ᠠᠩᠭᠢ ᠶᠢᠨ ᠡᠷᠬᠢᠯᠡᠭᠴᠢ

ᠡᠨᠡ ᠨᠡᠢ᠌ᠭᠡᠮ ᠳᠤ ᠡᠷᠭᠢᠯᠡᠭ᠍ᠴᠢ ᠳᠤᠰᠢᠶᠠᠯ ᠣᠯᠠᠨ᠂ ᠭᠡᠪᠠᠴᠤ ᠡᠭᠦᠷᠭᠡ ᠵᠡᠷᠭᠡ᠂ ᠡᠷᠭᠢᠮ ᠰᠤᠷᠳᠤᠭᠤ᠂ ᠡᠷᠭᠦᠭ᠍ᠰᠡᠨ ᠭᠦᠴᠤ ᠪᠦᠭᠦᠨ ᠨᠢ ᠬᠠᠷᠠᠬᠠᠨ ᠠᠳᠠᠯᠢ ᠦᠭᠡᠶ ᠪᠠᠢ᠌ᠳᠠᠭ᠃ ᠡᠭᠦᠨ ᠳᠤ ᠠᠯᠢ ᠴᠤ ᠡᠷᠭᠢᠯᠡᠭ᠍ᠴᠢ ᠡᠴᠡ ᠡᠭᠦᠷᠭᠡ ᠵᠡᠷᠭᠡ᠂ ᠡᠷᠭᠢᠮ ᠰᠤᠷᠳᠤᠭᠤ ᠪᠠᠷ ᠠᠳᠠᠭ ᠪᠠᠭ᠎ᠠ᠂ ᠡᠷᠭᠦᠭ᠍ᠰᠡᠨ ᠭᠦᠴᠤ᠂ ᠢᠪᠢᠯᠦᠭ᠍ᠰᠡᠨ ᠬᠠᠢ᠌ᠷ᠎ᠠ ᠪᠠᠷ ᠬᠠᠮᠤᠭ ᠶᠡᠭᠡ ᠨᠢ ᠠᠷᠠᠤᠨ ᠤᠨ ᠰᠤᠷᠭᠠᠭᠤᠯᠢ ᠳᠠᠭᠠᠨ ᠣᠯᠠᠨ ᠤ ᠭᠡᠦᠭᠡᠤᠨ ᠢ ᠡᠳᠦᠷᠵᠢᠨ ᠰᠦᠨᠢᠵᠢᠨ ᠳᠤᠳᠤᠮᠳᠠᠨ ᠭᠦᠮᠦᠵᠢᠭᠦᠯᠦᠭ᠍ᠴᠢ ᠠᠩᠭᠢ ᠶᠢᠨ ᠡᠷᠭᠢᠯᠡᠭ᠍ᠴᠢ ᠪᠢᠯᠠ᠃ ᠭᠡᠪᠠᠴᠤ ᠪᠢ ᠠᠳᠠᠭ ᠤᠨ ᠪᠠᠭ᠎ᠠ ᠳᠤᠰᠢᠶᠠᠯ ᠲᠡᠶ ᠠᠭᠤᠤ ᠶᠡᠭᠡ ᠡᠷᠭᠢᠯᠡᠭ᠍ᠴᠢ ᠭᠡᠶ᠎ᠡ᠃ ᠠᠯᠢ ᠴᠤ ᠡᠷᠭᠢᠯᠡᠭ᠍ᠴᠢ ᠨᠢ ᠪᠠᠷᠤᠭ ᠪᠦᠷ ᠠᠩᠭᠢ ᠶᠢᠨ ᠡᠷᠭᠢᠯᠡᠭ᠍ᠴᠢ ᠶᠢᠨ ᠠᠯᠠᠭᠰᠠᠯ ᠦᠭᠡᠶ ᠭᠦᠴᠤ᠂ ᠠᠯᠵᠢᠶᠠᠯ ᠦᠭᠡᠶ ᠭᠦᠳᠡᠯᠮᠦᠷᠢ ᠳᠤᠤᠷ᠎ᠠ ᠭᠦᠮᠦᠵᠢᠭ᠍ᠳᠡᠭ᠍ᠰᠡᠨ ᠨᠢ ᠦᠨᠡᠨ᠃ ᠨᠢᠯᠬ᠎ᠠ ᠦᠶ᠎ᠡ ᠡᠴᠡ ᠨᠢ ᠨᠢᠮᠪᠠᠢ ᠳᠤᠳᠤᠮᠳᠠᠵᠤ ᠨᠢᠷᠠᠢ ᠭᠠᠷ ᠢ ᠨᠢ ᠭᠦᠳᠦᠯᠤᠨ ᠪᠠᠢ᠌ᠵᠤ᠂ ᠡᠨ ᠡ ᠠᠴᠤᠭ ᠰᠢᠯᠪᠢ᠂ ᠠᠷᠠᠪ ᠳᠤᠭ᠎ᠠ ᠨᠠᠮᠠᠵᠤ ᠬᠠᠰᠤᠬᠤ ᠡᠴᠡ ᠠᠷᠢᠭᠤᠨ ᠰᠤᠶᠤᠯ ᠤᠨ ᠠᠯᠳᠠᠨ ᠬᠠᠷᠭᠤᠢ ᠳᠤ ᠠᠩᠬᠠᠨ ᠤ ᠴᠤᠪᠣᠭ᠎ᠠ ᠶᠢ ᠡᠯᠭᠦᠭᠦᠯᠦᠭ᠍ᠰᠡᠨ ᠶᠤᠮ᠃ ᠭᠡᠩ ᠭᠡᠵᠤ ᠨᠢᠰᠤ ᠨᠢᠭᠢᠭᠦ᠂ ᠭᠡᠷᠭᠢᠵᠤ ᠰᠢᠭᠡᠵᠤ ᠪᠠᠭᠠᠬᠤ ᠡᠴᠡ ᠭᠦᠮᠤᠨ ᠤ ᠠᠮᠢᠳᠤᠷᠠᠯ ᠤᠨ ᠭᠦᠰᠡᠯ ᠤᠨ ᠵᠠᠮ ᠳᠤ ᠳᠦᠷᠦᠭᠦᠨ ᠤ ᠠᠯᠬᠤᠮ ᠢ ᠳᠠᠯᠪᠢᠭᠤᠯᠤᠭᠰᠠᠨ ᠶᠤᠮ᠃ ᠪᠠᠯᠴᠢᠷ ᠪᠠᠭ᠎ᠠ ᠡᠴᠡ ᠭᠦᠳᠡᠯᠮᠦᠷᠢ ᠶᠢ ᠬᠠᠢ᠌ᠷᠠᠯᠠᠬᠤ᠂ ᠪᠠᠭᠰᠢ ᠠᠬᠠᠮᠠᠤᠨ ᠶᠢᠡᠨ ᠭᠦᠡᠳᠦᠦᠡᠭᠡᠵᠤ ᠶᠠᠪᠣᠬᠤ ᠡᠴᠡ ᠬᠠᠷᠢᠯᠴᠠᠨ ᠪᠦᠯᠭᠦᠮᠳᠡᠭᠦ ᠬᠠᠷᠠᠭᠠᠯᠵᠠᠨ ᠬᠠᠪᠰᠤᠷᠬᠤ᠂ ᠬᠤᠪᠢᠰᠬᠠᠯᠳᠤ ᠪᠠᠭᠠᠳᠤᠷᠴᠤᠳ ᠡᠴᠡ ᠲᠠᠭᠠᠨ ᠰᠤᠷᠤᠯᠴᠠᠬᠤ ᠵᠡᠷᠭᠡ ᠣᠬᠠᠭᠠᠨ ᠮᠤᠷᠠᠯ ᠢ ᠣᠪᠢᠳᠠᠰᠳᠤ ᠥᠭᠡ ᠪᠠᠷ ᠣᠶᠤᠨ ᠤ ᠠᠳᠠᠷ ᠢ ᠥᠩᠰᠢᠭᠦᠯᠵᠤ ᠪᠣᠯᠪᠠᠰᠤᠨ ᠤ ᠦᠷ᠎ᠡ ᠶᠢ ᠰᠠᠴᠤᠨ ᠪᠢᠯᠠ᠃ ᠳᠡᠭᠡᠭᠡᠤᠨ ᠰᠠ‍‌ᠶᠢ ᠳᠠᠷᠠ ᠦᠶ᠎ᠡ ᠡᠴᠡ ᠨᠢᠰᠭᠡᠯᠴᠢ ᠪᠣᠯᠬᠤ᠂ ᠪᠠᠢ᠌ᠯᠳᠤᠭᠴᠢ ᠪᠣᠯᠬᠤ᠂ ᠡᠮᠴᠢ ᠪᠣᠯᠬᠤ᠂ ᠡᠷᠳᠡᠮᠳᠡᠨ ᠪᠣᠯᠬᠤ᠂ ᠪᠠᠭᠰᠢ ᠪᠣᠯᠬᠤ᠂ ᠵᠤᠬᠢᠶᠠᠯᠴᠢ ᠪᠣᠯᠬᠤ ᠡᠯᠳᠡᠪ ᠤᠨ ᠭᠦᠰᠡᠯ ᠨᠠᠭᠢᠶᠠᠯᠠᠵᠤ ᠢᠷᠡᠭᠡᠳᠦᠢ ᠳᠠᠯᠠᠯᠤᠨ ᠨᠠᠪᠴᠢᠯᠠᠭᠰᠠᠨ ᠪᠢᠯᠠ᠃ ᠠᠩᠭᠢ ᠶᠢᠨ ᠡᠷᠭᠢᠯᠡᠭ᠍ᠴᠢ ᠶᠢᠨ ᠦᠪᠡᠷ ᠤᠨ ᠭᠡᠦᠭᠡᠤᠨ ᠶᠢᠡᠨ ᠠᠷᠤ ᠳᠠᠭᠠᠨ ᠣᠭᠤᠷᠴᠤ ᠥᠷᠦᠭᠡᠯ ᠤᠨ ᠭᠡᠦᠭᠡᠤᠨ ᠢ ᠦᠷᠦᠪᠴᠢᠯᠠᠨ ᠪᠣᠳᠤᠳᠠᠭ ᠥᠭ᠍‍ᠭᠢᠶᠡᠮᠦᠷᠴᠢ ᠰᠠᠤᠠᠭᠢᠯ ᠨᠢ ᠶᠠᠭᠤᠨ ᠡᠴᠡ ᠣᠷᠭᠢᠯᠠᠪᠠ︖ ᠠᠯᠢ ᠨᠢᠭᠡ ᠰᠤᠷᠤᠭᠴᠢ ᠨᠢ ᠮᠠᠭᠤ ᠰᠢᠯᠭᠠᠪᠠ᠂ ᠭᠡᠷᠭᠢᠨ ᠭᠢᠴᠢᠶᠠᠯ ᠲᠦᠷᠦᠯ ᠤᠨ ᠪᠠᠭᠰᠢ ᠲᠡᠶ ᠨᠢ ᠬᠠᠷᠢᠯᠴᠠᠵᠤ ᠭᠢᠷᠢ ᠭᠡᠮᠵᠢᠶ᠎ᠡ ᠶᠢ ᠨᠢ ᠰᠠᠢ᠌ᠵᠢᠷᠠᠭᠤᠯᠤᠨ᠎ᠠ︖ ᠬᠤᠶᠠᠷ ᠰᠤᠷᠤᠭᠴᠢ ᠨᠢ ᠭᠡᠷᠡᠭᠦᠯᠳᠡᠪᠡ᠂ ᠭᠡᠷᠭᠢᠨ ᠳᠠᠰᠤᠯᠵᠤ ᠶᠠᠭᠠᠭᠢᠵᠤ ᠡᠪᠰᠡᠭᠦᠯᠦᠨ᠎ᠡ︖ ᠨᠢᠭᠡ ᠰᠤᠷᠤᠭᠴᠢ ᠶᠢᠨ ᠠᠮᠢᠳᠤᠷᠠᠯ ᠭᠦᠴᠢᠷ ᠲᠡᠶ ᠰᠤᠷᠤᠯᠭ᠎ᠠ ᠵᠤᠭᠰᠤᠮᠠᠷ ᠪᠣᠯᠤᠭᠠᠤᠨ ᠪᠠᠢ᠌ᠨ᠎ᠠ᠂ ᠭᠡᠷ ᠤᠨ ᠠᠬᠠᠮᠠᠤᠨ ᠲᠡᠶ ᠨᠢ ᠭᠡᠷᠭᠢᠨ ᠬᠠᠷᠢᠯᠴᠠᠵᠤ ᠶᠠᠭᠠᠭᠢᠵᠤ ᠰᠢ᠌ᠤᠠᠪᠣᠷᠢᠯᠠᠨ᠎ᠠ︖ ᠠᠩᠭᠢ ᠳ᠋ᠤᠨᠢ ᠰᠦᠯᠵᠢᠶᠠᠨ ᠳᠤ ᠣᠷᠤᠵᠤ ᠡᠷᠳᠡ ᠢᠨᠠᠭᠯᠠᠬᠤ ᠣᠴᠢᠷ ᠭᠠᠷᠴᠤ ᠪᠠᠢ᠌ᠨ᠎ᠠ᠂ ᠶᠠᠭᠠᠭᠢᠵᠤ ᠦᠵᠡᠯ ᠰᠠᠨᠠᠭᠠᠨ ᠤ ᠭᠦᠮᠦᠵᠢᠯ ᠭᠢᠨ᠎ᠠ︖᠂᠂᠂᠂ ᠣᠯᠤᠰᠤᠨ ᠰᠢᠷᠢᠯᠳᠦᠭᠡ ᠰᠢᠭ᠌ ᠣᠯᠠᠨ ᠣᠯᠠᠨ ᠣᠴᠢᠷ ᠤᠳ ᠢ ᠡᠮᠭᠢᠯᠡᠵᠤ ᠳᠢᠭᠯᠡᠨ ᠥᠵᠦᠭᠦᠷ ᠵᠥᠭ᠌ ᠭᠠᠷᠭᠠᠬᠤ ᠳᠤ ᠭᠡᠳᠥᠢᠴᠢᠨᠡᠨ ᠣᠳᠠᠭ᠎ᠠ ᠵᠡᠭᠦᠡᠰᠢ ᠭᠦᠶᠤᠨ ᠪᠠᠷᠠᠭᠤᠠᠰᠢ ᠳᠤᠪᠳᠤᠯᠤᠭᠰᠠᠨ ᠢ ᠳᠤᠭᠠᠯᠠᠬᠤ ᠳᠤ ᠭᠦᠴᠢᠷᠳᠡᠢ ᠴᠤ ᠱᠠᠬᠠᠢ ᠶᠢᠨ ᠣᠯᠠ ᠶᠢᠨ ᠭᠢᠨᠢ ᠱᠠᠭᠠᠷᠠᠵᠤ ᠡᠯᠡᠭ᠍ᠳᠡᠭ᠍ᠰᠡᠨ ᠡᠴᠡ ᠨᠢ ᠭᠠᠳᠠᠷᠯᠠᠵᠤ ᠮᠡᠳᠡᠭᠦ ᠨᠢ ᠬᠠᠮᠤᠭ ᠤᠨ ᠠᠮᠠᠷᠬᠠᠨ ᠪᠠᠢ᠌ᠯᠭᠦᠢ᠃ ᠠᠩᠭᠢ ᠶᠢᠨ ᠡᠷᠭᠢᠯᠡᠭ᠍ᠴᠢ ᠶᠢᠨ ᠬᠠᠮᠤᠭ ᠤᠨ ᠶᠡᠭᠡ ᠪᠠᠶᠠᠷ ᠵᠢᠷᠭᠠᠯ ᠨᠢ ᠠᠩᠭᠢ ᠶᠢᠨ ᠠᠵᠢᠯ ᠤᠨ ᠭᠡᠷᠡᠯ ᠭᠢᠯᠪᠠᠭ᠎ᠠ ᠳᠤ ᠪᠣᠢ᠃ ᠬᠤᠴᠤᠷᠤᠩᠭ᠋ᠤᠢ ᠰᠤᠷᠤᠭᠴᠢ ᠨᠢ ᠬᠤᠪᠢᠷᠠᠯᠳᠠ ᠭᠠᠷᠴᠤ ᠣᠷᠤᠭᠰᠢ ᠳᠠᠪᠰᠢᠬᠤ᠂ ᠭᠡᠪ ᠴᠢᠨᠠᠷ ᠶᠢᠡᠷ ᠭᠡᠳᠥᠢᠦᠡᠴᠤ ᠭᠠᠷᠬᠤ᠂ ᠡᠯ᠎ᠡ ᠵᠣᠢ᠌ᠯ ᠤᠨ ᠰᠢᠯᠭᠠᠯᠳᠠ ᠠᠵᠢᠯ ᠳᠤ ᠰᠢᠯᠢᠳᠡᠭ᠌ ᠠᠮᠵᠢᠯᠳᠠ ᠣᠯᠬᠤ᠂ ᠰᠠᠢ᠌ᠨ ᠭᠢᠷᠢ ᠪᠦᠳᠦᠮᠵᠢ ᠪᠠᠷ ᠰᠤᠷᠭᠠᠭᠤᠯᠢ ᠳᠠᠪᠰᠢᠬᠤ ᠵᠡᠷᠭᠡ ᠳᠤ ᠶᠠᠭᠤ ᠴᠤ ᠣᠯᠵᠤ ᠭᠦᠷᠳᠡᠭᠦ ᠦᠭᠡᠶ ᠴᠤ ᠶᠠᠭᠤᠨ ᠡᠴᠡ ᠢᠯᠡᠭᠦᠤ ᠣᠮᠤᠭᠰᠢᠨ ᠪᠠᠶᠠᠷᠯᠠᠳᠠᠭ ᠨᠢ ᠡᠨᠡ ᠡᠷᠡᠨ ᠤ ᠠᠳᠠᠭ ᠪᠠᠭ᠎ᠠ ᠡᠷᠭᠢᠯᠡᠭ᠍ᠴᠢ᠂ ᠡᠷᠪᠠᠢ ᠭᠡᠦᠭᠡᠤᠨ ᠤᠨ ᠠᠭᠤᠤ ᠶᠡᠭᠡ ᠡᠷᠭᠢᠯᠡᠭ᠍ᠴᠢ ᠊᠊᠊᠊᠊᠊᠊᠊᠊᠊᠊᠊᠊᠊᠊ ᠠᠩᠭᠢ ᠶᠢᠨ ᠡᠷᠭᠢᠯᠡᠭ᠍ᠴᠢ ᠪᠠᠢ᠌ᠭ᠎ᠠ ᠶᠤᠮ᠃ ᠠᠩᠭᠢ ᠶᠢᠨ ᠡᠷᠭᠢᠯᠡᠭ᠍ᠴᠢ ᠶᠠᠭᠠᠭᠢᠬᠤ ᠳᠠᠭᠠᠨ ᠳᠠᠢ᠌ᠮᠤ ᠪᠠᠢ᠌ᠳᠠᠭ ᠪᠣᠢ︖ ᠣᠴᠢᠷ ᠨᠢ ᠳᠠᠳᠠᠨ ᠡᠴᠡ ᠡᠩ ᠤᠨ ᠵᠢᠷ ᠤᠨ᠂ ᠡᠭᠡᠯ ᠪᠣᠷᠤᠭᠵᠢᠭᠤᠨ ᠮᠥᠷᠳᠡᠭᠡᠨ ᠡᠷᠭᠢᠮ ᠳᠡᠭᠡᠳᠤ᠂ ᠠᠭᠤᠤ ᠶᠡᠭᠡ ᠬᠠᠷᠢᠭᠤᠴᠠᠯᠭᠠᠳᠤ ᠰᠡᠳᠬᠢᠯᠭᠡ ᠪᠡ ᠭᠦᠮᠤᠨ ᠴᠢᠨᠠᠷ ᠣᠠᠳᠤᠷᠴᠤ ᠪᠠᠢ᠌ᠭ᠎ᠠ ᠲᠡᠶ ᠬᠤᠯᠪᠣᠭ᠎ᠠ ᠲᠡᠶ᠃ ᠡᠷᠭᠢᠯᠡᠭ᠍ᠴᠢ ᠊᠊᠊᠊᠊᠊᠊᠊᠊᠊᠊᠊᠊᠊᠊ ᠠᠩᠭᠢ ᠶᠢᠨ ᠡᠷᠭᠢᠯᠡᠭ᠍ᠴᠢ ᠳᠤ ᠠᠪᠴᠤ ᠭᠡᠯᠡᠪᠠᠯ᠂ ᠪᠠᠢ᠌ᠷᠢ ᠰᠠᠭᠤᠷᠢ᠂ ᠵᠡᠷᠭᠡ ᠳᠤᠰᠢᠶᠠᠯ ᠣᠭᠳᠤ ᠪᠢᠰᠢ᠂ ᠬᠠᠷᠢᠨ ᠨᠠᠠᠳᠢᠨ ᠶᠡᠭᠡ ᠬᠠᠷᠢᠭᠤᠴᠠᠯᠭ᠎ᠠ ᠪᠠ ᠳᠠᠷᠬᠠᠨ ᠶᠡᠭᠡ ᠡᠭᠦᠷᠭᠡ ᠮᠦᠨ ᠠᠵᠠᠢ᠃

ᠵᠤᠬᠢᠶᠠᠭᠴᠢ᠄ ᠪᠠᠢ᠌᠊·ᠠᠮᠤᠭᠤᠯᠠᠩ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠥᠭᠥᠯᠡᠯ ᠰᠢᠭᠦᠮᠵᠢ
ᠳᠠᠷᠤᠮ᠄ 4364
ᠴᠠᠭ᠄ 2009 ᠤᠨ ᠤ 05 ᠰᠠᠷ᠎ᠠ ᠶᠢᠨ 16
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁