ᠪᠢ ᠊᠊᠊᠊᠊᠊᠊᠊᠊᠊᠊᠊᠊᠊᠊ ᠣᠩᠭ᠋ᠤᠳ ᠶᠢᠡᠷ ᠴᠡᠨᠡᠭᠯᠡᠭ᠍ᠰᠡᠨ ᠫᠦᠯᠸᠮᠶ‍ᠦᠲ᠋ ᠰᠢᠭ᠌

ᠪᠢ ᠊᠊᠊᠊᠊᠊᠊᠊᠊᠊᠊᠊᠊᠊᠊ ᠣᠷ᠎ᠠ ᠶᠢᠨ ᠰᠠᠢ᠌ᠨ ᠶᠢᠡᠷ ᠨᠠᠭᠠᠭᠳᠠᠭᠰᠠᠨ

ᠡᠪᠠᠷ ᠡᠰᠢᠳᠡᠢ ᠨᠤᠮᠤ ᠰᠢᠭ

ᠠᠭᠤᠯᠠ ᠳᠠᠯ᠎ᠠ ᠶᠢᠨ ᠵᠠᠢ ᠪᠠᠷ

ᠵᠡᠭᠦᠤ ᠶᠢ ᠰᠦᠪᠡᠯᠠᠵᠤ ᠭᠠᠷᠬᠤ

ᠣᠷᠳᠤ ᠡᠴᠡ ᠢᠷᠡᠭ᠍ᠰᠡᠨ ᠳᠠᠢ᠌ᠰᠤᠨ ᠤ

ᠵᠢᠷᠦᠭᠡ ᠶᠢ ᠰᠢᠪᠳᠤ ᠬᠠᠷᠪᠣᠬᠤ

ᠠᠠᠳᠠᠭᠠᠢ ᠳᠠᠩᠭ᠋ᠠᠷᠢᠭ ᠶᠢᠡᠨ ᠮᠠᠷᠳᠠᠭᠰᠠᠨ

ᠡᠷ᠎ᠡ ᠶᠢᠨ ᠮᠠᠭᠤ ᠡᠷ᠎ᠡ ᠵᠢ

ᠠᠪᠣ ᠳᠡᠭᠡᠳᠦᠰ ᠶᠢᠡᠨ ᠮᠠᠷᠳᠠᠭᠰᠠᠨ

ᠭᠦᠤ ᠶᠢᠨ ᠮᠠᠭᠤ ᠭᠦᠤ ᠵᠢ

ᠠᠯᠠᠬᠤ ᠶᠢᠨ ᠣᠷᠤᠨ ᠳ᠋ᠤ

ᠠᠮᠢᠳᠤ ᠪᠠᠢ ᠭᠡᠵᠤ

ᠠᠮᠢᠳᠤ ᠶᠢᠨ ᠣᠷᠴᠢᠯᠠᠩ ᠳ᠋ᠤ

ᠣᠬᠠᠭᠠᠨ ᠰᠠᠭᠤ ᠭᠡᠵᠤ

ᠣᠬᠠᠭᠠᠨ ᠰᠡᠳᠭᠢᠯ ᠢ ᠨᠢ ᠭᠡᠢ᠌ᠭᠦᠯᠵᠤ ᠴᠢᠳᠠᠬᠤ

ᠡᠪᠠᠷ ᠡᠰᠢᠳᠡᠢ ᠨᠤᠮᠤ ᠪᠣᠶᠤ︖


ᠪᠢ ᠊᠊᠊᠊᠊᠊᠊᠊᠊᠊᠊᠊᠊᠊᠊ ᠡᠷ᠎ᠡ ᠶᠢᠨ ᠰᠠᠢ᠌ᠨ ᠶᠢᠡᠷ ᠳᠠᠪᠳᠠᠭᠳᠠᠭᠰᠠᠨ

ᠡᠷᠴᠢ ᠰᠠᠯᠠᠮᠠᠨ ᠵᠡᠪᠰᠡᠭ᠌ ᠰᠢᠭ᠌

ᠡᠭᠡ ᠣᠷᠤᠨ ᠣᠷᠤᠭᠤ ᠥᠩᠭᠡᠢ᠌ᠭ᠍ᠰᠡᠨ

ᠦᠯᠦᠨ ᠬᠤᠪᠳᠤᠭ ᠨᠢᠳᠤ ᠪᠦᠭᠦᠨ ᠢ

ᠡᠨᠡ ᠪᠦᠭᠦᠨ ᠢ ᠰᠡᠳᠦᠭ᠍ᠰᠡᠨ

ᠥᠩᠭᠡᠪᠴᠢ ᠬᠤᠯᠵᠢᠨ ᠳᠤᠯᠤᠭᠠᠢ ᠪᠦᠭᠦᠨ ᠢ

ᠡᠷᠭᠡ ᠠᠰᠢᠭ ᠤᠨ ᠲᠦᠯᠦᠭᠡ ᠳᠡᠮᠤᠯᠡᠭᠦ

ᠦᠨᠳᠦᠷ ᠥᠰᠦᠭᠡᠢ᠌ᠳᠤ ᠭᠦᠯ ᠪᠦᠭᠦᠨ ᠢ

ᠡᠷᠡᠭᠡ ᠴᠡᠭᠡᠷ ᠦᠭᠡᠶ ᠰᠠᠷᠪᠠᠢ᠌ᠬᠤ

ᠡᠪᠠᠷᠰᠢᠵᠤ ᠰᠠᠢ᠌ᠷᠳᠠᠭᠰᠠᠨ ᠭᠠᠷ ᠪᠦᠭᠦᠨ ᠢ

ᠣᠯᠠᠭ᠎ᠠ ᠪᠣᠳᠠᠷᠠᠳᠠᠯ᠎ᠠ ᠨᠢ

ᠣᠭ ᠶᠢᠡᠷ ᠨᠢ᠂ ᠳᠠᠰᠤ ᠴᠠᠪᠴᠢᠬᠤ ᠭᠡᠵᠤ

ᠦᠪᠡᠷ ᠢ ᠪᠠᠨ ᠢᠷᠯᠠᠵᠤ

ᠡᠯᠡᠭ᠍ᠳᠡᠵᠤ ᠭᠦᠢᠴᠡᠭᠦ

ᠡᠷᠴᠢ ᠰᠠᠯᠠᠮᠠᠨ ᠵᠡᠪᠰᠡᠭ᠌ ᠪᠣᠶᠤ︖


ᠪᠢ ᠊᠊᠊᠊᠊᠊᠊᠊᠊᠊᠊᠊᠊᠊᠊ ᠣᠩᠭ᠋ᠤᠳ ᠶᠢᠡᠷ ᠴᠡᠨᠡᠭᠯᠡᠭ᠍ᠰᠡᠨ ᠫᠦᠯᠸᠮᠶ‍ᠦᠲ᠋ ᠰᠢᠭ᠌

ᠡᠭᠡᠳᠡᠰᠢ ᠦᠭᠡᠶ ᠦᠨᠡᠨ ᠤ ᠲᠦᠯᠦᠭᠡ

ᠡᠭᠡ ᠭᠡᠯᠡᠨ ᠤ ᠪᠠᠨ ᠲᠦᠯᠦᠭᠡ

ᠡᠴᠢᠭᠡ ᠳᠩᠷᠢ ᠶᠢᠨ ᠶᠢᠡᠨ ᠲᠦᠯᠦᠭᠡ

ᠶᠡᠭᠡ ᠮᠤᠩᠭ᠋ᠤᠯ ᠤᠨ ᠶᠢᠡᠨ ᠲᠦᠯᠦᠭᠡ

ᠥᠩᠭᠡ ᠮᠦᠩᠭᠦ ᠪᠦᠭᠦᠨ ᠢ

ᠦᠷᠢᠰᠴᠤ ᠢᠷᠡᠭᠦ ᠪᠦᠭᠦᠨ ᠢ

ᠦᠵᠡᠰᠢ ᠦᠭᠡᠶ ᠮᠠᠭᠤᠬᠠᠢ ᠪᠦᠭᠦᠨ ᠢ

ᠣᠪᠣᠭ᠎ᠠ ᠬᠠᠷᠠᠭᠠᠨ ᠳᠤ ᠦᠷᠳᠡᠭ᠍ᠰᠡᠨ ᠪᠦᠭᠦᠨ ᠢ

ᠣᠩᠭ᠋ᠤᠳ ᠤᠨ ᠭᠠᠯ ᠵᠢᠠᠷ

ᠰᠦᠷᠴᠢᠨ ᠣᠨᠠᠭᠠᠬᠤ

ᠣᠮᠤᠭᠯᠠᠩ ᠰᠡᠳᠭᠢᠯ ᠳᠠᠢ

ᠨᠠᠢ᠌ᠷᠠᠭᠴᠢ ᠪᠣᠶᠤ ︕


    2010.8.1


ᠵᠤᠬᠢᠶᠠᠭᠴᠢ ᠶᠢᠨ ᠬᠠ‍‌ᠶᠢᠭ ᠄ ᠰᠢᠯᠢ ᠶᠢᠨ ᠭᠤᠤᠯ ᠠᠢ᠌ᠮᠠᠭ ᠤᠨ ᠰᠢᠯᠤᠭᠤᠨ ᠭᠦᠭᠡ ᠬᠤᠰᠢᠭᠤ

ᠵᠤᠬᠢᠶᠠᠭᠴᠢ᠄ ᠵᠢᠯᠠᠮ·ᠮᠠᠠᠳᠤᠪᠠᠶᠠᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1716
ᠴᠠᠭ᠄ 2011 ᠤᠨ ᠤ 01 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ