ᠠᠪᠣ ᠮᠢᠨᠢ ᠣᠷᠳᠤ ᠨᠠᠰᠤᠯᠠᠭᠠᠷᠠᠢ

ᠨᠠᠰᠤᠨ ᠪᠣᠭᠤᠷᠤᠯ ᠠᠪᠣ ᠮᠢᠨᠢ ᠳᠠ

ᠨᠠᠳᠠ ᠳᠠᠭᠠᠨ ᠳᠦᠰᠢᠭ᠌ ᠬᠠᠨ ᠠᠭᠤᠯᠠ᠂

ᠨᠠᠷᠠᠳᠤ ᠳᠡᠭᠡᠷ᠎ᠡ ᠳᠠ ᠮᠢᠨᠢ ᠪᠠᠢ᠌ᠪᠠᠯ

ᠨᠠᠳᠠ ᠳᠠᠭᠠᠨ ᠭᠢᠵᠠᠭᠠᠷ ᠦᠭᠡᠶ ᠨᠦᠮᠦᠷᠢ ᠥᠮᠦᠭ᠌᠃

ᠠᠮᠢᠳᠤᠷᠠᠯ ᠤᠨ ᠬᠠᠳᠠᠭᠤ ᠭᠦᠡᠳᠤ ᠠᠴᠢᠶ᠎ᠠ ᠶᠢ

ᠠᠷᠠᠯ ᠤᠨ ᠱᠠᠷ ᠰᠢᠭ ᠭᠠᠭᠴᠠᠭᠠᠷ ᠳᠠᠭᠠᠭᠠᠵᠤ᠂

ᠠᠯᠢᠪᠠ ᠪᠣᠶᠠᠨ ᠵᠢᠷᠭᠠᠯ ᠴᠤᠭ ᠢ

ᠠᠵᠠ ᠲᠡᠶ ᠨᠠᠳᠠ ᠳᠠᠭᠠᠨ ᠵᠤᠷᠢᠭᠤᠯᠤᠨ ᠦᠭ‍ᠭᠦᠭ᠍ᠰᠡᠨ᠃

ᠭᠦᠯ ᠢ ᠮᠢᠨᠢ ᠠᠮᠢᠳᠤᠷᠠᠯ ᠤᠨ ᠳᠦᠷᠦᠭᠡᠨ ᠳᠤ ᠭᠦᠷᠭᠡᠵᠤ

ᠭᠦᠯᠦᠭ᠌ ᠤᠨ ᠳᠤᠭᠤᠰᠤᠨ ᠡᠴᠡ ᠬᠠᠷᠠᠵᠤ ᠰᠠᠭᠤᠳᠠᠭ᠂

ᠭᠦᠰᠡᠯ ᠢ ᠮᠢᠨᠢ ᠡᠷᠳᠡᠮ ᠤᠨ ᠵᠢᠯᠤᠭᠤ ᠡᠴᠡ ᠬᠤᠯᠪᠣᠭᠠᠤᠨ

ᠬᠡᠦᠬᠡᠳ ᠤᠨ ᠳᠤᠮᠳᠠ ᠡᠴᠡ ᠬᠠᠷᠠᠭᠤᠯᠳᠠᠵᠤ ᠪᠠᠢ᠌ᠳᠠᠭ᠃

ᠨᠢᠭᠦᠯ ᠭᠢᠳᠡᠭ᠌ ᠦᠭᠡᠶ ᠪᠣᠷᠬᠠᠨ ᠰᠢᠭ ᠭᠦᠮᠤᠨ

ᠨᠢᠯᠪᠣᠰᠤ ᠣᠨᠠᠭᠠᠳᠠᠭ ᠦᠭᠡᠶ ᠪᠣᠯᠤᠳ ᠰᠢᠭ ᠡᠷ᠎ᠡ᠂

ᠨᠠᠮᠢ᠋ᠢ ᠣᠶᠤᠳᠠᠨ ᠪᠣᠯᠤᠭᠰᠠᠨ ᠵᠢᠯ

ᠨᠢᠭᠡ ᠯᠠ ᠣᠳᠠᠭ᠎ᠠ ᠨᠢᠯᠪᠣᠰᠤ ᠳᠤᠰᠤᠭᠠᠭᠰᠠᠨ᠁

ᠠᠴᠢ ᠶᠢᠨ ᠠᠴᠢ ᠥᠵᠡᠭᠦ ᠨᠠᠰᠤ ᠶᠢ

ᠠᠪᠣᠷᠠᠯ ᠳᠡᠭ᠍ᠷᠢ ᠡᠴᠡ ᠪᠢ ᠭᠤᠶᠤᠶ᠎ᠠ᠂

ᠠᠪᠣ ᠳᠤ ᠮᠢᠨᠢ ᠣᠷᠳᠤ ᠨᠠᠰᠤ ᠬᠠᠢ᠌ᠷᠠᠯᠠᠬᠤ ᠶᠢ

ᠠᠷᠢᠶᠠᠪᠠᠯᠤ ᠪᠢ ᠴᠢᠮ᠎ᠠ ᠡᠴᠡ ᠰᠤᠷᠤᠶ᠎ᠠ ︕


ᠨᠤᠳᠤᠭ ᠤᠨ ᠵᠠᠮ


ᠨᠠᠷᠢᠨ ᠵᠥᠷᠢᠭ᠌ ᠶᠢᠡᠷ ᠨᠢ ᠵᠢᠮᠯᠠᠵᠤ ᠶᠠᠪᠣᠯ᠎ᠠ

ᠨᠠᠮᠢ᠋ᠢ ᠴᠢᠯᠠᠭᠤ ᠨᠢ ᠪᠦᠳᠦᠷᠢᠯᠦᠭᠡ ᠦᠭᠡᠶ᠂

ᠨᠢ᠋ᠮᠠᠨ ᠵᠥᠭ᠌ ᠢ ᠨᠢ ᠭᠡᠰᠦᠵᠤ ᠶᠠᠪᠣᠯ᠎ᠠ

ᠨᠠᠮᠢ᠋ᠢ ᠮᠠᠨᠠᠨ ᠳᠤ ᠳᠦᠭᠡᠷᠢᠭᠦᠯᠦᠭᠡ ᠦᠭᠡᠶ᠃

ᠨᠤᠳᠤᠭ ᠤᠨ ᠮᠢᠨᠢ ᠵᠠᠮ᠂ ᠨᠤᠳᠤᠭ ᠤᠨ ᠮᠢᠨᠢ ᠵᠠᠮ

ᠨᠠᠮᠢ᠋ᠢ ᠠᠷᠭᠠᠳᠠᠭᠰᠠᠨ ᠡᠵᠢ ᠶᠢᠨ ᠮᠢᠨᠢ ᠪᠦᠦᠪᠠᠢ

ᠨᠤᠳᠤᠭ ᠤᠨ ᠮᠢᠨᠢ ᠵᠠᠮ᠂ ᠨᠤᠳᠤᠭ ᠤᠨ ᠮᠢᠨᠢ ᠵᠠᠮ

ᠨᠠᠮᠢ᠋ᠢ ᠣᠬᠠᠭᠠᠷᠠᠭᠤᠯᠤᠭᠰᠠᠨ ᠠᠯᠳᠠᠨ ᠵᠠᠮ᠃

ᠠᠭᠤᠯᠠᠨ ᠰᠤᠳᠠᠯ ᠶᠢᠡᠷ ᠨᠢ ᠳᠤᠪᠳᠤᠯᠵᠤ ᠯᠠ ᠶᠠᠪᠣᠯ᠎ᠠ

ᠠᠭᠳᠠ ᠶᠢᠨ ᠮᠢᠨᠢ ᠳᠤᠭᠤᠷᠠᠢ ᠶᠢ ᠰᠢᠷᠬᠠᠳᠠᠭᠤᠯᠤᠭ᠎ᠠ ᠦᠭᠡᠶ᠂

ᠠᠭᠤᠳᠠᠮ ᠨᠤᠳᠤᠭ ᠶᠢᠡᠨ ᠪᠠᠷᠠᠳᠠᠵᠤ ᠳᠤᠭᠤᠷᠢᠯ᠎ᠠ

ᠣᠭᠳᠤ ᠨᠠᠮᠢ᠋ᠢ ᠣᠢ᠌ᠳᠤᠯᠤᠭ᠎ᠠ ᠦᠭᠡᠶ᠃

ᠨᠤᠳᠤᠭ ᠤᠨ ᠮᠢᠨᠢ ᠵᠠᠮ᠂ ᠨᠤᠳᠤᠭ ᠤᠨ ᠮᠢᠨᠢ ᠵᠠᠮ

ᠨᠠᠮᠢ᠋ᠢ ᠭᠦᠮᠦᠵᠢᠭᠦᠯᠦᠭ᠍ᠰᠡᠨ ᠮᠡᠷᠭᠡᠨ ᠪᠠᠭᠰᠢ ᠡ

ᠨᠤᠳᠤᠭ ᠤᠨ ᠮᠢᠨᠢ ᠵᠠᠮ᠂ ᠨᠤᠳᠤᠭ ᠤᠨ ᠮᠢᠨᠢ ᠵᠠᠮ

ᠨᠠᠮᠢ᠋ᠢ ᠭᠡᠭᠡᠭᠡᠷᠡᠭᠦᠯᠦᠭ᠍ᠰᠡᠨ ᠠᠯᠳᠠᠨ ᠬᠠᠷᠭᠤᠢ᠃

ᠳᠠᠷᠳᠠᠩ ᠵᠠᠮ ᠶᠢᠡᠷ ᠨᠢ ᠳᠠᠪᠭᠢᠭᠤᠯᠵᠤ ᠯᠠ ᠶᠠᠪᠣᠯ᠎ᠠ

ᠳᠡᠷᠭᠡ ᠮᠠᠰᠢᠨ ᠢ ᠮᠢᠨᠢ ᠰᠢᠪᠠᠷᠳᠠᠭᠤᠯᠤᠭ᠎ᠠ ᠦᠭᠡᠶ᠂

ᠳᠠᠯᠠᠢ ᠨᠤᠳᠤᠭ ᠶᠢᠡᠨ ᠪᠠᠬᠠᠳᠤᠵᠤ ᠪᠢᠰᠢᠷᠠᠯ᠎ᠠ

ᠮᠢᠩᠭ᠋ᠠᠨ ᠭᠦᠰᠡᠯ ᠢ ᠮᠢᠨᠢ ᠭᠦᠰᠡᠷᠳᠡᠭᠦᠯᠦᠭᠡ ᠦᠭᠡᠶ᠃

ᠨᠤᠳᠤᠭ ᠤᠨ ᠮᠢᠨᠢ ᠵᠠᠮ᠂ ᠨᠤᠳᠤᠭ ᠤᠨ ᠮᠢᠨᠢ ᠵᠠᠮ

ᠨᠠᠮᠢ᠋ᠢ ᠳᠠᠭᠠᠯᠠᠭᠰᠠᠨ ᠠᠪᠣ ᠶᠢᠨ ᠠᠯᠠᠭ᠎ᠠ᠂

ᠨᠤᠳᠤᠭ ᠤᠨ ᠮᠢᠨᠢ ᠵᠠᠮ᠂ ᠨᠤᠳᠤᠭ ᠤᠨ ᠮᠢᠨᠢ ᠵᠠᠮ

ᠨᠠᠮᠢ᠋ᠢ ᠨᠢᠰᠭᠡᠭᠦᠯᠦᠭ᠍ᠰᠡᠨ ᠭᠦᠰᠡᠯ ᠤᠨ ᠵᠢᠭᠦᠷ᠃


ᠡᠵᠢ ᠮᠢᠨᠢ ᠥᠳᠡᠯᠴᠢᠭᠡᠵᠡᠢ


ᠡᠵᠢ ᠮᠢᠨᠢ ᠨᠢᠭᠡᠨᠲᠡ ᠥᠳᠡᠯᠴᠢᠭᠡᠵᠡᠢ

ᠡᠩᠭᠦᠷᠡᠢ ᠴᠢᠷᠠᠢ ᠳ᠋ᠤᠨᠢ ᠬᠤᠨᠢᠶᠠᠰᠤ ᠨᠡᠮᠡᠭ᠍ᠳᠡᠵᠤ᠂

ᠦᠰᠦ ᠭᠡᠵᠢᠭᠡ ᠳ᠋ᠤᠨᠢ ᠪᠣᠭᠤᠷᠤᠯ ᠰᠠᠭᠤᠵᠤ

ᠡᠭᠦᠳᠡᠨ ᠰᠢᠳᠤ ᠨᠢ ᠭᠡᠵᠢᠶᠡᠨᠢ ᠣᠨᠠᠴᠢᠬᠠᠵᠠᠢ᠃

ᠠᠪᠣᠭᠰᠠᠨ ᠳᠠᠯᠪᠢᠭᠰᠠᠨ ᠶᠢᠡᠨ ᠳᠠᠩᠳᠠ ᠮᠠᠷᠳᠠᠵᠤ

ᠠᠮᠠᠨ ᠳᠠᠷᠨᠢ ᠨᠢ ᠳᠠᠩᠳᠠ ᠣᠯᠠᠭᠤᠳᠠᠵᠤ᠂

ᠠᠷᠪᠢᠵᠢ ᠦᠭᠡᠶ ᠶᠠᠭᠤᠮᠠᠨ ᠳᠤ ᠠᠮᠠᠷᠬᠠᠨ ᠣᠭᠢᠯᠠᠴᠢᠬᠠᠳᠠᠭ

ᠠᠭᠢᠨ ᠪᠠᠰᠠ ᠠᠮᠠᠷᠬᠠᠨ ᠢᠨᠢᠶᠡᠴᠢᠭᠡᠳᠡᠭ᠌ ᠪᠣᠯᠴᠢᠬᠠᠵᠠᠢ᠃

ᠳᠤᠬᠤᠢ ᠶᠢᠨ ᠴᠢᠨᠡᠭᠡᠨ ᠪᠠᠶ᠎ᠠ ᠡᠴᠡ ᠮᠢᠨᠢ ᠨᠠᠮᠢ᠋ᠢ ᠠᠰᠠᠷᠠᠵᠤ

ᠳᠤᠯᠤᠭᠠᠢ ᠡᠴᠡ ᠪᠠᠨ ᠳᠠᠪᠠᠭᠰᠠᠨ ᠡᠷ᠎ᠡ ᠪᠣᠯᠳᠠᠯ᠎ᠠ ᠨᠠᠮᠢ᠋ᠢ ᠭᠦᠮᠦᠵᠢᠭᠦᠯᠵᠤ᠂

ᠳᠤᠭ᠎ᠠ ᠦᠭᠡᠶ ᠵᠤᠪᠠᠯᠠᠩ ᠢ ᠳᠤᠯᠤᠭᠠᠢ ᠪᠠᠷ ᠶᠢᠡᠨ ᠳᠠᠰᠤᠨ ᠳᠠᠭᠠᠭᠠᠵᠤ

ᠳᠤᠭᠠᠯᠠᠰᠢ ᠦᠭᠡᠶ ᠵᠢᠷᠭᠠᠯ ᠢ ᠨᠠᠳᠠᠳᠤ ᠪᠠᠨ ᠬᠠᠷᠠᠮ ᠦᠭᠡᠶ ᠬᠤᠪᠢᠯᠠᠨ ᠦᠭ‍ᠭᠦᠭ᠍ᠰᠡᠨ᠁

ᠠᠭᠤᠤ ᠶᠡᠭᠡ ᠡᠵᠢ ᠮᠢᠨᠢ ᠣᠳᠤ ᠨᠢᠭᠡᠨᠲᠡ ᠦᠳᠡᠯᠵᠠᠢ

ᠠᠯᠠᠭ ᠬᠤᠷᠸ᠎ᠠ ᠶᠢᠨ ᠳᠠᠩᠰᠢᠶᠠᠨ ᠳᠤ ᠨᠠᠰᠤ ᠨᠢ ᠡᠯᠡᠵᠡᠢ

ᠠᠷᠭ᠎ᠠ ᠦᠭᠡᠶ ᠨᠠᠳᠠᠳᠤ᠂ ᠡᠵᠢ ᠶᠢ ᠪᠠᠨ ᠮᠥᠩᠭᠡᠷᠡᠭᠦᠯᠳᠡᠭ᠌ ᠮᠥᠩᠭᠡ ᠶᠢᠨ ᠣᠰᠤ ᠦᠭᠡᠶ

ᠠᠷᠢᠶᠠᠪᠠᠯᠤ ᠪᠣᠷᠬᠠᠨ ᠴᠤ ᠴᠢᠳᠠᠬᠤ ᠦᠭᠡᠶ ᠬᠠᠨᠤᠳᠠᠯ᠎ᠠ ᠨᠢᠭᠡ ᠣᠭᠢᠯᠠᠶ᠎ᠠ ᠳ᠋ᠠ ᠴᠠᠪᠠᠰᠤ᠁

ᠵᠤᠬᠢᠶᠠᠭᠴᠢ᠄ ᠭᠠᠩᠭ᠋᠎ᠠ
ᠬᠠᠷᠢᠶ᠎ᠠ᠄ ᠰᠢᠯᠦᠭ
ᠳᠠᠷᠤᠮ᠄ 2778
ᠴᠠᠭ᠄ 2009 ᠤᠨ ᠤ 06 ᠰᠠᠷ᠎ᠠ ᠶᠢᠨ 26