ᠬᠤᠭ ᠳᠡᠭᠦᠭ᠍ᠴᠢ ᠬᠠᠳᠤᠨ

     ᠭᠦᠮᠤᠨ ᠤ ᠠᠮᠢᠳᠤᠷᠠᠯ ᠢ ᠶᠠᠮᠠᠷ ᠨᠢᠭᠡᠨ ᠣᠤᠠᠬ᠎ᠠ ᠠᠭᠤᠯᠭ᠎ᠠ ᠡᠴᠠ ᠠᠪᠴᠤ ᠭᠡᠯᠡᠪᠠᠯ᠂ ᠨᠢᠭᠡᠨ ᠬᠤᠭ ᠨᠤᠪᠰᠢ ᠢᠯᠭᠠᠷᠠᠭᠤᠯᠬᠤ ᠶᠠᠪᠣᠴᠠ ᠭᠡᠵᠤ ᠴᠤ ᠭᠡᠯᠡᠵᠤ ᠪᠣᠯᠤᠮᠠᠷ ᠶᠤᠮ᠃ ᠦᠷᠯᠦᠭᠡ ᠪᠣᠯᠭᠠᠨ ᠣᠭᠤᠳᠠ ᠳᠦᠭᠦᠷᠡᠩ ᠰᠠᠪᠠᠯᠠᠭᠰᠠᠨ ᠬᠤᠭ ᠶᠢᠡᠨ ᠠᠰᠠᠷ ᠤᠨ ᠠᠷᠤ ᠳ᠋ᠠᠭᠢ ᠬᠤᠭ ᠤᠨ ᠬᠠᠢ᠌ᠷᠴᠠᠭ ᠲᠤ ᠰᠢᠳᠠᠨ ᠣᠷᠤᠭᠤᠯᠬᠤ ᠪᠣᠯ ᠮᠢᠨᠤ ᠨᠢᠭᠡ ᠡᠳᠦᠷ ᠤᠨ ᠠᠵᠢᠯ ᠤᠨ ᠡᠭᠢᠯᠡᠯᠳᠡ ᠪᠣᠯᠤᠨ᠎ᠠ᠃ ᠦᠨᠡᠨ ᠳᠤ ᠪᠠᠨ ᠪᠢᠳᠠᠨ ᠤ ᠰᠢᠳᠡᠭ᠍ᠰᠡᠨ ᠬᠤᠭ ᠨᠤᠪᠰᠢᠨ ᠳᠤ ᠡᠷᠭᠢᠭᠦᠯᠵᠤ ᠠᠪᠴᠢᠬᠠᠮᠠᠷ ᠣᠯᠢᠭ ᠲᠡᠶ ᠶᠠᠭᠤᠮ᠎ᠠ ᠪᠠᠢ᠌ᠬᠤ ᠦᠭᠡᠶ ᠭᠡᠵᠤ ᠭᠡᠵᠢᠶᠡᠳᠡ ᠰᠠᠨᠠᠳᠠᠭ᠃ ᠭᠡᠪᠠᠴᠤ ᠮᠠᠨ ᠤ ᠰᠢᠳᠡᠭ᠍ᠰᠡᠨ ᠬᠤᠭ ᠤᠨ ᠬᠠᠢ᠌ᠷᠴᠠᠭ ᠢ ᠡᠳᠦᠷᠵᠢᠨ ᠠᠭᠤᠳᠠᠯᠯᠠᠨ ᠰᠡᠭ᠍ᠰᠦᠴᠢᠵᠤ᠂ ᠳᠤᠳᠤᠷ᠎ᠠ ᠡᠴᠠ ᠨᠢ ᠭᠡᠷᠡᠭ᠍ᠳᠡᠢ ᠭᠡᠰᠡᠨ ᠶᠢᠡᠨ ᠳᠡᠭᠦᠵᠤ ᠠᠪᠳᠠᠭ ᠨᠢᠭᠡᠨ ᠡᠮᠡᠭᠡᠨ ᠪᠣᠢ᠃ ᠳᠡᠭᠦᠨ ᠤ ᠪᠠᠷᠠᠭᠤᠨ ᠭᠦᠮᠦᠰᠭᠡᠨ ᠤ ᠥᠵᠦᠭᠦᠷ ᠲᠤ ᠪᠦᠳᠦᠭᠦᠨ ᠬᠠᠷ᠎ᠠ ᠮᠡᠩᠭᠡ ᠲᠡᠶ ᠶᠢ ᠭᠠᠷᠭᠠᠪᠠᠯ ᠪᠣᠰᠤᠳ ᠣᠠᠴᠠᠭᠠᠢ ᠶᠠᠭᠤᠮ᠎ᠠ ᠬᠠᠷᠠᠭᠳᠠᠭᠰᠠᠨ ᠦᠭᠡᠶ᠃ ᠳᠠᠷᠠ ᠡᠮᠡᠭᠡᠨ ᠪᠠᠷᠤᠭ ᠦᠷᠯᠦᠭᠡ ᠪᠣᠯᠭᠠᠨ ᠨᠠᠳᠠ ᠲᠡᠶ ᠳᠠᠷᠠ ᠬᠤᠭ ᠤᠨ ᠬᠠᠢ᠌ᠷᠴᠠᠭ ᠤᠨ ᠳᠡᠷᠭᠡᠳᠡ ᠠᠭᠤᠯᠵᠠᠳᠠᠭ᠂ ᠠᠭᠤᠯᠵᠠᠭᠰᠠᠨ ᠳᠤ ᠥᠭᠡ ᠶᠠᠷᠢᠯᠴᠠᠳᠠᠭ ᠦᠭᠡᠶ ᠪᠣᠯᠬᠤᠷ ᠳᠡᠭᠦᠨ ᠤ ᠳᠤᠬᠠᠢ ᠪᠢ ᠨᠢᠭᠡ ᠴᠤ ᠭᠦᠨ ᠣᠢ᠌ᠯᠠᠭᠠᠯᠳᠠ ᠦᠭᠡᠶ᠂ ᠦᠨᠡᠨ ᠳᠤ ᠪᠠᠨ ᠨᠢᠭᠡᠨ ᠬᠤᠭ ᠳᠡᠭᠦᠭ᠍ᠴᠢ ᠶᠢᠨ ᠳᠤᠬᠠᠢ ᠭᠦᠨ ᠣᠢ᠌ᠯᠠᠭᠠᠭᠰᠠᠨ ᠤ ᠴᠤ ᠴᠢᠬᠤᠯᠠ ᠦᠭᠡᠶ ᠶᠤᠮ ᠰᠢᠭ᠌ ᠪᠣᠳᠤᠭᠳᠠᠨ᠎ᠠ᠃ ᠨᠠᠩ ᠢᠯᠠᠩᠭ᠋ᠤᠶ᠎ᠠ ᠮᠢᠨᠤ ᠳᠤᠬᠠᠢ ᠳᠠᠷᠠ ᠴᠤ ᠮᠦᠨ ᠣᠢ᠌ᠯᠠᠭᠠᠳᠠᠭ ᠦᠭᠡᠶ ᠨᠢ ᠯᠠᠪᠳᠠᠢ᠃ ᠡᠢ᠌ᠮᠦᠷᠭᠦ ᠠᠭᠤᠯᠵᠠᠯᠳᠠ ᠪᠠᠷᠤᠭ ᠭᠤᠷᠪᠠᠨ ᠵᠢᠯ ᠦᠷᠭᠦᠯᠵᠢᠯᠡᠯ᠎ᠡ᠃

     ᠪᠢ ᠮᠦᠨ ᠬᠤᠭ ᠶᠢᠡᠨ ᠰᠢᠳᠡᠭ᠍ᠰᠡᠭᠡᠷ᠂ ᠳᠠᠷᠠ ᠡᠮᠡᠭᠡᠨ ᠮᠦᠨ ᠯᠠ ᠪᠣᠷᠤ ᠳᠦᠷᠢ ᠶᠢᠨ ᠬᠤᠪᠴᠠᠰᠤ ᠪᠠᠨ ᠡᠮᠦᠰᠴᠤ ᠳᠤᠮᠤ ᠰᠦᠯᠵᠢᠮᠠᠯ ᠣᠭᠤᠳᠠᠨ ᠳᠤ ᠪᠠᠨ ᠬᠤᠭ ᠤᠨ ᠬᠠᠢ᠌ᠷᠴᠠᠭ ᠡᠴᠠ ᠱᠥᠭᠦᠭ᠍ᠰᠡᠨ ᠵᠣᠢ᠌ᠯᠠᠰ ᠶᠢᠡᠨ ᠰᠠᠪᠠᠯᠠᠵᠤ ᠬᠠᠭᠤᠴᠢᠷᠠᠭᠠᠤᠨ ᠲᠤᠢ᠌ᠯ ᠳᠤ ᠪᠠᠨ ᠳᠤᠯᠤᠭᠰᠠᠨ ᠬᠠᠷ᠎ᠠ ᠳᠤᠭᠤᠢ ᠳᠤ ᠪᠠᠨ ᠠᠴᠢᠭᠠᠤᠨ ᠠᠷᠢᠯᠵᠤ ᠯᠠ ᠪᠠᠢ᠌ᠯ᠎ᠠ᠃

     ᠪᠢᠳᠠ ᠬᠤᠶᠠᠭᠤᠯᠠ ᠭᠡᠳᠥᠢᠪᠠᠷ ᠥᠭᠡ ᠶᠠᠷᠢᠯᠴᠠᠳᠠᠭ ᠦᠭᠡᠶ ᠪᠣᠯᠪᠠᠴᠤ ᠡᠳᠦᠷ ᠪᠦᠷᠢ ᠠᠭᠤᠯᠵᠠᠳᠠᠭ ᠪᠣᠯᠬᠤᠷ ᠳᠤᠩ ᠳᠠᠰᠤᠯᠴᠠᠭᠰᠠᠨ ᠢ ᠶᠠᠭᠠᠭᠢᠨ᠎ᠠ᠃ ᠡᠮᠡᠭᠡᠨ ᠤ ᠡᠳᠦᠷ ᠪᠦᠷᠢ ᠬᠤᠭ ᠣᠷᠪᠠᠭᠤᠯᠬᠤ ᠬᠤᠪᠢ ᠵᠠᠶᠠᠭᠠᠨ ᠳᠤ ᠪᠢ ᠵᠠᠷᠢᠮ ᠳᠤ ᠪᠠᠨ ᠳᠤᠩ ᠦᠷᠤᠪᠳᠤᠨ ᠭᠦᠭᠡᠷᠦᠭᠦᠢᠯᠡᠳᠡᠭ᠌᠂ ᠣᠴᠢᠷ ᠨᠢ ᠪᠢ ᠦᠪᠡᠷ ᠶᠢᠡᠨ ᠠᠯᠪᠠᠨ ᠰᠢᠷᠡᠭᠡᠨ ᠳᠤ ᠰᠠᠭᠤᠵᠤ ᠣᠯᠤᠰ ᠤᠨ ᠴᠠᠯᠢᠩ ᠢᠳᠠᠵᠤ ᠬᠠᠪᠢ ᠦᠭᠡᠶ ᠵᠢᠷᠭᠠᠯ ᠲᠡᠶ ᠠᠮᠢᠳᠤᠷᠠᠵᠤ ᠪᠠᠢ᠌ᠭ᠎ᠠ ᠪᠣᠯᠬᠤᠷ ᠳᠡᠭᠦᠨ ᠡᠴᠠ ᠳᠤᠩ ᠡᠷᠭᠢᠮ ᠳᠡᠭᠡᠳᠤ᠂ ᠪᠠᠶᠠᠨ ᠴᠢᠨᠡᠭᠡᠯᠢᠭ᠌ ᠠᠮᠢᠳᠤᠷᠠᠯ ᠲᠡᠶ ᠭᠡᠵᠤ ᠪᠣᠳᠤᠳᠠᠭ᠃ ᠡᠢ᠌ᠮᠤ ᠪᠣᠯᠬᠤᠷ ᠪᠢ ᠬᠤᠭ ᠶᠢᠡᠨ ᠬᠠᠶᠠᠬᠤ ᠳᠤ ᠪᠠᠨ ᠠᠯᠢ ᠴᠢᠳᠠᠬᠤ ᠶᠢᠨ ᠭᠢᠷᠢ ᠪᠠᠷ ᠬᠤᠭ ᠶᠢᠡᠨ ᠨᠠᠷᠢᠨ ᠢᠯᠭᠠᠵᠤ ᠭᠡᠷᠡᠭᠯᠡᠵᠤ ᠪᠣᠯᠤᠮᠠᠷ ᠢ ᠨᠢ ᠳᠤᠰᠬᠠᠢ ᠰᠠᠪᠠᠨ ᠳᠤ ᠰᠠᠪᠠᠯᠠᠵᠤ ᠡᠮᠡᠭᠡᠨ ᠳᠤ ᠰᠢᠭᠤᠳ ᠠᠳᠬᠤᠭᠤᠯᠳᠠᠭ ᠪᠣᠶᠤ ᠢᠯᠠ ᠪᠠᠷ ᠰᠠᠯᠤᠩᠭᠢ ᠳᠠᠯᠪᠢᠳᠠᠭ ᠵᠠᠩᠰᠢᠯ ᠲᠡᠶ ᠪᠣᠯᠵᠠᠢ᠃ ᠡᠮᠡᠭᠡᠨ ᠴᠤ ᠪᠠᠰᠠ ᠨᠢᠭᠡᠨ ᠰᠠᠴᠠᠨ ᠭᠦᠮᠤᠨ ᠪᠣᠯᠤᠯᠳᠠᠢ ᠮᠢᠨᠤ ᠡᠰᠡᠷᠭᠦ ᠡᠴᠠ ᠳᠤᠩ ᠳᠠᠯᠠᠷᠬᠠᠭᠰᠠᠨ ᠬᠠᠷᠠᠴᠠ ᠪᠠᠷ ᠬᠠᠷᠠᠬᠤ ᠪᠣᠯᠵᠠᠢ᠃

     ᠬᠤᠭ ᠶᠢᠡᠨ ᠬᠠᠶᠠᠬᠤ ᠪᠣᠯ ᠶᠠᠭᠠᠭᠢᠭᠰᠠᠨ ᠴᠤ ᠨᠢᠭᠡ ᠡᠳᠦᠷ ᠤᠨ ᠶᠠᠯᠢᠮ ᠦᠭᠡᠶ ᠨᠢᠭᠡᠨ ᠭᠡᠰᠡᠭ᠌ ᠯᠠ ᠠᠭᠤᠯᠭ᠎ᠠ ᠳᠠᠳᠤᠢ ᠪᠠᠢ᠌ᠵᠤ᠂ ᠡᠭᠦᠨ ᠡᠴᠠ ᠨᠠᠩ ᠣᠯᠠᠨ ᠠᠵᠢᠯ ᠤᠳ ᠬᠣᠢ᠌ᠨ᠎ᠠ ᠬᠣᠢ᠌ᠨ᠎ᠠ ᠡᠴᠠ ᠰᠤᠪᠣᠷᠠᠨ ᠦᠷᠭᠦᠯᠵᠢᠯᠡᠵᠤ ᠵᠠᠷᠢᠮ ᠵᠠᠷᠢᠮ ᠳᠤ ᠪᠠᠨ ᠶᠠᠭᠠᠭᠢᠬᠤ ᠪᠠᠨ ᠣᠯᠬᠤ ᠦᠭᠡᠶ ᠶᠠᠭᠠᠷᠠᠳᠠᠭ᠃

     ᠡᠳᠦᠷ ᠤᠨ ᠰᠤᠨᠢᠨ ᠤ ᠬᠤᠷᠢᠶᠠᠨ ᠡᠴᠠ ᠥᠭᠡᠷᠡᠴᠢᠯᠡᠯᠳᠡ ᠨᠡᠭᠡᠭᠡᠯᠳᠡ ᠶᠢᠨ 30 ᠵᠢᠯ ᠤᠨ ᠠᠭᠤᠯᠭ᠎ᠠ ᠶᠢ ᠳᠤᠰᠬᠠᠭᠰᠠᠨ ᠮᠡᠳᠡᠭᠡ ᠵᠤᠬᠢᠶᠠᠯ ᠢᠯᠡᠭᠡᠭᠡᠷᠡᠢ ᠭᠡᠵᠤ ᠰᠢᠬᠠᠮᠳᠠᠭᠤᠯᠤᠨ ᠱᠠᠭᠠᠷᠳᠠᠬᠤ ᠶᠤᠮ᠃ ᠦᠨᠡᠨ ᠳᠤ ᠪᠠᠨ ᠡᠨᠡᠭᠦ 30 ᠵᠢᠯ ᠤᠨ ᠳᠤᠷᠰᠢᠳᠠ ᠮᠠᠨ ᠤ ᠬᠠᠵᠠᠭᠤᠳᠠ ᠭᠡᠴᠢᠨᠡᠨ ᠲᠦᠮᠡᠨ ᠣᠴᠢᠷ ᠤᠳ ᠪᠦᠷ ᠡᠳᠦᠷ ᠡᠳᠦᠷ ᠡᠴᠠ ᠰᠢᠨᠠᠳᠤᠨ ᠬᠤᠪᠢᠷᠠᠵᠤ᠂ ᠭᠦᠭ᠍ᠵᠢᠨ ᠴᠡᠴᠡᠭᠯᠡᠵᠤ ᠪᠠᠢ᠌ᠬᠤ ᠶᠤᠮ᠃ ᠪᠢᠴᠢᠵᠤ ᠣᠬᠠᠭᠤᠯᠬᠤ ᠠᠭᠤᠯᠭ᠎ᠠ ᠰᠠᠳᠤᠪ ᠢ ᠭᠠᠷ ᠤᠨ ᠠᠶ᠎ᠠ ᠪᠠᠷ ᠠᠮᠠᠷᠬᠠᠨ ᠣᠯᠳᠠᠬᠤ ᠨᠢ ᠦᠨᠡᠨ ᠲᠡᠶ᠃ ᠭᠡᠪᠠᠴᠤ ᠴᠠᠭ ᠨᠢ ᠪᠣᠯᠤᠭᠠᠤᠨ ᠨᠡᠢ᠌ᠳᠡᠯᠢᠭ᠌ ᠴᠢᠨᠠᠷ ᠲᠡᠶ ᠰᠠᠢ᠌ᠬᠠᠨ ᠰᠠᠳᠤᠪ ᠢ ᠰᠤᠩᠭ᠋ᠤᠵᠤ ᠪᠢᠴᠢᠶ᠎ᠠ ᠭᠡᠬᠦ ᠳᠤ ᠭᠢᠷᠢ ᠭᠡᠮ ᠳᠤᠯᠢᠳᠠᠭᠠᠤᠨ ᠪᠠᠢ᠌ᠬᠤ ᠡᠴᠠ᠃

     ᠭᠡᠳᠥᠢᠪᠠᠷ ᠰᠤᠨᠢᠨ ᠤ ᠬᠤᠷᠢᠶ᠎ᠠ ᠡᠴᠠ ᠳᠠᠭᠠᠭᠠᠯᠭᠠᠭᠰᠠᠨ ᠡᠭᠦᠷᠭᠡ ᠶᠢ ᠪᠠᠶᠡᠯᠡᠭᠦᠯᠵᠤ ᠴᠢᠳᠠᠭᠠᠳᠤᠢ ᠪᠣᠯᠪᠠᠴᠤ ᠶᠠᠭᠤ ᠭᠢᠵᠤ ᠪᠠᠢ᠌ᠭᠰᠠᠨ ᠬᠤᠭᠤᠷᠤᠠᠳᠤ ᠨᠢ ᠴᠤ ᠳᠡᠭᠦᠨ ᠤ ᠳᠤᠬᠠᠢ ᠰᠠᠳᠭᠢᠨ ᠪᠣᠳᠤᠯᠭᠢᠯᠠᠵᠤ ᠯᠠ ᠶᠠᠪᠣᠨ᠎ᠠ᠃

     ᠴᠠᠯᠢᠩ ᠳᠠᠯᠪᠢᠯ᠎ᠠ ᠭᠡᠵᠤ ᠰᠤᠨᠤᠰᠤᠭᠠᠤᠨ ᠪᠠᠩᠭᠢ ᠡᠴᠠ ᠴᠠᠯᠢᠩ ᠶᠢᠡᠨ ᠠᠪᠬᠤ ᠪᠠᠷ ᠣᠴᠢᠯ᠎ᠠ᠃ ᠰᠠᠷ᠎ᠠ ᠶᠢᠨ ᠴᠠᠯᠢᠩ ᠶᠢᠡᠨ ᠳᠤᠬᠠᠢ ᠶᠢᠨ ᠰᠠᠷ᠎ᠠ ᠳᠤ ᠨᠢ ᠪᠣᠷᠤᠯᠠᠭᠤᠯᠵᠤ ᠳᠠᠭᠤᠰᠬᠠᠬᠤ ᠪᠣᠯ ᠮᠠᠨ ᠤ ᠡᠩᠨᠡᠭᠡᠨ ᠤ ᠬᠠᠮᠳᠤ ᠶᠢᠨ ᠵᠤᠷᠰᠢᠯ᠃ ᠵᠤᠭᠤᠰ ᠭᠠᠷᠭᠠᠵᠤ ᠴᠤᠩᠬᠤᠨ ᠳᠡᠷᠭᠡᠳᠡ ᠣᠯᠠᠨ ᠭᠦᠮᠤᠨ ᠰᠢᠬᠠᠯᠳᠤᠵᠤ ᠪᠠᠢ᠌ᠭ᠎ᠠ ᠪᠣᠯᠬᠤᠷ ᠪᠢ ᠵᠢᠭᠠᠬᠠᠨ ᠭᠦᠯᠢᠭᠡᠯᠵᠡᠵᠤ ᠵᠤᠭᠰᠤᠯ᠎ᠠ᠃

     ᠳᠡᠭᠡᠵᠤ ᠪᠠᠢ᠌ᠳᠠᠯ᠎ᠠ ᠨᠢᠭᠡᠨ ᠳᠠᠨᠢᠯᠬᠠᠨ ᠬᠤᠪᠴᠠᠰᠤ ᠬᠠᠷᠠᠭᠳᠠᠬᠤᠯᠠᠷ ᠯᠠᠪᠯᠠᠨ ᠬᠠᠷᠠᠪᠠᠯ᠂ ᠦᠨᠦᠭᠢ ᠭᠦᠮᠦᠰᠭᠡᠨ ᠥᠵᠦᠭᠦᠷ ᠲᠤ ᠪᠠᠨ ᠮᠡᠩᠭᠡ ᠲᠡᠶ ᠬᠤᠭ ᠳᠡᠭᠦᠭ᠍ᠴᠢ ᠡᠮᠡᠭᠡᠨ ᠮᠢᠨᠤ ᠡᠰᠡᠷᠭᠦ ᠡᠴᠠ ᠢᠨᠢᠶᠠᠰᠭᠢᠨ᠄ 《ᠴᠠᠯᠢᠩ ᠶᠢᠡᠨ ᠠᠪᠬᠤ ᠪᠠᠷ ᠢᠷᠠᠪᠠᠤ︖》 ᠭᠡᠵᠤ ᠠᠰᠠᠭᠤᠭᠰᠠᠨ ᠶᠢᠡᠨ᠄ 《ᠭᠦᠮᠤᠨ ᠣᠯᠠᠨ ᠪᠠᠢ᠌ᠨ᠎ᠠ ᠳ᠋ᠠ》 ᠭᠡᠪᠡ᠃

     《ᠳᠠᠢ᠌ᠮᠤ ᠡ᠂ ᠴᠠᠯᠢᠩ ᠶᠢᠡᠨ ᠠᠪᠣᠶ᠎ᠠ ᠭᠡᠭᠦ ᠳᠤ ᠭᠦᠮᠤᠨ ᠣᠯᠠᠨ ᠪᠣᠯᠬᠤᠷ ᠵᠢᠭᠠᠬᠠᠨ ᠭᠦᠯᠢᠶᠡᠵᠤ ᠪᠠᠢ᠌ᠨ᠎ᠠ》 ᠭᠡᠵᠤ ᠬᠠᠷᠢᠭᠤᠯᠤᠭᠠᠤᠨ ᠡᠨᠡ ᠡᠮᠡᠭᠡᠨ ᠪᠠᠩᠭᠢ ᠳᠤ ᠢᠷᠡᠭ᠍ᠰᠡᠨ ᠨᠢ ᠴᠤᠬᠤᠮ ᠵᠤᠭᠤᠰ ᠬᠠᠳᠠᠭᠠᠯᠠᠬᠤ ᠪᠠᠷ ᠢᠷᠡᠭ᠍ᠰᠡᠨ ᠦᠦ︖ ᠡᠰᠡᠭᠦᠯ᠎ᠡ ᠵᠤᠭᠤᠰ ᠭᠠᠷᠭᠠᠬᠤ ᠪᠠᠷ ᠢᠷᠡᠭ᠍ᠰᠡᠨ ᠦᠦ︖ ᠭᠡᠵᠤ ᠳᠤᠳᠤᠷ᠎ᠠ ᠪᠠᠨ ᠳᠠᠭᠠᠮᠠᠭᠯᠠᠭᠰᠠᠨ ᠶᠢᠡᠨ ᠳᠡᠭᠦᠨ ᠤ ᠶᠠᠷᠤ ᠶᠢᠨ ᠡᠳᠦᠷ ᠤᠳ ᠡᠴᠠ ᠣᠠᠳᠤᠤ ᠨᠢ ᠭᠠᠷ ᠲᠤ ᠪᠠᠨ ᠬᠤᠭ ᠭᠢᠳᠡᠭ᠌ ᠰᠦᠯᠵᠢᠮᠠᠯ ᠣᠭᠤᠳᠠ ᠪᠠᠷᠢᠭᠰᠠᠨ ᠦᠭᠡᠶ ᠬᠠᠷᠢᠨ ᠨᠢᠭᠡᠨ ᠪᠣᠭᠴᠤ ᠪᠠᠷᠢᠭᠰᠠᠨ ᠢ ᠨᠢ ᠣᠯᠵᠤ ᠠᠵᠢᠪᠠ᠃

     ᠡᠳᠦᠷ ᠪᠦᠷᠢ ᠠᠭᠤᠯᠵᠠᠵᠤ ᠵᠢᠰᠤ ᠴᠢᠷᠠᠢ ᠪᠠᠨ ᠰᠠᠢ᠌ᠬᠠᠨ ᠳᠠᠨᠢᠯᠴᠠᠳᠠᠭ ᠪᠣᠯᠪᠠᠴᠤ ᠬᠠᠰᠢᠯᠠ ᠶᠠᠷᠢᠯᠴᠠᠮᠠᠷ ᠥᠭᠡ ᠣᠯᠳᠠᠭᠰᠠᠨ ᠦᠭᠡᠶ᠃ ᠭᠡᠪᠠᠴᠤ ᠳᠡᠭᠦᠨ ᠤ ᠪᠠᠩᠭᠢ ᠳᠤ ᠢᠷᠡᠭ᠍ᠰᠡᠨ ᠨᠢ ᠶᠠᠭᠠᠭᠢᠴᠢᠬᠠᠯ᠎ᠠ ᠭᠡᠳ ᠮᠢᠨᠤ ᠰᠤᠨᠢᠭᠤᠴᠢ ᠰᠡᠳᠭᠢᠯ ᠢ ᠰᠠᠳᠤᠵᠤ ᠯᠠ ᠪᠠᠢ᠌ᠯ᠎ᠠ᠃

     ᠭᠦᠮᠤᠨ ᠴᠥᠭᠡᠷᠡᠭᠦ ᠶᠢ ᠳᠠᠭᠠᠯᠳᠤᠨ ᠳᠠᠷᠠ ᠡᠮᠡᠭᠡᠨ ᠨᠠᠳᠠ ᠡᠴᠠ ᠡᠮᠤᠨ᠎ᠡ ᠴᠤᠩᠬᠤᠨ ᠳᠤ ᠤᠢ᠌ᠷᠠᠳᠴᠤ ᠭᠦᠷᠴᠡᠢ᠃ ᠣᠯᠠᠨ ᠭᠦᠮᠤᠨ ᠤ ᠳᠤᠳᠤᠷ᠎ᠠ ᠡᠴᠠ ᠮᠢᠨᠤ ᠳᠠᠨᠢᠳᠠᠭ ᠨᠢ ᠭᠠᠭᠴᠠ ᠳᠠᠷᠠ ᠡᠮᠡᠭᠡᠨ ᠪᠤᠯᠬᠤᠷ ᠳᠡᠭᠦᠨ ᠢ ᠪᠢ ᠠᠩᠬᠠᠷᠴᠤ ᠠᠵᠢᠬᠤ ᠨᠢ ᠰᠤᠨᠢᠨ ᠪᠢᠰᠢ᠂ ᠳᠠᠢ᠌ᠮᠤ ᠮᠦᠷᠳᠡᠭᠡᠨ ᠨᠢᠭᠡᠨ ᠬᠤᠭ ᠳᠡᠭᠦᠳᠡᠭ᠌ ᠡᠮᠡᠭᠡᠨ ᠤ ᠠᠮᠢᠳᠤᠷᠠᠯ ᠤᠨ ᠳᠤᠬᠠᠢ ᠳᠠᠢ᠌ᠯᠪᠣᠷᠢ ᠨᠢ ᠪᠠᠩᠭᠢ ᠳᠤ ᠵᠤᠭᠤᠰ ᠬᠠᠳᠠᠭᠠᠯᠠᠬᠤ ᠪᠣᠶᠤ ᠭᠠᠷᠭᠠᠬᠤ ᠳᠤᠭᠠᠨ ᠡᠴᠠ ᠬᠠᠷᠢᠭᠤᠯᠳᠠ ᠣᠯᠳᠠᠳᠠᠭ ᠭᠡᠵᠤ ᠪᠣᠳᠤᠭᠰᠠᠨ ᠡᠴᠠ ᠳᠡᠭᠦᠨ ᠤ ᠭᠠᠷ ᠭᠦᠢᠴᠡᠳᠭᠡᠯ ᠭᠢᠵᠤ ᠪᠠᠢ᠌ᠭ᠎ᠠ ᠶᠢ ᠯᠠᠪᠯᠠᠨ ᠬᠠᠷᠠᠯ᠎ᠠ᠃

     ᠡᠮᠡᠭᠡᠨ ᠴᠤᠩᠬᠤ ᠣᠷᠤᠭᠤ᠄ 《ᠬᠤᠶᠠᠷ ᠲᠦᠮᠡ ᠭᠠᠷᠭᠠᠨ᠎ᠠ》 ᠭᠡᠵᠤ ᠬᠠᠰᠭᠢᠷᠤᠭᠰᠠᠨ ᠢ ᠰᠤᠨᠤᠰᠤᠭᠠᠤᠨ ᠴᠢᠭᠢ ᠪᠠᠨ ᠠᠷᠠᠢ ᠢᠳᠡᠭᠡᠭ᠍ᠰᠡᠨ ᠦᠭᠡᠶ᠂ ᠭᠡᠪᠠᠴᠤ ᠨᠢᠳᠤ ᠭᠡᠳᠡᠭ᠌ ᠬᠠᠮᠤᠭ ᠢᠳᠡᠭᠡᠯᠳᠡᠢ ᠡᠷᠭᠡᠳᠡᠨ ᠮᠢᠨᠢ ᠨᠠᠳᠠ ᠳᠤ ᠪᠠᠳᠤᠯᠠᠪᠣᠷᠢ ᠦᠭ‍ᠭᠦᠯ᠎ᠡ᠃

     ᠡᠮᠡᠭᠡᠨ ᠬᠤᠶᠠᠷ ᠲᠦᠮᠡᠨ ᠵᠤᠭᠤᠰ ᠶᠢᠡᠨ ᠪᠣᠭᠴᠤᠯᠠᠭᠰᠠᠨ ᠶᠢᠡᠨ ᠨᠠᠮᠢ᠋ᠢ ᠡᠷᠭᠢᠵᠤ ᠬᠠᠷᠠᠰᠭᠢᠨ᠄

     《ᠣᠳᠤ ᠴᠢᠨᠤ ᠡᠭᠡᠯᠵᠢ ᠪᠣᠯᠤᠯ᠎ᠠ》 ᠭᠡᠳ ᠡᠭᠦᠳᠡ ᠶᠢ ᠴᠢᠭᠯᠡᠨ ᠭᠠᠳᠠᠭᠰᠢᠯᠠᠯ᠎ᠠ᠃

     ᠦᠪᠡᠷ ᠤᠨ ᠨᠢᠮᠭᠡᠨ ᠴᠠᠯᠢᠩ ᠳᠤ ᠪᠠᠨ ᠭᠤᠳᠤᠷᠠᠭᠰᠠᠨ ᠤ ᠴᠤ ᠶᠤᠮ ᠦᠦ︖ ᠡᠰᠡᠭᠦᠯ᠎ᠡ ᠨᠢᠭᠡᠨ ᠬᠤᠭ ᠳᠡᠭᠦᠭ᠍ᠴᠢ ᠡᠮᠡᠭᠡᠨ ᠤ ᠬᠤᠶᠠᠷ ᠲᠦᠮᠡᠨ ᠵᠤᠭᠤᠰ ᠠᠳᠬᠤᠵᠤ ᠭᠠᠷᠤᠭᠰᠠᠨ ᠢ ᠠᠳᠠᠭᠠᠷᠠᠭᠰᠠᠨ ᠪᠣᠶᠤ ᠰᠤᠨᠢᠭᠤᠴᠢᠯᠠᠭᠰᠠᠨ ᠤ ᠴᠤ ᠶᠤᠮ ᠦᠦ︖ ᠪᠣᠤ ᠮᠠᠳᠠ᠂ ᠭᠡᠷ ᠲᠤ ᠪᠠᠨ ᠬᠠᠷᠢᠭᠠᠤᠨ ᠰᠡᠳᠭᠢᠯ ᠳᠤᠳᠤᠷ᠎ᠠ ᠨᠢᠭᠡ ᠯᠠ ᠳᠤᠭᠳᠠᠪᠣᠷᠢ ᠠᠯᠳᠠᠨ ᠣᠢ᠌ᠮᠤᠷᠴᠤ ᠴᠠᠭ ᠳᠦᠷᠤ ᠶᠢᠨ ᠬᠤᠪᠢᠷᠠᠯ ᠥᠨᠡᠭᠡᠷ ᠢᠳᠡᠭᠡᠮᠡᠷ ᠦᠭᠡᠶ ᠯᠤᠳᠤ ᠪᠠᠢ᠌ᠨ᠎ᠠ ᠭᠡᠵᠤ ᠪᠣᠳᠤᠵᠤ ᠪᠣᠳᠤᠵᠤ ᠨᠢᠭᠡ ᠰᠦᠨᠢ ᠶᠢ ᠳᠠᠮᠠᠢ ᠨᠣᠢ᠌ᠷ ᠦᠭᠡᠶ ᠥᠩᠭᠡᠷᠡᠭᠡᠯ᠎ᠡ᠃

     ᠮᠠᠷᠭᠠᠰᠢ ᠦᠷᠯᠦᠭᠡ ᠨᠢ ᠬᠤᠭ ᠶᠢᠡᠨ ᠬᠠᠶᠠᠬᠤ ᠳᠤ ᠪᠠᠨ ᠦᠴᠦᠭᠡᠳᠦᠷ ᠤᠨ ᠳᠠᠷᠠ ᠡᠮᠡᠭᠡᠨ ᠢᠷᠡᠭᠦ ᠦᠭᠡᠶ ᠴᠤ ᠪᠣᠯᠤᠭᠤᠵᠢ ᠭᠡᠵᠤ ᠪᠣᠳᠤᠭᠰᠠᠨ ᠮᠢᠨᠢ ᠪᠣᠷᠤᠭᠤᠳᠠᠵᠠᠢ᠃ ᠡᠮᠡᠭᠡᠨ ᠮᠦᠨ ᠳᠠᠷᠠ ᠰᠦᠯᠵᠢᠮᠠᠯ ᠣᠭᠤᠳᠠ ᠪᠠᠨ ᠪᠠᠷᠢᠴᠢᠬᠠᠭᠰᠠᠨ᠂ ᠬᠤᠭ ᠤᠨ ᠬᠠᠢ᠌ᠷᠴᠠᠭ ᠢ ᠠᠭᠤᠳᠠᠯᠯᠠᠵᠤ ᠪᠠᠢ᠌ᠯ᠎ᠠ᠃

     ᠦᠴᠦᠭᠡᠳᠦᠷ ᠰᠠ‍‌ᠶᠢ ᠬᠤᠶᠠᠷ ᠲᠦᠮᠡᠨ ᠵᠤᠭᠤᠰ ᠠᠳᠬᠤᠵᠤ ᠭᠠᠷᠤᠭᠰᠠᠨ ᠡᠮᠡᠭᠡᠨ ᠶᠠᠭᠤᠨ ᠳᠤ ᠪᠠᠨ ᠪᠠᠰᠠ ᠡᠨᠡ ᠪᠣᠵᠠᠷ ᠪᠣᠷᠳᠠᠭ ᠬᠤᠭ ᠨᠤᠪᠰᠢ ᠶᠢ ᠠᠭᠤᠳᠠᠯᠯᠠᠵᠤ ᠭᠡᠳᠦᠭᠡᠨ ᠵᠤᠭᠤᠰ ᠤᠨ ᠦᠨ᠎ᠡ ᠦᠭᠡᠶ ᠶᠠᠭᠤᠮ᠎ᠠ ᠶᠢ ᠡᠷᠢᠭᠦ ᠶᠤᠮ ᠪᠣᠢ︖ ᠭᠡᠵᠤ ᠪᠣᠳᠤᠭᠰᠠᠨ ᠶᠢᠡᠨ ᠡᠮᠡᠭᠡᠨ ᠡᠴᠠ᠄

     《ᠪᠠᠩᠭᠢ ᠳᠤ ᠳᠠᠳᠤᠢ ᠣᠯᠠᠨ ᠵᠤᠭᠤᠰ ᠬᠠᠳᠠᠭᠠᠯᠠᠵᠤ ᠪᠠᠢ᠌ᠳᠠᠯ᠎ᠠ ᠪᠠᠨ ᠶᠠᠭᠤᠨ ᠤ ᠲᠦᠯᠦᠭᠡ ᠡᠨᠡᠭᠦ ᠬᠤᠭ ᠨᠤᠪᠰᠢ ᠶᠢ ᠠᠭᠤᠳᠠᠯᠯᠠᠵᠤ ᠣᠢ᠌ᠯᠠ ᠳᠠᠮᠤ ᠪᠠᠨ ᠪᠠᠷᠠᠬᠤ ᠶᠤᠮ ᠪᠣᠢ︖》 ᠭᠡᠵᠤ ᠳᠤᠯᠭᠠᠨ ᠠᠰᠠᠭᠤᠪᠠᠯ ᠡᠮᠡᠭᠡᠨ ᠠᠵᠢᠭ ᠴᠤ ᠦᠭᠡᠶ ᠪᠠᠷ᠄

     《ᠶᠠᠭᠤ ᠭᠢᠭ᠍ᠰᠡᠨ ᠴᠤ ᠠᠮᠢᠳᠤᠷᠠᠬᠤ ᠠᠷᠭ᠎ᠠ ᠵᠠᠮ ᠣᠯᠳᠠᠬᠤ ᠶᠤᠮ ᠡ᠂ ᠪᠠᠶᠠᠵᠢᠵᠤ ᠳᠡᠭ᠍ᠵᠢᠷᠡᠭᠦ ᠵᠠᠪᠰᠢᠶᠠᠨ ᠲᠤᠬᠢᠶᠠᠯ ᠬᠤᠭ ᠨᠤᠪᠰᠢᠨ ᠳᠤ ᠴᠤ ᠪᠣᠯᠠᠭᠳᠠᠵᠤ ᠪᠠᠢ᠌ᠬᠤ ᠶᠤᠮ ᠰᠢᠤ》 ᠭᠡᠵᠤ ᠭᠡᠯᠡᠴᠢᠭᠡᠭᠡᠳ ᠦᠪᠡᠷ ᠤᠨ ᠭᠡᠯᠡᠭ᠍ᠰᠡᠨ ᠶᠢᠡᠨ ᠭᠡᠳᠦᠷᠭᠡᠢ ᠭᠦᠨ ᠣᠬᠠᠭᠠᠯᠢᠭ ᠥᠭᠡ ᠭᠡᠯᠡᠴᠢᠭᠡᠵᠡᠢ ᠭᠡᠵᠤ ᠪᠣᠳᠤᠭᠰᠠᠨ ᠴᠤ ᠶᠤᠮ ᠰᠢᠭ ᠢᠨᠢᠶᠡᠴᠢᠭᠡᠯ᠎ᠡ᠃ ᠡᠰᠡᠷᠭᠦ ᠡᠴᠠ ᠨᠢ ᠶᠠᠭᠤ ᠶᠠᠷᠢᠬᠤ ᠪᠠᠨ ᠣᠯᠵᠤ ᠶᠠᠳᠠᠭᠰᠠᠨ ᠪᠢ ᠶᠠᠮᠠᠷ ᠨᠢᠭᠡᠨ ᠣᠯᠤᠰ ᠳᠦᠷᠤ ᠶᠢᠨ ᠭᠢᠴᠢᠶᠠᠯ ᠳᠤ ᠦᠵᠡᠯ ᠰᠠᠨᠠᠭᠠᠨ ᠤ ᠣᠭᠢᠶᠠᠯ ᠭᠦᠷᠳᠡᠭ᠍ᠰᠡᠨ ᠶᠤᠮ ᠰᠢᠭ᠌ ᠪᠣᠯᠤᠭᠠᠤᠨ ᠳᠡᠨᠡᠭ᠍ᠰᠢᠷᠡᠯ᠂ ᠠᠯᠮᠠᠢ᠌ᠷᠠᠯ ᠪᠠ ᠰᠡᠭᠡᠭᠡᠷᠡᠯ ᠤᠨ ᠠᠯᠢ ᠮᠦᠨ ᠨᠢ ᠳᠤᠳᠤ ᠦᠭᠡᠶ ᠪᠣᠳᠤᠯᠭᠠᠰᠢᠷᠠᠯ ᠳᠤ ᠠᠪᠳᠠᠨ ᠠᠵᠢᠯ ᠤᠨ ᠪᠠᠢ᠌ᠷᠢ ᠪᠠᠨ ᠴᠢᠭᠯᠡᠯ᠎ᠡ᠃

     ᠰᠤᠨᠢᠨ ᠤ ᠬᠤᠷᠢᠶᠠᠨ ᠤ ᠡᠭᠦᠷᠭᠡ ᠶᠢ ᠳᠠᠷᠠ ᠡᠮᠡᠭᠡᠨ ᠶᠢᠡᠷ ᠰᠠᠳᠤᠪᠯᠠᠨ ᠪᠠᠶᠡᠯᠡᠭᠦᠯᠪᠠᠯ ᠪᠣᠯᠬᠤ ᠰᠢᠭ ᠪᠣᠳᠤᠭᠳᠠᠭᠠᠤᠨ ᠮᠠᠷᠭᠠᠰᠢ ᠦᠷᠯᠦᠭᠡ ᠳᠡᠭᠦᠨ ᠤ ᠣᠪᠣᠭ ᠨᠠᠷ᠎ᠠ ᠶᠢ ᠠᠰᠠᠭᠤᠵᠤ ᠳᠤᠰᠬᠠᠢ ᠰᠤᠷᠪᠣᠯᠵᠢᠯᠠᠯ ᠪᠢᠴᠢᠶ᠎ᠠ ᠭᠡᠵᠤ ᠰᠢᠭᠤᠳᠴᠤ ᠰᠤᠷᠪᠣᠯᠵᠢᠯᠠᠭ᠎ᠠ ᠶᠢᠨ ᠪᠡᠯᠡᠳᠭᠡᠯ ᠭᠢᠭᠡᠳ ᠨᠢᠭᠡ ᠡᠳᠦᠷ ᠢ ᠥᠩᠭᠡᠷᠡᠭᠡᠯ᠎ᠡ᠃

ᠦᠳᠡᠰᠢ ᠨᠢ ᠬᠤᠰᠢᠭᠤᠨ ᠤ ᠳᠸᠯᠸᠢᠰ ᠬᠤᠷᠢᠶᠠᠨ ᠤ ᠰᠤᠨᠢᠨ ᠮᠡᠳᠡᠭᠡ ᠶᠢ ᠦᠵᠡᠵᠤ ᠰᠠᠭᠤᠳᠠᠯ᠎ᠠ᠂ ᠨᠡᠪᠳᠡᠷᠡᠭᠦᠯᠦᠭ᠍ᠴᠢ ᠡᠴᠠ᠄ 《ᠬᠤᠭ ᠳᠡᠭᠦᠭ᠍ᠴᠢ ᠬᠠᠶᠠᠭᠳᠠᠮᠠᠯ ᠡᠳ᠋ ᠪᠣᠷᠤᠯᠠᠭᠤᠯᠵᠤ ᠪᠠᠶᠠᠵᠢᠯ ᠤᠨ ᠵᠠᠮ ᠶᠢᠡᠨ ᠨᠡᠭᠡᠭᠡᠭ᠍ᠰᠡᠨ ᠶᠠᠩ ᠭᠦᠭ᠍ᠰᠢᠨ ᠦᠨᠦᠳᠤᠷ ᠮᠠᠨ ᠤ ᠬᠤᠰᠢᠭᠤᠨ ᠤ ᠬᠡᠦᠬᠡᠳ ᠤᠨ ᠴᠡᠴᠡᠷᠯᠢᠭ᠌ ᠢ ᠬᠤᠶᠠᠷ ᠲᠦᠮᠡᠨ ᠳᠦᠭᠦᠷᠢᠭ᠌ ᠵᠤᠭᠤᠰ ᠶᠢᠡᠷ ᠲᠡᠳᠬᠦᠵᠤ ᠵᠢᠭᠠᠨ ᠰᠤᠷᠭᠠᠬᠤ ᠨᠥᠭᠦᠴᠡᠯ ᠢ ᠰᠠᠢ᠌ᠵᠢᠷᠠᠭᠤᠯᠬᠤ ᠳᠤ ᠬᠠᠠᠳᠢᠪ ᠨᠡᠮᠡᠷᠢᠯᠡᠭ᠍ᠰᠡᠨ ᠪᠠᠢ᠌ᠨ᠎ᠠ》 ᠭᠡᠵᠤ ᠮᠡᠳᠡᠭᠡᠯᠡᠨ ᠳᠤᠬᠠᠢ ᠶᠢᠨ ᠳᠠᠯᠠᠪᠣᠷ ᠲᠤ ᠨᠢ ᠰᠤᠷᠪᠣᠯᠵᠢᠯᠠᠭᠰᠠᠨ ᠢ ᠨᠡᠪᠳᠡᠷᠡᠭᠦᠯᠦᠯ᠎ᠡ᠃

     ᠬᠠᠷᠠᠪᠠᠯ᠂ ᠶᠠᠩ ᠭᠦᠭ᠍ᠰᠢᠨ ᠭᠡᠳᠡᠭ᠌ ᠨᠢ ᠶᠠᠭ ᠳᠠᠷᠠ ᠭᠦ ᠨᠠᠳᠠ ᠲᠡᠶ ᠦᠷᠯᠦᠭᠡ ᠪᠦᠷᠢ ᠠᠭᠤᠯᠵᠠᠳᠠᠭ᠂ ᠭᠦᠮᠦᠰᠭᠡᠨ ᠥᠵᠦᠭᠦᠷ ᠶᠢᠡᠨ ᠪᠦᠳᠦᠭᠦᠨ ᠬᠠᠷ᠎ᠠ ᠮᠡᠩᠭᠡ ᠲᠡᠶ᠂ ᠦᠴᠦᠭᠡᠳᠦᠷᠭᠡᠨ ᠰᠠ‍‌ᠶᠢ ᠪᠠᠩᠭᠢ ᠡᠴᠠ ᠬᠤᠶᠠᠷ ᠲᠦᠮᠡᠨ ᠳᠦᠭᠦᠷᠢᠭ᠌ ᠭᠠᠷᠭᠠᠵᠤ ᠠᠪᠣᠭᠰᠠᠨ ᠡᠮᠡᠭᠡᠨ ᠶᠤᠮ ᠪᠠᠢ᠌ᠨ᠎ᠠ᠂ ᠡᠨᠡᠭᠡᠨ ᠬᠤᠷᠤᠮ ᠳᠤ ᠵᠢᠷᠦᠭᠡ ᠠᠮᠠ ᠪᠠᠷ ᠭᠠᠷᠤᠮᠠᠷ ᠪᠣᠯᠭᠢᠵᠤ ᠡᠭᠢᠯᠡᠯ᠎ᠡ᠃ ᠬᠡᠦᠬᠡᠳ ᠤᠨ ᠴᠡᠴᠡᠷᠯᠢᠭ᠌ ᠤᠨ ᠳᠠᠷᠤᠭ᠎ᠠ ᠳᠤ ᠬᠤᠶᠠᠷ ᠲᠦᠮᠡᠨ ᠪᠠᠯᠠᠨ ᠵᠤᠭᠤᠰ ᠶᠢᠡᠨ ᠰᠢᠭᠤᠳ ᠠᠳᠬᠤᠭᠤᠯᠵᠤ ᠶᠠᠮᠠᠷ ᠴᠤ ᠯᠠᠷᠵᠠ ᠰᠤᠷᠳᠤᠭᠤ ᠦᠭᠡᠶ᠂ ᠶᠠᠮᠠᠷ ᠴᠤ ᠶᠡᠭᠡ ᠭᠤᠶᠤ ᠵᠠᠰᠠᠯ ᠤᠨ ᠬᠤᠪᠴᠠᠰᠤ ᠬᠤᠨᠠᠷ ᠤᠨ ᠴᠢᠮᠡᠭᠯᠡᠯ ᠦᠭᠡᠶ ᠪᠣᠷᠤᠭᠵᠢᠭᠤᠨ ᠲᠡᠳᠬᠦᠮᠵᠢ ᠶᠢᠨ ᠶᠤᠰᠤᠯᠠᠯ ᠢ ᠰᠤᠷᠪᠣᠯᠵᠢᠯᠠᠭᠴᠢ ᠠᠯᠭᠠᠰᠠᠯ ᠦᠭᠡᠶ ᠰᠡᠭᠦᠳᠡᠷᠯᠡᠨ ᠨᠡᠪᠳᠡᠷᠡᠭᠦᠯᠦᠭ᠍ᠰᠡᠨ ᠪᠠᠢ᠌ᠵᠠᠢ᠃

     ᠬᠠᠮᠤᠭ ᠰᠡᠭᠦᠯ ᠳᠤ ᠶᠠᠩ ᠭᠦᠭ᠍ᠰᠢᠨ ᠢ ᠭᠡᠳᠤᠨ ᠥᠭᠡ ᠶᠠᠷᠢᠭᠤᠯᠬᠤ ᠪᠠᠷ ᠱᠠᠭᠠᠷᠳᠠᠬᠤ ᠳᠤ᠂ ᠳᠠᠷᠠ᠂ ᠭᠦᠭᠡᠷᠦᠭᠦᠨ ᠴᠤᠪᠣᠭᠤ ᠬᠡᠦᠬᠡᠳ ᠪᠠ ᠳᠠᠳᠠᠨ ᠤ ᠪᠠᠭᠰᠢ ᠨᠡᠷ ᠤᠨ ᠵᠥᠭ᠌ ᠬᠠᠠᠳᠤᠵᠤ᠄

     《ᠪᠢ ᠦᠨᠡᠨ ᠳᠤ ᠪᠠᠨ ᠪᠠᠶᠠᠨ ᠭᠦᠮᠤᠨ ᠪᠢᠰᠢ᠂ ᠭᠡᠪᠠᠴᠤ ᠨᠠᠮ ᠵᠠᠰᠠᠭ ᠡᠴᠠ ᠥᠭᠡᠷᠡᠴᠢᠯᠡᠯᠳᠡ ᠶᠢᠨ ᠳᠦᠷᠤ ᠶᠢᠨ ᠪᠣᠳᠤᠯᠭ᠎ᠠ ᠶᠢ ᠭᠡᠷᠡᠭ᠍ᠵᠢᠭᠦᠯᠵᠤ ᠪᠢᠳᠠᠨ ᠳᠤ ᠪᠠᠶᠠᠵᠢᠯ ᠤᠨ ᠵᠠᠪᠰᠢᠶᠠᠨ ᠲᠤᠬᠢᠶᠠᠯ ᠢ ᠣᠯᠭᠤᠭᠰᠠᠨ ᠶᠤᠮ᠂ ᠡᠢ᠌ᠮᠤ ᠡᠴᠠ ᠪᠢ ᠬᠡᠦᠬᠡᠳ ᠲᠤ ᠪᠠᠨ ᠨᠠᠩ ᠰᠠᠢ᠌ᠨ ᠰᠤᠷᠤᠯᠴᠠᠵᠤ ᠪᠣᠢ᠌ᠵᠢᠬᠤ ᠨᠥᠭᠦᠴᠡᠯ ᠵᠠᠪᠰᠢᠶᠠᠨ ᠢ ᠣᠯᠭᠤᠬᠤ ᠳᠤ ᠦᠪᠡᠷ ᠤᠨ ᠦᠴᠦᠭᠡᠨ ᠨᠠᠮᠠᠷᠢ ᠪᠠᠨ ᠡᠷᠭᠦᠶ᠎ᠡ ᠭᠡᠵᠤ ᠪᠣᠳᠤᠭᠰᠠᠨ ᠶᠤᠮ》 ᠭᠡᠵᠤ ᠦᠴᠦᠭᠡᠨ ᠴᠤ ᠵᠠᠰᠠᠳᠠᠭᠯᠠᠵᠤ᠂ ᠭᠠᠪᠢᠶᠠᠷᠬᠠᠭᠰᠠᠨ ᠦᠭᠡᠶ ᠡᠩ ᠤᠨ ᠪᠣᠷᠤᠭᠵᠢᠭᠤᠨ ᠢᠯᠠ ᠳᠤᠳᠤᠬᠠᠨ ᠭᠡᠳᠤᠨ ᠥᠭᠡ ᠶᠠᠷᠢᠯ᠎ᠠ᠃

     ᠮᠢᠨᠤ ᠪᠣᠯᠭᠢᠵᠤ ᠳᠤᠭᠳᠤᠯᠵᠤ ᠪᠠᠢ᠌ᠭᠰᠠᠨ ᠵᠢᠷᠦᠭᠡ ᠪᠠᠨ ᠣᠳᠤ ᠴᠤᠭᠢᠯᠠᠵᠤ ᠪᠠᠢ᠌ᠬᠤ ᠡᠰᠡᠭᠦ ᠶᠢ ᠠᠩᠬᠠᠷᠤᠭᠰᠠᠨ ᠦᠭᠡᠶ᠃ ᠪᠣᠰᠤᠳ ᠰᠤᠨᠢᠨ ᠮᠡᠳᠡᠭᠡ ᠨᠤᠭᠦᠳ ᠢ ᠵᠠᠯᠭᠠᠨ ᠨᠡᠪᠳᠡᠷᠡᠭᠦᠯᠦᠭ᠍ᠰᠡᠨ ᠢ ᠮᠦᠨ ᠠᠩᠬᠠᠷᠴᠤ ᠰᠤᠨᠤᠰᠤᠭᠰᠠᠨ ᠦᠭᠡᠶ᠃

     ᠭᠤᠷᠪᠠᠨ ᠵᠢᠯ ᠤᠨ ᠳᠤᠷᠰᠢᠳᠠ ᠪᠠᠷᠤᠭ ᠦᠷᠯᠦᠭᠡ ᠪᠣᠯᠭᠠᠨ ᠠᠭᠤᠯᠵᠠᠳᠠᠭ ᠬᠤᠭ ᠳᠡᠭᠦᠭ᠍ᠴᠢ ᠶᠢᠨ ᠳᠦᠷᠢ ᠣᠳᠤ ᠥᠭᠡᠷ᠎ᠡ ᠪᠣᠯᠵᠤ ᠬᠤᠪᠢᠷᠠᠯ᠎ᠠ᠂ ᠳᠠᠷᠠ ᠡᠮᠡᠭᠡᠨ ᠶᠠᠭ ᠯᠠ ᠮᠢᠨᠤ ᠦᠵᠡᠯ ᠰᠡᠳᠭᠢᠯ ᠤᠨ ᠪᠣᠯᠠᠩᠭᠢᠷᠳᠤᠯ ᠤᠨ ᠬᠤᠭ ᠨᠤᠪᠰᠢ ᠶᠢ ᠲᠡᠳᠬᠦᠭ᠍ᠴᠢ ᠪᠣᠯᠤᠭᠰᠠᠨ ᠰᠢᠭ ᠰᠠᠨᠠᠭᠳᠠᠵᠠᠢ᠃

     ᠮᠠᠷᠭᠠᠰᠢ ᠦᠷᠯᠦᠭᠡ ᠪᠢ ᠳᠡᠭᠦᠨ ᠲᠡᠶ ᠠᠭᠤᠯᠵᠠᠬᠤ ᠳᠤ ᠪᠠᠨ ᠴᠤᠬᠤᠮ ᠶᠠᠭᠤ ᠶᠠᠷᠢᠬᠤ ᠪᠢᠯᠠ︖

  


ᠵᠤᠬᠢᠶᠠᠭᠴᠢ ᠶᠢᠨ ᠬᠠ‍‌ᠶᠢᠭ ᠄ ᠵᠠᠯᠠᠢ᠌ᠳ ᠬᠤᠰᠢᠭᠤᠨ ᠤ ᠵᠤᠭᠠᠴᠠᠯ ᠤᠨ ᠳᠤᠪᠴᠢᠶ᠎ᠠ

ᠵᠤᠬᠢᠶᠠᠭᠴᠢ᠄ ᠭᠦᠢᠳᠡᠡᠪᠤᠯᠠᠭ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠥᠭᠥᠯᠡᠯᠭᠡ
ᠳᠠᠷᠤᠮ᠄ 9098
ᠴᠠᠭ᠄ 2011 ᠤᠨ ᠤ 04 ᠰᠠᠷ᠎ᠠ ᠶᠢᠨ 28
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ