ᠭᠦᠮᠤᠨ ᠴᠢᠨ᠋ᠸ᠎ᠠ ᠬᠤᠶᠠᠷ

ᠬᠤᠨᠢ ᠠᠯᠠᠬᠤ ᠳ᠋ᠤ

ᠳᠡᠭ᠍ᠷᠢ ᠬᠠᠷᠠᠭᠤᠯᠤᠯ᠎ᠠ ᠭᠡᠵᠤ ᠪᠠᠶᠠᠰᠤᠨ᠎ᠠ

ᠢᠮᠠᠭ᠎ᠠ ᠠᠯᠠᠬᠤ ᠳ᠋ᠤ

ᠳᠡᠭ᠍ᠷᠢ ᠳᠤ ᠭᠠᠷᠭᠠᠯ᠎ᠠ ᠭᠡᠵᠤ ᠮᠠᠢ᠌ᠯᠠᠨ᠎ᠠ

ᠮᠠᠢ᠌ᠯᠠᠭᠰᠠᠨ ᠴᠤ ᠡᠰᠡ ᠮᠠᠢ᠌ᠯᠠᠭᠰᠠᠨ ᠴᠤ

ᠮᠢᠬ᠎ᠠ ᠢᠳᠡᠭᠦ ᠭᠡᠵᠤ ᠭᠦᠮᠦᠰ

ᠮᠠᠷᠰᠠᠢ᠌ᠨ ᠢᠨᠢᠶᠠᠯᠴᠠᠵᠤ

ᠮᠠᠢ᠌ᠯᠠᠬᠤ ᠠᠮᠢ ᠶᠢ ᠨᠢ ᠳᠠᠰᠤᠯᠤᠨ᠎ᠠ

ᠬᠤᠭᠤᠯᠠ ᠶᠢ ᠨᠢ ᠪᠣᠯᠢᠶᠠᠴᠢᠬᠠᠯ᠎ᠠ ᠭᠡᠵᠤ

ᠴᠢᠨ᠋ᠸ᠎ᠠ ᠳᠡᠭ᠍ᠷᠢ ᠳᠤ ᠣᠯᠢᠨ᠎ᠠ

ᠬᠤᠷᠢ ᠭᠤᠴᠢ ᠪᠠᠷ ᠳᠠᠳᠠᠵᠤ

ᠬᠤᠷᠤᠰᠤᠯ ᠶᠢᠡᠨ ᠬᠠᠨᠤᠳᠠᠯ᠎ᠠ ᠳᠠᠢ᠌ᠯᠤᠨ᠎ᠠ


ᠵᠤᠬᠢᠶᠠᠭᠴᠢ ᠶᠢᠨ ᠬᠠ‍‌ᠶᠢᠭ ᠄ ᠭᠦᠯᠤᠨ ᠪᠣᠢ᠌ᠷ ᠬᠤᠳᠠ ᠶᠢᠨ ᠰᠢᠨ᠎ᠡ ᠪᠠᠷᠭᠤ ᠵᠡᠭᠦᠨ ᠬᠤᠰᠢᠭᠤᠨ ᠤ ᠠᠵᠢᠯ ᠮᠡᠷᠭᠡᠵᠢᠯ ᠤᠨ ᠳᠤᠮᠳᠠᠳᠤ ᠰᠤᠷᠭᠠᠭᠤᠯᠢ

ᠵᠤᠬᠢᠶᠠᠭᠴᠢ᠄ ᠪᠣᠷᠵᠢᠭᠢᠨ ᠷᠢᠠᠴᠢᠨ
ᠬᠠᠷᠢᠶ᠎ᠠ᠄ ᠰᠢᠯᠦᠭ
ᠳᠠᠷᠤᠮ᠄ 1818
ᠴᠠᠭ᠄ 2012 ᠤᠨ ᠤ 04 ᠰᠠᠷ᠎ᠠ ᠶᠢᠨ 26