ᠳᠡᠩᠳᠡᠭᠦᠤ ᠳᠤᠷᠠᠰᠤᠭᠰᠠᠨ ᠴᠢᠮ᠎ᠠ ᠳ᠋ᠠᠭᠠᠨ

ᠭᠦᠰᠡᠯ ᠤᠨ ᠵᠢᠭᠦᠷ ᠢ ᠴᠤᠯᠪᠣᠭᠤᠷᠳᠠᠭᠰᠠᠨ

ᠭᠦᠭ᠍ᠵᠢᠶᠡᠨ ᠨᠠᠷᠭᠢᠶᠠᠠᠳᠤ ᠬᠤᠳᠠ ᠳᠤ ᠪᠠᠢ᠌ᠯ᠎ᠠ ᠴᠤ

ᠭᠦᠨᠦᠭ᠌ ᠪᠢᠯᠬᠠᠷᠠᠭᠰᠠᠨ ᠠᠢ᠌ᠷᠠᠭ ᠤᠨ ᠴᠡᠩᠭᠡᠷ ᠦᠨᠦᠷ ᠳᠠᠢ

ᠭᠦᠳᠡᠭᠡ ᠶᠢᠨ ᠭᠦᠭᠡ ᠰᠠᠯᠭᠢ ᠪᠠᠨ ᠮᠠᠷᠳᠠᠭ᠎ᠠ ᠦᠭᠡᠶ ᠴᠢ ᠮᠢᠨᠢ

ᠢᠷᠠᠭᠤ ᠪᠠᠢ᠌ᠭᠠᠯᠢ ᠶᠢᠨ ᠦᠷᠤᠴᠠᠨ ᠳᠤ ᠳᠡᠯᠭᠡᠷᠡᠭ᠍ᠰᠡᠨ

ᠢᠷᠭᠤᠢ ᠴᠡᠴᠡᠭ᠌ ᠰᠢᠭ᠌ ᠮᠥᠰᠢᠶᠡᠭ᠍ᠰᠡᠨ ᠴᠢᠮ᠎ᠠ ᠶᠢ ᠪᠠᠨ

ᠳᠠᠩᠴᠢ ᠰᠦᠷᠡᠭᠡᠢ ᠰᠠᠨᠠᠯ᠎ᠠ ᠰᠢᠤ ᠳ᠋ᠠ

ᠳᠠᠰᠤᠯᠴᠠᠬᠤ ᠯᠠ ᠭᠡᠵᠤ ᠳᠠᠨᠢᠯᠴᠠᠭᠰᠠᠨ ᠶᠤᠮ ᠰᠢᠤ

ᠠᠭᠠᠰᠢᠨ ᠤ ᠴᠢᠨᠢ ᠠᠶ᠎ᠠ ᠪᠠᠷ ᠵᠥᠭᠡᠯᠡᠨ ᠣᠷᠤᠰᠬᠤ

ᠠᠶᠠᠯᠭᠤ ᠳᠠᠭᠤᠤ ᠰᠢᠭ ᠢᠷᠠᠭᠤᠬᠠᠨ ᠥᠭᠡ ᠴᠢᠨᠢ

ᠬᠠᠨᠢᠰᠬᠤ ᠴᠡᠩᠭᠡᠷ ᠬᠤᠷᠸ᠎ᠠ ᠳ᠋ᠤ

ᠬᠠᠯᠠᠭᠤᠨ ᠵᠢᠷᠦᠭᠡ ᠶᠢ ᠮᠢᠨᠢ ᠣᠶᠠᠷᠠᠭᠤᠯᠵᠤ ᠰᠠᠨᠠᠭᠳᠠᠭᠤᠯᠤᠨ᠎ᠠ

ᠳᠤᠷᠠᠯᠠᠬᠤ ᠭᠡᠵᠤ ᠬᠠᠢ᠌ᠷ᠎ᠠ ᠣᠠᠳᠤᠷᠳᠠᠭ ᠶᠤᠮ ᠤᠤ

ᠳᠤᠷᠠᠰᠬᠤ ᠭᠡᠵᠤ ᠰᠢᠯᠦᠭ᠌ ᠤᠨ ᠣᠩᠭ᠋ᠤᠳ ᠭᠦᠭᠯᠡᠳᠡᠭ᠌ ᠶᠤᠮ ᠤᠤ

ᠰᠤᠳᠤᠷ ᠰᠢᠭ ᠡᠷᠭᠢᠭᠦ ᠠᠮᠢᠳᠤᠷᠠᠯ ᠤᠨ

ᠰᠤᠳᠠᠯ ᠰᠢᠭ ᠰᠥᠯᠵᠢᠭ᠍ᠰᠡᠨ ᠭᠦᠮᠤᠨ ᠤ ᠣᠷᠤᠰᠬᠠᠯ ᠳ᠋ᠤ

ᠭᠦᠭᠡᠷᠡᠭᠦ ᠳᠠᠯ᠎ᠠ ᠪᠠᠨ ᠡᠯᠢᠭᠡᠳᠡᠵᠤ ᠦᠰᠦᠭ᠍ᠰᠡᠨ

ᠭᠦᠭᠡ ᠳᠡᠭ᠍ᠷᠢ ᠶᠢᠨ ᠣᠳᠤᠨ ᠤ ᠮᠢᠨᠢ

ᠭᠦᠷᠦᠰᠦᠳᠤ ᠳᠡᠯᠡᠭᠡᠢ ᠳᠤ ᠵᠢᠷᠦᠭᠡ ᠵᠢᠷᠦᠭᠡ ᠪᠠᠨ ᠬᠤᠯᠪᠣᠵᠤ

ᠭᠦᠪᠦᠷᠡᠭᠦ ᠣᠬᠠᠭᠠᠨ ᠳᠠᠭᠠᠨ ᠰᠡᠳᠭᠢᠯ ᠰᠡᠳᠭᠢᠯ ᠶᠢᠡᠨ ᠲᠦᠰᠢᠯᠴᠠᠶ᠎ᠠ ᠭᠡᠭᠦ

ᠬᠠ‍‌ᠶᠢᠭ ᠳᠡᠷᠡᠯᠡᠭ᠍ᠰᠡᠨ ᠬᠠᠨᠢ ᠶᠢᠨ ᠵᠠᠭᠢᠶ᠎ᠠ

ᠬᠠᠢ᠌ᠯᠭᠠᠨ ᠵᠢᠷᠦᠭᠡᠨ ᠳᠤ ᠥᠭᠡᠢ᠌ᠯᠡᠭ᠍ᠳᠡᠭᠡᠳ ᠪᠠᠢ᠌ᠨ᠎ᠠ

ᠭᠡᠭᠡᠨ ᠣᠷᠴᠢᠯᠠᠩ ᠳᠤ ᠳᠤᠷᠠᠰᠬᠤ ᠶᠢᠨ ᠰᠠᠢ᠌ᠬᠠᠨ ᠵᠢᠷᠭᠠᠯ ᠢ

ᠭᠡᠷᠡᠯ ᠶᠢᠡᠨ ᠠᠰᠬᠠᠭ᠎ᠠ ᠮᠥᠩᠭᠦᠨ ᠰᠠᠷᠠᠨ ᠡᠴᠡ ᠮᠡᠳᠡᠷᠡᠭ᠍ᠰᠡᠨ ᠶᠤᠮ

ᠰᠠᠷᠠᠭᠤᠯ ᠬᠤᠷᠸ᠎ᠠ ᠳᠤ ᠣᠴᠠᠷᠠᠬᠤ ᠠᠠᠳᠠ ᠶᠢᠨ ᠡᠷᠭᠢᠮ ᠢ

ᠰᠡᠳᠭᠢᠯ ᠤᠨ ᠳᠠᠭᠢᠨᠢ ᠡᠴᠡ ᠣᠬᠠᠭᠠᠭᠰᠠᠨ ᠶᠤᠮ ᠡ

ᠳᠠᠰᠬᠤ ᠶᠢᠨ ᠡᠷᠭᠢᠨ ᠳᠤ ᠳᠤᠷᠠᠰᠤᠭᠰᠠᠨ ᠬᠤᠩᠭ᠋ᠤᠷ ᠰᠡᠳᠭᠢᠯ ᠮᠢᠨᠢ

ᠳᠠᠩᠴᠢ ᠰᠦᠷᠡᠭᠡᠢ ᠰᠠᠨᠠᠯ᠎ᠠ ᠰᠢᠤ ᠴᠢᠮ᠎ᠠ ᠶᠢ ᠪᠠᠨ


        2013.10.21


ᠵᠤᠬᠢᠶᠠᠭᠴᠢ ᠶᠢᠨ ᠬᠠ‍‌ᠶᠢᠭ ᠄ ᠪᠠᠶᠠᠠᠨᠠᠭᠤᠷ ᠤᠨ ᠰᠤᠷᠭᠠᠨ ᠭᠦᠮᠦᠵᠢᠯ ᠤᠨ ᠳᠤᠪᠴᠢᠶ᠎ᠠ

ᠵᠤᠬᠢᠶᠠᠭᠴᠢ᠄ ᠭᠦᠭ᠍ᠵᠢᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1622
ᠴᠠᠭ᠄ 2013 ᠤᠨ ᠤ 11 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ