ᠮᠤᠩᠭ᠋ᠤᠯ ᠰᠠᠯᠭᠢ

ᠬᠠᠭᠳᠠ ᠡᠪᠠᠰᠤ ᠭᠦᠭᠡᠷᠡᠭ᠍ᠰᠡᠨ

ᠬᠠᠪᠣᠷ ᠤᠨ ᠰᠠᠢ᠌ᠬᠠᠨ ᠴᠠᠭ ᠮᠢᠨᠢ

ᠬᠠᠮᠤᠭ ᠴᠡᠴᠡᠭ᠌ ᠳᠡᠯᠭᠡᠷᠡᠭ᠍ᠰᠡᠨ

ᠬᠠᠷᠠᠭᠠᠠᠳᠤ ᠶᠢᠨ ᠰᠠᠢ᠌ᠬᠠᠨ ᠪᠠᠷᠭᠡ ᠮᠢᠨᠢ

ᠬᠠᠷᠠᠬᠤ ᠨᠢᠳᠤᠨ ᠳᠤ ᠳᠤᠳᠤᠷᠠᠬᠤᠢ


ᠬᠠᠴᠠᠷ ᠨᠢᠭᠤᠷ ᠢ ᠥᠨᠦᠰᠦᠭ᠍ᠰᠡᠨ

ᠬᠠᠯᠠᠭᠤᠨ ᠮᠤᠩᠭ᠋ᠤᠯ ᠰᠠᠯᠭᠢ ᠮᠢᠨᠢ

ᠬᠠᠷᠠᠨ ᠬᠠᠷᠠᠨ ᠰᠠᠷᠠᠪᠴᠢᠯᠠᠭᠰᠠᠨ

ᠬᠠᠢ᠌ᠷᠠᠳᠤ ᠬᠤᠶᠠᠷ ᠨᠠᠰᠤᠳᠠᠨ ᠮᠢᠨᠢ

ᠬᠠᠪᠳᠠᠭᠠᠢ ᠴᠡᠭᠡᠵᠢᠨ ᠳᠤ ᠮᠢᠨᠢ ᠪᠣᠳᠤᠭᠳᠠᠬᠤᠢ


ᠬᠠᠭᠠᠯᠭᠠᠨ ᠭᠠᠳᠠᠨ᠎ᠠ ᠪᠠᠨ ᠭᠦᠯᠢᠶᠡᠭ᠍ᠰᠡᠨ

ᠬᠠᠷᠠᠮᠨᠠᠨ ᠰᠠᠨᠠᠬᠤ ᠵᠡᠭᠦᠳᠤ ᠮᠢᠨᠢ

ᠬᠠᠳᠠᠮ ᠤᠨ ᠭᠠᠵᠠᠷ ᠶᠢᠡᠨ ᠮᠤᠷᠳᠠᠭᠰᠠᠨ

ᠬᠠᠴᠠᠷ ᠭᠤᠸ᠎ᠠ ᠦᠬᠢᠳ ᠮᠢᠨᠢ

ᠬᠠᠯᠠᠰᠬᠤ ᠰᠡᠳᠭᠢᠯ ᠳᠤ ᠮᠢᠨᠢ ᠳᠤᠷᠠᠰᠤᠭᠳᠠᠬᠤᠢ


ᠵᠤᠬᠢᠶᠠᠭᠴᠢ ᠶᠢᠨ ᠬᠠ‍‌ᠶᠢᠭ ᠄ ᠭᠦᠯᠤᠨ ᠪᠣᠢ᠌ᠷ ᠬᠤᠳᠠ ᠶᠢᠨ ᠰᠢᠨ᠎ᠡ ᠪᠠᠷᠭᠤ ᠵᠡᠭᠦᠨ ᠬᠤᠰᠢᠭᠤᠨ ᠤ ᠠᠵᠢᠯ ᠮᠡᠷᠭᠡᠵᠢᠯ ᠤᠨ ᠳᠤᠮᠳᠠᠳᠤ ᠰᠤᠷᠭᠠᠭᠤᠯᠢ

ᠵᠤᠬᠢᠶᠠᠭᠴᠢ᠄ ᠪᠣᠷᠵᠢᠭᠢᠨ ᠷᠢᠠᠴᠢᠨ
ᠬᠠᠷᠢᠶ᠎ᠠ᠄ ᠰᠢᠯᠦᠭ
ᠳᠠᠷᠤᠮ᠄ 2035
ᠴᠠᠭ᠄ 2012 ᠤᠨ ᠤ 04 ᠰᠠᠷ᠎ᠠ ᠶᠢᠨ 25