ᠮᠠᠯᠴᠢᠳ ᠤᠨ ᠰᠢᠨ᠎ᠡ ᠳᠤᠰᠬᠤᠨ

ᠭᠦᠭ᠍ᠰᠢᠨ ᠡᠮᠧ ᠶᠢᠨ ᠭᠡᠯᠡᠭ᠍ᠰᠡᠨ

《ᠭᠦᠰᠢᠭᠯᠡᠭᠡ ᠰᠢᠭ᠌》 ᠵᠢᠵᠢᠭ᠌ ᠪᠠᠢ᠌ᠰᠢᠩ ᠤᠳ

ᠭᠦᠭᠡᠭᠡ ᠡᠪᠦᠯ ᠤᠨ ᠭᠦᠢᠳᠡᠨ ᠳ᠋ᠤ

ᠭᠦᠯᠳᠡᠴᠢᠭᠡᠭ᠍ᠰᠡᠨ ᠰᠢᠭ᠌ ᠪᠠᠷᠪᠠᠢ᠌ᠵᠤ ᠬᠠᠷᠠᠭᠳᠠᠨ᠎ᠠ᠂

ᠥᠷᠯᠦᠭᠡ ᠶᠢᠨ ᠭᠡᠭᠡ ᠪᠠᠷ

ᠣᠳᠤᠭ᠎ᠠ ᠣᠨᠢᠶᠠᠷ ᠡᠭᠢᠯᠡᠭᠡ ᠨᠢ ᠦᠭᠡᠶ᠂

ᠡᠪᠳᠡᠷᠭᠡᠢ ᠮᠠᠰᠢᠨ ᠰᠢᠭ ᠴᠠᠭ ᠬᠤᠭᠤᠴᠠᠭ᠎ᠠ

ᠡ᠊ᠨᠳᠡ ᠵᠤᠭᠰᠤᠩᠭ᠋ᠣᠢ᠌ᠷᠠᠨ᠎ᠠ᠃

ᠴᠠᠷᠴᠠᠴᠢᠬᠠᠭᠰᠠᠨ ᠮᠠᠳᠤ ᠡᠯᠦᠢ ᠬᠤᠯᠤᠢ ᠶᠢᠨ ᠳᠤᠮᠳᠠ

ᠴᠠᠰᠭᠢᠨ ᠣᠭᠢᠯᠠᠬᠤ ᠬᠡᠦᠬᠡᠳ ᠤᠨ ᠳᠠᠭᠤ

ᠠᠯᠠᠭᠠᠳᠠᠭᠤᠯᠤᠭᠰᠠᠨ ᠪᠣᠯᠤᠯᠳᠠᠢ

ᠠᠶᠠᠠᠳᠠᠭᠠᠨ ᠪᠦᠳᠡᠭᠢᠷᠡᠨ᠎ᠡ᠃

ᠪᠦᠭᠦᠢᠯᠡ ᠠᠮᠢᠳᠤᠷᠠᠯ

ᠪᠦᠷᠢᠨ ᠳᠠᠭᠤᠰᠴᠢᠬᠠᠭᠰᠠᠨ ᠰᠢᠭ ᠠᠵᠢᠨ ᠳᠦᠵᠢᠨ᠃

ᠬᠠᠮᠢᠭ᠎ᠠ ᠴᠤ ᠪᠠᠢ᠌ᠬᠤ ᠪᠣᠯᠤᠭᠰᠠᠨ

ᠬᠠᠮᠢᠭ᠎ᠠ ᠴᠤ ᠪᠠᠢ᠌ᠬᠤ ᠦᠭᠡᠶ ᠪᠣᠯᠬᠤ

ᠨᠠᠷᠢᠬᠠᠨ ᠭᠤᠳᠤᠮᠵᠢ ᠲᠡᠶ ᠡᠨᠡ ᠳᠤᠰᠬᠤᠨ ᠳ᠋ᠤ

ᠨᠠᠷᠠ ᠦᠳᠡ ᠭᠤᠤᠯᠯᠠᠬᠤ ᠪᠠᠷ

ᠠᠮᠢᠳᠤᠷᠠᠯ ᠡᠭᠢᠯᠡᠨ᠎ᠡ᠂ ᠠᠷᠢᠭᠢ ᠣᠤᠭᠤᠵᠤ ᠡᠭᠢᠯᠡᠨ᠎ᠡ᠂

ᠢᠷᠠᠭᠤ ᠨᠠᠢ᠌ᠷᠠᠭ ᠰᠢᠭ

ᠢᠷᠠᠭᠤᠬᠠᠨ ᠢᠨᠢᠶᠠᠳᠤ ᠴᠠᠯᠭᠢᠵᠤ ᠡᠭᠢᠯᠡᠨ᠎ᠡ ᠡ᠃

ᠭᠠᠳᠠᠨ᠎ᠠ ᠪᠠᠨ ᠭᠠᠵᠠᠷ ᠳᠠᠮᠠᠭᠠᠯᠠᠬᠤ ᠮᠠᠯ ᠥᠭᠡᠢ

ᠭᠠᠵᠠᠷ ᠰᠡᠡᠵᠢᠯᠡᠭᠦ ᠭᠠᠬᠠᠢ ᠴᠤ ᠦᠭᠡᠶ᠂

ᠬᠠᠭᠤᠴᠢᠨ ᠨᠤᠳᠤᠭ ᠤᠨ ᠪᠠᠯᠴᠢᠭᠡᠷ ᠣᠰᠤ

ᠬᠠᠮᠢᠭ᠎ᠠ ᠬᠤᠯᠠ ᠶᠢᠨ ᠭᠠᠵᠠᠷ

ᠪᠣᠶᠠᠨ ᠲᠡᠶ ᠭᠡᠳᠤᠨ ᠭᠦᠮᠤᠨ ᠡᠴᠠ ᠣᠠᠳᠤᠤ

ᠪᠣᠯᠵᠤᠮᠤᠷ ᠴᠤ ᠪᠣᠷᠵᠤᠭᠠᠯᠠᠵᠤ ᠦᠯᠦ ᠪᠣᠯᠬᠤ

ᠪᠢᠳᠡᠭᠦᠤ ᠬᠠᠭᠠᠯᠳᠠᠳᠠᠢ᠃

ᠪᠣᠷᠳᠤᠭᠠᠨ ᠳᠠᠷᠢᠶᠠᠨ ᠤ ᠠᠷᠴᠢᠭᠤᠷ

ᠪᠣᠯᠤᠩ ᠤᠨ ᠬᠠᠰᠢᠶᠠᠨ ᠳ᠋ᠤ

ᠪᠣᠷᠤ ᠵᠢᠪᠠᠨ ᠳᠤ ᠢᠳᠡᠭᠦᠯᠦᠭᠡᠰᠦᠳᠡᠢ᠂

ᠭᠠᠭᠴᠠ ᠶᠡᠭᠡ ᠠᠵᠢᠯ ᠨᠢ ᠨᠠᠢ᠌ᠷ

ᠭᠠᠩᠭ᠋ᠠᠷ ᠱᠠᠭᠠᠵᠠᠩ ᠬᠤᠠᠳᠠᠭ᠎ᠠ ᠤᠳ

ᠭᠠᠳᠠᠨ᠎ᠠ ᠳᠤᠳᠤᠨ᠎ᠠ ᠦᠭᠡᠶ ᠳᠤᠩᠭ᠋ᠣᠢ᠌ᠯᠴᠠᠨ᠎ᠠ

ᠭᠢᠯᠠᠭᠠᠷ ᠣᠭᠤᠳᠠ ᠲᠡᠶ ᠠᠷᠢᠭᠢ

ᠭᠢᠯᠠᠢ᠌ᠬᠤ ᠪᠠᠷ᠎ᠠ ᠦᠭᠡᠶ ᠬᠤᠭᠤᠰᠤᠷᠠᠨ᠎ᠠ᠂

ᠨᠠᠮᠤᠷ ᠡᠴᠠ ᠡᠭᠢᠯᠡᠭᠦ ᠨᠠᠢ᠌ᠷ

ᠬᠠᠪᠣᠷ ᠤᠨ ᠡᠭᠢ ᠪᠠᠷ ᠦᠨᠳᠦᠷᠯᠠᠨ᠎ᠡ

ᠨᠠᠰᠤᠳᠠᠨ ᠤ ᠵᠢᠯ ᠵᠢᠷᠭᠢᠭᠦ ᠨᠠᠢ᠌ᠷ

ᠨᠠᠭᠠᠰᠢᠯᠠᠵᠤ ᠭᠤᠴᠢᠨ ᠳᠤᠯᠤᠭ᠎ᠠ ᠡᠴᠠ ᠡᠭᠢᠯᠡᠨ᠎ᠡ᠂

ᠬᠤᠶᠠᠷ ᠵᠠᠯᠠᠭᠤ ᠶᠢᠨ ᠬᠤᠷᠢᠮ ᠤᠨ ᠨᠠᠢ᠌ᠷ

ᠬᠣᠢ᠌ᠭᠤᠷ ᠣᠷᠢᠳᠠᠭᠤᠷ ᠬᠡᠦᠭᠡᠳ ᠨᠢ ᠮᠥᠯᠭᠦᠳᠡᠯ᠎ᠡ ᠥᠷᠭᠦᠯᠵᠢᠯᠡᠨ᠎ᠡ᠂

ᠠᠮᠢᠳᠤᠷᠠᠯ ᠡ᠊ᠨᠳᠡ

ᠨᠠᠢ᠌ᠷ ᠶᠢᠡᠷ ᠡᠭᠢᠯᠡᠵᠤ ᠨᠠᠢ᠌ᠷ ᠶᠢᠡᠷ ᠳᠠᠭᠤᠰᠤᠨ᠎ᠠ᠃

ᠭᠤᠷᠪᠠᠨ ᠠᠶᠠᠭ᠎ᠠ ᠠᠷᠢᠭᠢᠨ ᠳ᠋ᠤ

ᠭᠤᠤᠯ ᠨᠢ ᠳᠡᠪᠳᠡᠭᠦ ᠭᠦᠮᠤᠨ ᠡ᠊ᠨᠳᠡ ᠥᠭᠡᠢ

ᠭᠤᠳᠤᠯ ᠤᠨ ᠳᠦᠷᠠᠢ ᠳᠡᠭᠡᠨ ᠰᠢᠭᠡᠭᠦ ᠵᠢ

ᠭᠠᠢ᠌ᠬᠠᠯ ᠪᠣᠯᠭᠠᠬᠤ ᠠᠮᠢᠳᠠᠨ ᠦᠭᠡᠶ᠃

ᠭᠦᠮᠤᠨ ᠪᠦᠭᠦᠨ ᠭᠠᠷ ᠣᠳᠠᠰᠤ ᠪᠠᠷ ᠶᠠᠷᠢᠨ᠎ᠠ ᠁

ᠠᠮᠢᠳᠤᠷᠠᠯ ᠶᠠᠭᠠᠭᠢᠬᠤ ᠶᠢᠨ ᠠᠷᠭ᠎ᠠ ᠦᠭᠡᠶ ᠶᠠᠭᠠᠷᠠᠤ ᠰᠢᠭ᠃

ᠭᠦᠨᠡᠰᠤᠨ ᠤ ᠰᠢᠰᠢ ᠨᠢ ᠭᠦᠷᠢᠶᠡᠨ ᠳᠤᠮᠳᠠ ᠨᠢ ᠭᠡᠪᠳᠡᠨ᠎ᠡ ᠁

ᠭᠦᠮᠤᠨ ᠠᠮᠢᠳᠠᠨ ᠡᠴᠠ ᠢᠯᠡᠭᠦᠤ ᠳᠡᠭᠡᠨ ᠭᠠᠷᠤᠴᠢᠬᠠᠭᠰᠠᠨ ᠰᠢᠭ᠃

ᠮᠠᠯᠴᠢᠳ ᠤᠨ ᠡᠨᠡᠭᠦ ᠰᠢᠨ᠎ᠡ ᠳᠤᠰᠬᠤᠨ ᠳ᠋ᠤ

ᠮᠠᠷᠭᠤᠰᠢ ᠦᠭᠡᠶ ᠰᠦᠨᠢ ᠳᠦᠯᠢ ᠥᠩᠭᠡᠷᠡᠳᠡᠯ᠎ᠡ ᠨᠣᠢ᠌ᠷ ᠥᠭᠡᠢ

ᠮᠠᠷᠭᠠᠰᠢ ᠶᠢᠨ ᠨᠠᠷᠠ ᠪᠠᠷ ᠥᠡᠳᠡᠢ᠌ᠭᠦ ᠠᠮᠢᠳᠠᠨ ᠯᠠᠪ ᠦᠭᠡᠶ᠃


ᠵᠤᠬᠢᠶᠠᠭᠴᠢ ᠶᠢᠨ ᠬᠠᠶ‍ᠢᠭ ᠄ ᠪᠠᠷᠠᠭᠤᠨ ᠪᠠᠭᠠᠷᠢᠨ᠂ ᠪᠠᠢ᠌ᠰᠢᠩᠳᠤ

ᠵᠤᠬᠢᠶᠠᠭᠴᠢ᠄ ᠳ᠋·ᠨᠤᠮᠴᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1300
ᠴᠠᠭ᠄ 2009 ᠤᠨ ᠤ 12 ᠰᠠᠷ᠎ᠠ ᠶᠢᠨ 08
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁