠭᠡᠷ ᠵᠥᠭ᠌ ᠣᠳᠠᠰᠤ ᠠᠪᠬᠤ ᠪᠠᠷ ᠳᠤᠭᠳᠠᠪᠠ᠃

ᠳᠠᠷᠠᠭ᠎ᠠ ᠥᠷᠯᠦᠭᠡ ᠨᠢ ᠠᠩᠭᠢ ᠶᠢᠨ ᠳᠠᠷᠤᠭ᠎ᠠ᠄ 《ᠡᠨᠡ ᠭᠠᠷᠠᠭ ᠭᠦᠭ᠍ᠵᠢᠯ ᠢ ᠣᠯᠵᠤ ᠬᠠᠷᠠᠭᠰᠠᠨ ᠦᠭᠡᠶ᠂ ᠣᠳᠠᠰᠤ ᠨᠢ ᠪᠠᠰᠠ ᠵᠤᠭᠰᠤᠴᠢᠬᠠᠭᠰᠠᠨ ᠪᠣᠯᠬᠤᠷ ᠡᠨᠡ ᠭᠦᠰᠦᠨᠦᠭ᠌ ᠢ ᠴᠢ ᠠᠷᠭᠠᠯᠠᠭᠠᠤᠨ ᠳᠠᠮᠵᠢᠭᠤᠯᠤᠭᠠᠤᠨ ᠥᠭ᠌ ᠳ᠋ᠠ》 ᠭᠡᠳ ᠣᠰᠤᠨ ᠭᠡᠷ ᠲᠤ ᠨᠠᠮᠢ᠋ᠢ ᠣᠯᠵᠤ ᠢᠷᠡᠭᠦ ᠶᠤᠮ᠃ ᠪᠢ ᠶᠠᠭ ᠨᠢᠭᠤᠷ ᠠᠮᠠ ᠪᠠᠨ ᠣᠭᠢᠶᠠᠵᠤ ᠪᠠᠢ᠌ᠭᠰᠠᠨ ᠪᠣᠯᠬᠤᠷ ᠄ 《ᠰᠠᠨᠠᠭ᠎ᠠ ᠠᠮᠤᠷ ᠪᠠᠢ᠂ ᠮᠢᠨᠤ ᠭᠢᠴᠢᠶᠠᠯ ᠨᠥᠭᠦᠪᠦᠷᠢᠯᠡᠵᠤ ᠪᠠᠢ᠌ᠭ᠎ᠠ ᠬᠡᠦᠬᠡᠳ ᠤᠨ ᠭᠡᠷ ᠶᠠᠭ ᠳᠠᠳᠠᠨ ᠤ ᠭᠡᠷ ᠤᠨ ᠬᠠᠪᠢ ᠳᠤ ᠪᠠᠢ᠌ᠬᠤ ᠪᠣᠯᠬᠤᠷ ᠪᠢ ᠳᠠᠳᠠᠨ ᠤ ᠳᠤ ᠪᠠᠰᠠ ᠣᠴᠢᠳᠠᠭ᠂ ᠡᠵᠢ ᠶᠢ ᠨᠢ ᠪᠠᠰᠠ ᠳᠠᠨᠢᠨ᠎ᠠ᠃ ᠮᠢᠨᠤ ᠪᠣᠭᠴᠤᠨ ᠳᠡᠭᠡᠷ᠎ᠡ ᠳᠠᠯᠪᠢᠴᠢᠬ᠎ᠠ》 ᠭᠡᠪᠡ᠃

ᠭᠢᠴᠢᠶᠠᠯ ᠪᠠᠭᠤᠮᠠᠭᠴᠠ ᠪᠢ ᠰᠤᠷᠤᠭᠴᠢ ᠶᠢᠨ ᠶᠢᠡᠨ ᠭᠡᠷ ᠲᠤ ᠭᠦᠷᠴᠤ ᠭᠦᠯᠦᠰᠤ ᠮᠥᠩᠭᠦ ᠪᠠᠨ ᠠᠪᠣᠭᠠᠤᠨ ᠰᠢᠭᠤᠳ ᠭᠦᠭ᠍ᠵᠢᠯ ᠤᠨ ᠭᠡᠷ ᠲᠤ ᠭᠦᠷᠪᠡ᠃ ᠭᠦᠭ᠍ᠵᠢᠯ ᠶᠠᠭ ᠡᠵᠢ ᠲᠡᠶ ᠪᠠᠨ ᠪᠣᠳᠠᠭ᠎ᠠ ᠢᠳᠠᠵᠤ ᠪᠠᠢ᠌ᠭᠰᠠᠨ ᠪᠣᠯᠬᠤᠷ ᠡᠵᠢ ᠨᠢ ᠨᠠᠮᠢ᠋ᠢ ᠥᠵᠡᠮᠡᠭ᠍ᠴᠡ ᠲᠤᠩ ᠬᠠᠯᠠᠭᠤᠮᠰᠤᠭ ᠵᠤᠴᠢᠯᠠᠵᠤ ᠪᠢᠯᠠ᠃ ᠪᠣᠳᠠᠭ᠎ᠠ ᠢᠳᠡᠭᠦ ᠵᠠᠭᠤᠷ᠎ᠠ ᠪᠢ ᠳᠠᠷᠠ ᠭᠦᠰᠦᠨᠦᠭ᠌ ᠢ ᠭᠦᠭ᠍ᠵᠢᠯ ᠳᠤ ᠭᠠᠷᠭᠠᠵᠤ ᠦᠭ‍ᠭᠦ ᠳᠤ ᠡᠵᠢ ᠨᠢ ᠬᠠᠵᠠᠭᠤ ᠡᠴᠡ ᠨᠢ ᠱᠠᠭᠠᠢ᠌ᠵᠤ ᠥᠵᠡᠮᠡᠭ᠍ᠴᠡ ᠴᠢᠷᠠᠢ ᠨᠢ ᠬᠤᠪᠢᠷᠠᠵᠤ ᠠᠶᠠᠭ᠎ᠠ ᠪᠠᠨ ᠳᠠᠯᠪᠢᠨ ᠪᠣᠰᠴᠤ ᠭᠦᠭ᠍ᠵᠢᠯ ᠢ ᠥᠷᠦᠭᠡᠨ ᠳᠤ ᠢᠷ᠎ᠠ ᠭᠡᠪᠡ᠃ ᠪᠢ ᠶᠠᠭᠤ ᠪᠣᠯᠤᠭᠰᠠᠨ ᠢ ᠮᠡᠳᠡᠭᠦ ᠦᠭᠡᠶ ᠭᠠᠢ᠌ᠬᠠᠵᠤ ᠭᠦᠭ᠍ᠵᠢᠯ ᠢ ᠬᠠᠷᠠᠪᠠᠯ ᠳᠡᠭᠦᠨ ᠤ ᠴᠢᠷᠠᠢ ᠭᠦᠷᠡᠩ ᠣᠯᠠᠭᠠᠨ ᠡᠴᠡ ᠪᠠᠨ ᠵᠡᠪᠡᠭᠡᠢ᠌ᠷᠡᠨ ᠴᠠᠢ᠌ᠷᠠᠵᠤ ᠡᠵᠢ ᠶᠢᠨ ᠶᠢᠡᠨ ᠠᠷᠤ ᠡᠴᠡ ᠪᠣᠰᠪᠠ᠃

ᠣᠳᠠᠭᠰᠠᠨ ᠴᠤ ᠦᠭᠡᠶ ᠥᠷᠦᠭᠡᠨ ᠡᠴᠡ ᠭᠦᠭ᠍ᠵᠢᠯ ᠢ ᠵᠢᠮᠡᠯᠡᠭᠦ ᠳᠠᠭᠤ ᠭᠠᠷᠴᠤ᠂ ᠨᠠᠷᠢᠰᠴᠤ ᠥᠡᠳᠦᠷᠵᠢᠭᠦ ᠶᠢ ᠳᠠᠭᠠᠯᠳᠤᠨ ᠨᠠᠳᠠᠳᠤ ᠴᠤ ᠳᠤᠪ ᠳᠤᠳᠤᠷᠬᠠᠢ ᠰᠤᠨᠤᠰᠳᠠᠵᠤ ᠡᠭᠢᠯᠡᠪᠡ᠃ ᠦᠨᠦᠭᠢ ᠭᠦᠰᠦᠨᠦᠭ᠌ ᠴᠢᠨᠢ ᠭᠦᠭ᠍ᠵᠢᠯ ᠰᠤᠷᠤᠯᠭ᠎ᠠ ᠶᠢᠨ ᠰᠥᠢᠦᠡᠭᠡᠯ ᠶᠢᠡᠨ ᠣᠳᠠᠭᠠᠰᠢᠷᠠᠭᠤᠯᠤᠭᠰᠠᠨ ᠢ ᠮᠡᠳᠡᠭ᠍ᠳᠡᠭ᠍ᠰᠡᠨ ᠶᠠᠭᠤᠮ᠎ᠠ ᠪᠠᠢ᠌ᠵᠠᠢ᠃ ᠣᠤᠯ ᠨᠢ ᠪᠢ ᠭᠦᠭ᠍ᠵᠢᠯ ᠤᠨ ᠭᠢ ᠪᠠᠶᠠᠨ ᠠᠢ᠌ᠯ ᠭᠡᠵᠤ ᠪᠣᠳᠤᠳᠠᠭ ᠪᠠᠢ᠌ᠪᠠ᠂ ᠣᠳᠤ ᠡᠵᠢ ᠶᠢᠨ ᠭᠢᠨᠢ ᠶᠠᠷᠢᠶᠠᠨ ᠡᠴᠡ ᠰᠤᠨᠤᠰᠪᠠᠯ ᠭᠦᠭ᠍ᠵᠢᠯ ᠤᠨ ᠠᠪᠣ ᠨᠢ ᠣᠷᠴᠢᠮ ᠤᠨ ᠭᠡᠳᠤᠨ ᠵᠢᠯ ᠡᠴᠡ ᠭᠡᠳᠤᠨ ᠠᠷᠪᠠᠨ ᠲᠦᠮᠡᠨ ᠳᠦᠭᠦᠷᠢᠭ᠌ ᠥᠷᠢᠳᠦᠭ᠍ᠰᠡᠨ ᠶᠢᠡᠷ ᠪᠠᠷᠠᠬᠤ ᠦᠭᠡᠶ ᠭᠠᠳᠠᠨ᠎ᠠ ᠪᠠᠰᠠ ᠨᠢᠭᠡ ᠡᠮᠡᠭ᠍ᠳᠡᠢ ᠲᠡᠶ ᠬᠠᠨᠢᠯᠠᠨ ᠭᠡᠷ ᠲᠡᠭᠡᠨ ᠪᠠᠰᠠ ᠢᠷᠡᠳᠡᠭ᠌ ᠦᠭᠡᠶ ᠪᠣᠯᠵᠠᠢ᠃ ᠡᠨᠡ ᠠᠢ᠌ᠯ ᠤᠨ ᠠᠯᠢᠪᠠ ᠶᠢ ᠡᠵᠢ ᠨᠢ ᠭᠠᠭᠴᠠᠭᠠᠷ ᠡᠭᠦᠷᠭᠡᠯᠡᠵᠤ ᠪᠠᠢ᠌ᠭᠰᠠᠨ ᠪᠠᠢ᠌ᠪᠠ᠃

ᠪᠢ ᠡᠢ᠌ᠮᠤ ᠶᠡᠭᠡ ᠭᠡᠷᠡᠭ᠌ ᠡᠳᠦᠭ᠍ᠰᠡᠨ ᠶᠤᠮ ᠴᠢᠨᠢ ᠡ᠊ᠨᠳᠡ ᠣᠳᠠᠭᠠᠨ ᠦᠯᠠᠳᠠᠵᠤ ᠪᠣᠯᠬᠤ ᠦᠭᠡᠶ ᠭᠡᠵᠤ ᠬᠤᠷᠳᠤᠬᠠᠨ ᠵᠠᠢ᠌ᠯᠠᠶ᠎ᠠ ᠭᠡᠮᠡᠨ ᠡᠭᠦᠳᠡ ᠭᠦᠷᠭᠦ ᠡᠴᠡ ᠡᠮᠦᠨ᠎ᠡ ᠨᠢᠭᠡ ᠴᠤ ᠳᠠᠭᠤ ᠦᠭᠡᠶ ᠪᠠᠢ᠌ᠭᠰᠠᠨ ᠭᠦᠭ᠍ᠵᠢᠯ ᠭᠡᠨᠡᠳᠲᠡ 《ᠡᠵᠢ ᠡ︕ ᠳᠠ ᠶᠠᠭᠠᠭᠢᠴᠢᠬᠠᠪᠠ︖》 ᠭᠡᠵᠤ ᠪᠠᠷᠭᠢᠷᠠᠪᠠ᠃ ᠵᠠᠯᠭᠠᠭᠠᠤᠨ᠄ 《ᠡᠵᠢ ᠡ᠂ ᠳᠠ ᠰᠡᠷᠢᠭᠡᠴᠢ︕ ᠳᠠ᠁》 ᠭᠡᠭᠦ ᠪᠠᠴᠢᠮᠳᠠᠨ ᠰᠠᠠᠳᠤᠷᠠᠭᠰᠠᠨ ᠳᠠᠭᠤ ᠭᠠᠷᠪᠠ᠃

ᠪᠢ ᠰᠠᠠᠳᠤᠷᠠᠨ ᠥᠷᠦᠭᠡᠨ ᠳᠤ ᠭᠦᠶᠤᠨ ᠣᠷᠤᠪᠠᠯ ᠭᠦᠭ᠍ᠵᠢᠯ ᠤᠨ ᠡᠵᠢ ᠮᠠᠨᠠᠷᠠᠨ ᠣᠨᠠᠭᠰᠠᠨ ᠪᠠᠢ᠌ᠪᠠ᠃ ᠭᠦᠭ᠍ᠵᠢᠯ ᠳᠠᠭᠤ ᠠᠯᠳᠠᠨ ᠡᠵᠢ ᠪᠠᠨ ᠭᠦᠵᠦᠭᠦᠳᠡᠨ ᠳᠠᠪᠠᠷᠢᠵᠤ ᠪᠠᠢ᠌ᠯ᠎ᠠ᠃ ᠪᠢ ᠬᠠᠵᠠᠭᠤ ᠳ᠋ᠠᠭᠢ ᠳ᠋ᠢᠶᠠᠩᠬᠤᠧᠨ ᠶᠢ ᠠᠪᠣᠮᠠᠭᠴᠠ 120 ᠊ᠢ ᠳᠠᠭᠤᠳᠠᠪᠠ᠁

ᠡᠨᠡ ᠣᠴᠢᠷ ᠡᠴᠡ ᠬᠣᠢ᠌ᠰᠢ ᠭᠦᠭ᠍ᠵᠢᠯ ᠰᠤᠷᠭᠠᠭᠤᠯᠢ ᠳᠤ ᠢᠷᠡᠭ᠍ᠰᠡᠨ ᠦᠭᠡᠶ᠃ ᠬᠠᠮᠳᠤ ᠰᠤᠷᠤᠭᠴᠢ ᠶᠢᠨ ᠶᠠᠷᠢᠬᠤ ᠪᠠᠷ ᠭᠦᠭ᠍ᠵᠢᠯ ᠤᠨ ᠡᠵᠢ ᠨᠢᠭᠡᠨᠲᠡ ᠡᠮᠨᠡᠯᠭᠡ ᠡᠴᠡ ᠭᠠᠷᠤᠭᠰᠠᠨ ᠪᠣᠯᠪᠠᠴᠤ ᠦᠶᠡᠰ ᠦᠶᠡᠰ ᠰᠤᠯᠢᠶᠠᠷᠠᠬᠤ ᠪᠣᠯᠬᠤᠷ ᠭᠦᠭ᠍ᠵᠢᠯ ᠬᠠᠵᠠᠭᠤ ᠡᠴᠡ ᠨᠢ ᠰᠠᠯᠬᠤ ᠠᠷᠭ᠎ᠠ ᠦᠭᠡᠶ ᠭᠡᠨ᠎ᠡ᠃ ᠭᠦᠭ᠍ᠵᠢᠯ ᠤᠨ ᠡᠵᠢ ᠡᠡᠭ᠌ ᠤᠨ ᠴᠠᠭ ᠲᠤ ᠪᠠᠶ᠎ᠠ ᠨᠢ ᠮᠠᠭᠤ ᠳᠡᠭᠡᠷ᠎ᠡ ᠡᠨᠡ ᠣᠳᠠᠭ᠎ᠠ ᠲᠤᠩ ᠶᠡᠭᠡ ᠰᠠᠳᠠᠯᠳᠠ ᠣᠯᠤᠭᠰᠠᠨ ᠡᠴᠡ ᠪᠣᠯᠤᠭᠰᠠᠨ ᠭᠡᠨ᠎ᠡ᠃ ᠡᠭᠦᠨ ᠢ ᠰᠤᠨᠤᠰᠤᠭᠠᠤᠨ ᠪᠢ ᠴᠤ ᠳᠤᠳᠤᠷ᠎ᠠ ᠪᠠᠨ ᠰᠥᠷᠡᠭᠡᠢ ᠠᠶᠤᠵᠤ ᠭᠦᠢᠳᠡᠨ ᠭᠦᠯᠦᠰᠤ ᠭᠠᠷᠪᠠ᠃ ᠮᠢᠨᠤ ᠡᠵᠢ ᠶᠢᠨ ᠪᠠᠶ᠎ᠠ ᠴᠤ ᠮᠠᠭᠤ᠂ ᠳᠠᠷᠠ ᠮᠥᠷᠳᠡᠭᠡᠨ ᠴᠢᠰᠤᠨ ᠳᠠᠷᠤᠯᠳᠠ ᠦᠨᠳᠦᠷ ᠭᠦᠮᠤᠨ ᠶᠤᠮ᠃ ᠪᠢ ᠡᠵᠢ ᠶᠢ ᠪᠠᠨ ᠮᠡᠭᠡᠯᠡᠵᠤ ᠪᠠᠰᠠ ᠡᠢ᠌ᠮᠤ ᠪᠠᠢ᠌ᠳᠠᠯ ᠡᠭᠦᠰᠭᠡᠨ᠎ᠡ ᠭᠡᠵᠢ ᠦᠦ⁈

ᠨᠢᠭᠡ ᠵᠡᠷᠭᠡ ᠳᠤᠩᠭ᠋ᠠᠨ ᠪᠣᠳᠤᠭᠰᠠᠨ ᠤ ᠳᠠᠷᠠᠭ᠎ᠠ ᠪᠢ ᠣᠤᠯ ᠳᠦᠯᠦᠪᠯᠡᠭᠡ ᠪᠠᠨ ᠥᠭᠡᠢ᠌ᠰᠭᠡᠵᠤ ᠣᠷᠭᠢᠪᠠ᠃ ᠰᠡᠭᠦᠯᠡᠷ ᠨᠢ ᠪᠢ ᠣᠷᠠᠨ ᠳᠤ ᠨᠢᠭᠡ ᠭᠤᠶᠤ ᠰᠠᠢ᠌ᠬᠠᠨ ᠭᠦᠵᠦᠭᠦᠨ ᠤ ᠣᠷᠢᠶᠠᠯᠳᠠ ᠠᠪᠴᠤ ᠥᠭ᠍ᠪᠡ᠃ ᠣᠷᠠᠨ ᠭᠦᠵᠦᠭᠦᠨ ᠤ ᠣᠷᠢᠶᠠᠯᠳᠠ ᠶᠢ ᠠᠪᠣᠭᠰᠠᠨ ᠤ ᠳᠠᠷᠠᠭ᠎ᠠ ᠥᠴᠦᠭᠡᠨ ᠴᠤ ᠬᠠᠨᠤᠮᠵᠢ ᠦᠭᠡᠶ ᠪᠠᠢ᠌ᠳᠠᠯ ᠭᠠᠷᠤᠭᠰᠠᠨ ᠦᠭᠡᠶ᠂ ᠬᠠᠷᠢᠨ ᠨᠠᠮᠢ᠋ᠢ ᠭᠦᠵᠦᠭᠦᠳᠡᠵᠤ ᠳᠠᠪᠠᠷᠢᠨ ᠥᠨᠦᠰᠦᠭ᠍ᠰᠡᠨ ᠶᠤᠮ᠃

ᠭᠦᠵᠦᠭᠦᠨ ᠤ ᠣᠷᠢᠶᠠᠯᠳᠠ ᠪᠠᠨ ᠮᠦᠷᠤᠨ ᠤ ᠪᠠᠨ ᠳᠡᠭᠡᠭᠦᠷ ᠳᠤᠬᠤᠨ ᠮᠢᠨᠤ ᠡᠮᠦᠨ᠎ᠡ ᠳᠠᠷᠪᠠᠢ᠌ᠨ ᠭᠦᠭᠡᠷᠦᠭᠦ ᠳᠡᠭᠦᠨ ᠤ ᠳᠦᠷᠢ ᠶᠠᠭ ᠯᠠ ᠥᠩᠭᠡᠳᠤ ᠴᠡᠴᠡᠭ᠌ ᠤᠨ ᠳᠡᠭᠡᠭᠦᠷ ᠳᠠᠷᠪᠠᠨ ᠨᠢᠰᠭᠦ ᠡᠷᠪᠠᠭᠡᠢ ᠰᠢᠭ᠌ ᠪᠠᠶᠠᠷ ᠴᠡᠩᠭᠡᠯ ᠲᠡᠶ ᠪᠠᠢ᠌ᠪᠠ᠃ ᠪᠢ ᠣᠷᠠᠨ ᠤ ᠵᠢᠷᠭᠠᠯᠠᠩᠳᠤ ᠳᠦᠷᠢ ᠪᠣᠯᠤᠨ ᠪᠠᠶᠠᠷ ᠤᠨ ᠢᠨᠢᠶᠠᠳᠤ ᠳᠦᠭᠦᠷᠦᠭ᠍ᠰᠡᠨ ᠨᠢᠳᠤ ᠶᠢ ᠨᠢ ᠬᠠᠷᠠᠭᠠᠤᠨ ᠳᠠᠷᠠ ᠮᠢᠨᠢ ᠨᠠᠳᠠ ᠡᠴᠡ ᠵᠦᠪᠭᠡᠨ ᠥᠨᠡᠨ ᠰᠡᠳᠭᠢᠯ ᠢ ᠯᠠ ᠭᠦᠰᠡᠵᠤ ᠪᠠᠢ᠌ᠬᠤ ᠶᠢ ᠣᠢ᠌ᠯᠠᠭᠠᠪᠠ᠃ ᠪᠢ ᠴᠤ ᠮᠦᠨ ᠳᠡᠭᠦᠨ ᠤ ᠨᠠᠳᠠᠳᠤ ᠵᠥᠪᠭᠡᠨ ᠯᠠ ᠦᠨᠡᠨ ᠴᠠᠭᠠᠨ ᠰᠡᠳᠭᠢᠯ ᠲᠡᠶ ᠪᠠᠢ᠌ᠬᠤ ᠶᠢ ᠭᠦᠰᠡᠳᠡᠭ᠌᠃

ᠥᠨᠡᠭᠡᠷ ᠳ᠋ᠠ᠂ ᠪᠢ ᠶᠠᠭᠤ ᠭᠡᠵᠤ ᠦᠨᠡᠨ ᠰᠡᠳᠭᠢᠯ ᠢ ᠥᠷᠳᠡᠭ᠌ ᠪᠠᠷ ᠭᠡᠮᠵᠢᠭᠦ ᠪᠣᠢ︕ ᠶ‍ᠢᠷᠳᠢᠠᠴᠤ ᠳᠡᠭᠡᠷ᠎ᠡ ᠶᠠᠭᠤ ᠶᠢ ᠬᠠᠷᠢᠴᠠᠭᠤᠯᠪᠠᠴᠤ ᠦᠨᠡᠨ ᠰᠡᠳᠭᠢᠯ ᠢ ᠬᠠᠷᠢᠴᠠᠭᠤᠯᠬᠤ ᠭᠡᠷᠡᠭ᠌ ᠦᠭᠡᠶ᠃ ᠨᠠᠩ ᠴᠤ ᠥᠷᠳᠡᠭ᠌ ᠶᠢᠡᠷ ᠭᠡᠮᠵᠢᠳᠡᠭ᠌ ᠶᠠᠭᠤᠮ᠎ᠠ ᠪᠢᠰᠢ᠁

ᠵᠤᠬᠢᠶᠠᠭᠴᠢ᠄ ᠨ·ᠷᠢᠠᠴᠢᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠥᠭᠥᠯᠡᠯᠭᠡ
ᠳᠠᠷᠤᠮ᠄ 6247
ᠴᠠᠭ᠄ 2009 ᠤᠨ ᠤ 01 ᠰᠠᠷ᠎ᠠ ᠶᠢᠨ 14
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁