ᠤᠷᠤᠭᠰᠢ ᠪᠠᠨ

ᠣᠷᠤᠭᠰᠢ ᠪᠠᠨ ᠳᠠᠮᠠᠤᠯᠠᠶ᠎ᠠ

ᠬᠠᠮᠳᠤ ᠪᠠᠷ ᠣᠷᠤᠭᠰᠢ ᠪᠠᠨ


ᠲ᠋ᠤᠭ᠎ᠠ ᠦᠭᠡᠶ ᠭᠦᠴᠢᠷ ᠢ ᠳᠤᠭᠤᠯᠤᠭᠠᠤᠨ

ᠳᠤᠮᠤᠭ᠎ᠠ ᠦᠭᠡᠶ ᠨᠠᠰᠤ ᠪᠠᠨ ᠳᠠᠶᠠᠭᠳᠠᠭᠠᠤᠨ

ᠳᠤᠶᠠᠭᠠᠷᠠᠵᠤ ᠥᠵᠡᠭ᠍ᠳᠡᠭᠦ ᠭᠦᠰᠡᠯ ᠵᠥᠭ᠌

ᠳᠤᠳᠤᠬᠠᠨ ᠬᠠᠷᠠᠭᠳᠠᠬᠤ ᠢᠷᠦᠭᠡᠳᠦᠢ ᠵᠥᠭ᠌


ᠭᠦᠰᠡᠯ ᠤᠨ ᠶᠢᠡᠨ ᠲᠦᠯᠦᠭᠡ

ᠭᠦᠳᠡᠷᠯᠡᠵᠤ ᠣᠷᠤᠭᠰᠢ ᠪᠠᠨ

ᠮᠦᠷᠦᠭᠡᠳᠦᠯ ᠤᠨ ᠶᠢᠡᠨ ᠲᠦᠯᠦᠭᠡ

ᠮᠠᠷᠠᠢ᠌ᠵᠤ ᠣᠷᠤᠭᠰᠢ ᠪᠠᠨ


ᠲ᠋ᠠᠯ᠎ᠠ ᠰᠢᠭ ᠰᠡᠳᠭᠢᠯ ᠳᠠᠢ

ᠳᠠᠩᠭᠢᠰ ᠰᠢᠭ ᠪᠣᠳᠤᠯ ᠲᠡᠶ

ᠳᠡᠭ᠍ᠷᠢᠯᠢᠭ᠌ ᠰᠡᠳᠭᠢᠯ ᠢ ᠡᠪᠦᠷᠯᠡᠨ

ᠳᠠᠮᠡᠤᠯᠵᠤ ᠣᠷᠤᠭᠰᠢ ᠪᠠᠨ ᠮᠠᠷᠠᠢ᠌ᠨ᠎ᠠ


ᠡᠷᠡᠨ ᠤ ᠠᠯᠬᠤᠴᠠ ᠶᠢ ᠲᠠᠭᠠᠨ

ᠡᠷᠴᠢᠯᠡᠵᠤ ᠳᠡᠭᠦᠨ ᠤ ᠪᠠᠨ ᠲᠦᠯᠦᠭᠡ

ᠡᠷᠳᠡᠮ ᠤᠨ ᠳᠠᠯᠠᠢ ᠳᠤ ᠱᠤᠩᠪᠠᠨ

ᠡᠨᠡᠭᠦ ᠣᠷᠤᠭᠰᠢ ᠪᠠᠨ ᠠᠯᠬᠤᠬᠤ ᠨᠢ ᠦᠦ


ᠮᠢᠩᠭ᠋ᠠᠨ ᠮᠢᠩᠭ᠋ᠠᠨ ᠬᠠᠪᠣᠷ ᠢ ᠥᠩᠭᠡᠷᠡᠭᠡᠨ

ᠮᠢᠨᠦ᠋ᠲ᠋ ᠴᠠᠭ ᠢ ᠡ᠊ᠨᠳᠡᠯ ᠦᠭᠡᠶ

ᠮᠢᠳᠠᠷᠠᠰᠢ ᠦᠭᠡᠶ ᠰᠡᠳᠭᠢᠯ ᠶᠢᠡᠷ

ᠮᠠᠷᠠᠢ᠌ᠨ ᠣᠷᠤᠭᠰᠢ ᠪᠠᠨ


ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠠᠢ᠌ᠮᠠᠭ ᠤᠨ ᠬᠤᠷᠴᠢᠨ ᠪᠠᠷᠠᠭᠤᠨ ᠳᠤᠠᠭᠠᠳᠤ ᠬᠤᠰᠢᠭᠤᠨ ᠤ ᠭᠦᠡᠳᠡᠯᠡᠨ ᠰᠤᠮᠤᠨ ᠤ ᠳᠠᠢ᠌ᠳᠠᠭ ᠭᠠᠴᠬᠠᠭ᠎ᠠ

ᠵᠤᠬᠢᠶᠠᠭᠴᠢ᠄ ᠬᠠᠨᠠᠭᠠᠷ
ᠬᠠᠷᠢᠶ᠎ᠠ᠄ ᠰᠢᠯᠦᠭ
ᠳᠠᠷᠤᠮ᠄ 2217
ᠴᠠᠭ᠄ 2011 ᠤᠨ ᠤ 04 ᠰᠠᠷ᠎ᠠ ᠶᠢᠨ 22