ᠮᠤᠷᠤᠢ ᠰᠠᠷᠠ

ᠳᠡᠭ᠍ᠷᠢ ᠳᠡᠭᠡᠷ᠎ᠡ ᠡᠯᠭᠦᠭ᠍ᠰᠡᠨ

ᠮᠤᠩᠭ᠋ᠤᠯ ᠥᠰᠦᠭ᠌ ᠤᠨ ᠭᠡᠵᠢᠭᠡ᠂

ᠭᠠᠵᠠᠷ ᠳᠡᠭᠡᠷ᠎ᠡ ᠳᠤᠰᠤᠭᠰᠠᠨ

ᠮᠤᠩᠬᠠᠭ ᠰᠥᠰᠦᠭ᠌ ᠤᠨ ᠡᠪᠠᠷ᠃

ᠳᠡᠷᠭᠡᠯᠯᠡᠶ᠎ᠡ ᠭᠡᠵᠤ ᠰᠠᠨᠠᠭᠰᠠᠨ

ᠮᠠᠨ ᠤ ᠦᠨᠳᠦᠰᠦᠳᠠᠨ ᠤ ᠭᠦᠰᠡᠯ᠂

ᠳᠡᠷᠭᠡᠯᠯᠡᠵᠤ ᠭᠡᠵᠢᠶᠡᠳᠡ ᠴᠢᠳᠠᠬᠤ ᠦᠭᠡᠶ

ᠮᠠᠨᠠᠨ ᠤ ᠳᠤᠮᠳᠠᠭᠢ ᠮᠥᠭᠦᠯ᠃

ᠨᠢᠳᠤ ᠪᠠᠨ ᠠᠨᠢᠭᠠᠤᠨ

ᠥᠯᠡᠳᠡᠭ᠍ᠰᠡᠨ ᠭᠦᠮᠦᠰᠭᠡ᠂

ᠨᠢᠭᠤᠷ ᠶᠢᠡᠨ ᠣᠭᠢᠶᠠᠭᠠᠤᠨ

ᠣᠮᠠᠷᠳᠠᠭᠰᠠᠨ ᠭᠦᠵᠦᠭᠦᠤ᠃

ᠶᠡᠭᠡ ᠡᠷᠳᠡᠨ ᠳᠤ

ᠮᠠᠳᠠᠭᠰᠠᠨ ᠨᠤᠮᠤ᠂

ᠢᠷᠡᠭᠦ ᠵᠠᠭᠤᠨ ᠳᠤ

ᠳᠠᠯᠪᠢᠭᠰᠠᠨ ᠠᠰᠠᠭᠤᠯᠳᠠ᠃

ᠮᠤᠩᠭ᠋ᠤᠯ ᠤᠨ ᠥᠡᠳᠦᠷᠯᠢᠭ᠌ ᠤᠨ

ᠮᠤᠷᠤᠢ ᠰᠠᠷᠠ᠂

ᠮᠤᠩᠭ᠋ᠤᠯ ᠭᠦᠮᠤᠨ ᠤ

ᠮᠤᠷᠤᠢ ᠵᠠᠮ ᠡ ᠁᠁


ᠵᠤᠬᠢᠶᠠᠭᠴᠢ᠄ ᠨᠠ᠊·ᠬᠦᠬᠡᠰᠢᠭᠤᠢ
ᠬᠠᠷᠢᠶ᠎ᠠ᠄ ᠰᠢᠯᠦᠭ
ᠳᠠᠷᠤᠮ᠄ 2515
ᠴᠠᠭ᠄ 2005 ᠤᠨ ᠤ 06 ᠰᠠᠷ᠎ᠠ ᠶᠢᠨ 28