ᠬᠦᠳᠡᠭᠡ ᠪᠤᠢ᠌ᠳᠠ ᠬᠦᠨᠳᠡᠯᠡᠨ ᠨᠤᠲᠤᠭ ᠤᠨ ᠬᠦᠰᠡᠯ ᠴᠠᠭᠠᠨ ᠤᠷᠠᠨ ᠵᠤᠬᠢᠶᠠᠯ ᠤᠨ ᠦᠵᠡᠭᠳᠡᠯ

ᠭᠠᠵᠠᠷ ᠤᠨ ᠵᠢᠷᠤᠭ ᠳᠡᠭᠡᠷ᠎ᠡ ᠡᠴᠡ ᠡᠷᠢᠵᠤ ᠣᠯᠤᠮ᠎ᠠ ᠦᠭᠡᠶ ᠭᠠᠳᠠᠨᠠᠭᠢ ᠭᠦᠮᠤᠨ ᠳᠤ ᠮᠡᠳᠡᠭ᠍ᠳᠡᠵᠤ ᠳᠠᠨᠢᠭᠳᠠᠮ᠎ᠠ ᠦᠭᠡᠶ ᠭᠦᠡᠳᠡᠯᠡᠨ ᠨᠤᠳᠤᠭ ᠭᠡᠵᠤ ᠥᠨᠡ᠊ᠨᠳᠡᠭᠡᠨ ᠭᠠᠯᠠᠪ ᠲᠤ ᠴᠤᠤᠳᠠᠢ ᠳᠡᠨᠢᠭᠡᠷ ᠮᠤᠩᠭ᠋ᠤᠯ ᠣᠷᠤᠨ ᠤ ᠭᠠᠢ᠌ᠬᠠᠮᠰᠢᠭᠳᠤ ᠡᠵᠡᠨ ᠬᠠᠪᠣᠳᠤ ᠬᠠᠰᠠᠷ ᠤᠨ ᠦᠪ᠂ ᠬᠤᠷᠴᠢᠨ ᠨᠤᠳᠤᠭ ᠤᠨ ᠰᠠᠯᠵᠤ ᠪᠣᠯᠤᠰᠢ ᠦᠭᠡᠶ ᠨᠢᠭᠡᠨ ᠭᠡᠰᠡᠭ᠌ ᠪᠠᠢ᠌ᠵᠤ᠂ ᠭᠡᠳᠥᠢᠪᠠᠷ ᠪᠣᠢ᠌ᠳᠠ ᠪᠦᠭᠯᠡᠭᠦᠤ ᠪᠣᠯᠪᠠᠴᠤ ᠠᠭᠤᠯᠠ ᠨᠢ ᠦᠨᠳᠦᠷ ᠣᠰᠤ ᠨᠢ ᠳᠤᠩᠭ᠋ᠠᠯᠠᠭ ᠭᠦᠮᠤᠨ ᠪᠠᠢ᠌ᠭᠠᠯᠢ ᠵᠤᠭᠢᠴᠠᠩᠭ᠋ᠤᠢ ᠮᠤᠩᠭ᠋ᠤᠯ ᠠᠮᠢᠳᠤᠷᠠᠯ ᠤᠨ ᠦᠨᠦᠷ ᠠᠮᠳᠠ ᠪᠠᠨ ᠬᠠᠷᠠᠬᠠᠨ ᠠᠯᠳᠠᠭ᠎ᠠ ᠦᠭᠡᠶ ᠰᠠᠢ᠌ᠬᠠᠨ ᠨᠤᠳᠤᠭ ᠪᠠᠢ᠌ᠭ᠎ᠠ ᠶᠤᠮ᠃ ᠭᠦᠡᠳᠡᠯᠡᠡᠴᠦᠳ ᠭᠡᠳᠤᠨ ᠦᠶ᠎ᠡ ᠶᠢᠨ ᠮᠠᠯᠵᠢᠬᠤ᠂ ᠮᠠᠯᠵᠢᠨ ᠳᠠᠷᠢᠶᠠᠯᠠᠬᠤ ᠠᠮᠢᠳᠤᠷᠠᠯ ᠤᠨ ᠶᠠᠪᠣᠴᠠ ᠳᠤ ᠪᠠᠨ ᠠᠭᠤᠯᠠ ᠪᠠᠨ ᠲᠦᠰᠢᠨ ᠣᠰᠤ ᠪᠠᠨ ᠳᠠᠭᠠᠵᠤ ᠳᠡᠨᠢᠭᠦᠨ ᠳᠠᠪᠠᠳᠠᠢ ᠠᠮᠢᠳᠤᠷᠠᠵᠤ ᠢᠷᠡᠭ᠍ᠰᠡᠨ ᠪᠣᠯᠪᠠᠴᠤ ᠣᠶᠤᠨ ᠤ ᠪᠣᠯᠪᠠᠰᠤᠨ ᠤ ᠳᠠᠪᠰᠢᠯᠳᠠ ᠶᠢᠨ ᠳᠠᠯ᠎ᠠ ᠪᠠᠷ ᠭᠠᠷ ᠬᠤᠭᠤᠰᠤᠨ ᠭᠠᠠᠵᠤᠭ᠎ᠠ ᠳᠠᠳᠠᠭᠤ ᠪᠠᠢ᠌ᠳᠠᠯ ᠶᠢᠡᠨ ᠬᠤᠪᠢᠷᠠᠭᠤᠯᠵᠤ ᠳᠡᠢ᠌ᠯᠦᠭᠡ ᠦᠭᠡᠶ᠃ ᠶᠠᠭ ᠢ᠊·ᠴᠡᠩᠭᠡᠷ ᠤᠨ ᠰᠢᠯᠦᠭᠯᠡᠭ᠍ᠰᠡᠨ ᠰᠢᠭ᠌ 《ᠣᠨᠢᠶᠠᠷ ᠪᠣᠳᠠᠩ ᠳᠠᠳᠠᠭᠰᠠᠨ /ᠠᠭᠤᠯᠠ ᠲᠡᠶ ᠣᠰᠤ ᠲᠡᠶ ᠴᠡᠩᠭᠡᠷ ᠨᠤᠳᠤᠭ / ᠣᠭᠤᠨᠤ ᠰᠢᠷᠠᠭᠴᠢᠨ ᠣᠭᠤᠳᠤᠩᠨᠠᠭᠰᠠᠨ / ᠣᠢ ᠲᠡᠶ ᠮᠤᠳᠤ ᠲᠡᠶ ᠴᠡᠯᠡᠭᠡᠷ ᠣᠷᠤᠨ / ᠮᠤᠬᠤᠳᠠᠯ᠎ᠠ ᠳᠠᠪᠭᠢᠭᠠᠤᠨ ᠪᠠᠷᠠᠳᠠᠭ ᠦᠭᠡᠶ / ᠳᠡᠨᠢᠭᠡᠷ ᠠᠭᠤᠳᠠᠮ ᠳᠠᠯ᠎ᠠ ᠲᠡᠶ / ᠮᠤᠩᠭ᠋ᠤᠯ ᠭᠠᠵᠠᠷ ᠤᠨ ᠶᠠᠭᠤ ᠪᠦᠭᠦᠨ ᠢ / ᠬᠠᠳᠠᠭᠠᠯᠠᠵᠤ ᠴᠢᠳᠠᠳᠠᠭ ᠠᠮᠢᠳᠤᠷᠠᠯ ᠲᠡᠶ》 ᠣᠤᠷ ᠰᠤᠶᠤᠯ ᠤᠨ ᠦᠨᠦᠷ ᠠᠮᠳᠠ ᠢᠳᠡᠭᠡᠨ ᠣᠩᠭ᠋ᠤᠨ ᠪᠠᠢ᠌ᠭᠠᠯᠢ ᠶᠢᠨ ᠡᠪᠳᠡᠭ᠍ᠳᠡᠯ ᠪᠠᠭ᠎ᠠ ᠨᠤᠳᠤᠭ ᠪᠣᠯᠪᠠᠴᠤ ᠨᠡᠢ᠌ᠭᠡᠮ ᠠᠬᠤᠢ ᠶᠢᠨ ᠨᠤᠭᠤᠴᠠᠭᠠᠨ ᠳᠤ 《ᠮᠤᠷᠢ ᠦᠭᠡᠶ᠂ ᠵᠠᠪ ᠦᠭᠡᠶ》 ᠶᠠᠪᠣᠭᠰᠠᠭᠠᠷ 《ᠬᠠᠭᠤᠴᠢᠨ ᠭᠦᠤ》 ᠵᠢᠨ 《ᠭᠦᠮᠦᠷᠢᠭ᠍ᠰᠡᠨ ᠳᠤᠭᠤᠭᠠᠨ》 ᠊ᠤ ᠠᠮᠢᠳᠤᠷᠠᠯ ᠳᠤ ᠭᠡᠳᠤᠨ ᠦᠶ᠎ᠡ ᠰᠢᠷᠭᠠᠭᠠᠭᠳᠠᠵᠤ ᠳᠠᠳᠤᠭᠰᠠᠨ ᠭᠦᠡᠳᠡᠯᠡᠡᠴᠦᠳ ᠣᠤᠠᠬ᠎ᠠ ᠰᠤᠶᠤᠯ ᠤᠨ ᠴᠢᠬᠤᠯᠠ ᠶᠢ ᠳᠠᠨᠢᠵᠤ ᠣᠷᠤᠭᠰᠢᠯᠠᠵᠤ ᠳᠠᠪᠰᠢᠬᠤ ᠶᠢᠨ ᠵᠠᠮ ᠮᠦᠷ ᠢ ᠣᠯᠤᠭᠰᠠᠨ ᠨᠢ ᠳᠡᠭᠡᠷ᠎ᠡ ᠵᠠᠭᠤᠨ ᠤ ᠰᠡᠭᠦᠯᠴᠢ ᠡᠴᠡ ᠡᠭᠢᠯᠡᠯ᠎ᠡ ᠭᠡᠵᠤ ᠭᠡᠯᠡᠭᠦ ᠳᠤ ᠬᠤᠯᠠᠳᠠᠮᠠᠷ ᠦᠭᠡᠶ ᠶᠤᠮ᠃

ᠡᠩ ᠳᠡᠷᠢᠭᠦᠨ ᠳᠤ ᠮᠤᠩᠭ᠋ᠤᠯ ᠭᠦᠮᠤᠨ ᠤ ᠣᠮᠤᠭ ᠵᠤᠷᠢᠭ᠂ ᠣᠶᠠᠨ ᠬᠠᠳᠠᠨ ᠣᠬᠠᠭᠠᠨ ᠶᠢᠡᠷ ᠶᠢᠡᠨ ᠣᠢ᠌ᠯᠠᠰ ᠤᠨ ᠵᠥᠷᠢᠭ᠌ ᠵᠠᠰᠠᠵᠤ ᠶᠠᠪᠣᠭ᠎ᠠ ᠠᠬᠠᠮᠠᠤᠨ ᠰᠤᠶᠤᠯ ᠤᠨ ᠵᠢᠦᠡᠭᠦᠯᠳᠡᠳ ᠶᠢᠡᠨ ᠡ᠊ᠨᠳᠡ ᠣᠠᠴᠠᠯᠠᠨ ᠳᠤᠷᠠᠳᠤᠭᠤᠰᠢᠳᠠᠢ᠃ ᠮᠤᠩᠭ᠋ᠤᠯ ᠣᠭᠰᠠᠭᠠᠳᠠᠨ ᠤ ᠣᠬᠠᠭ᠎ᠠ ᠳᠠᠮᠢᠷ ᠤᠨ ᠡᠴᠢᠨ᠎ᠡ ᠨᠢᠭᠤᠴᠠᠭᠠᠢ ᠶᠢ ᠡᠷᠢᠯᠭᠢᠯᠡᠨ ᠰᠤᠳᠤᠯᠵᠤ ᠮᠤᠩᠭ᠋ᠤᠯ ᠰᠤᠶᠤᠯ ᠤᠨ ᠶᠢᠡᠨ ᠭᠠᠢ᠌ᠬᠠᠮᠰᠢᠭ ᠢ ᠳᠡᠯᠭᠡᠷᠡᠭᠦᠯᠭᠦ ᠪᠠᠷ ᠮᠠᠷᠠᠢ᠌ᠵᠤ ᠶᠠᠪᠣᠭ᠎ᠠ ᠣᠷᠤᠨ ᠤ ᠠᠬᠠᠮᠠᠤᠨ ᠺᠠᠳ᠋ᠷ᠂ ᠮᠤᠩᠭ᠋ᠤᠯ ᠰᠤᠳᠤᠯᠤᠯ ᠤᠨ ᠡᠷᠳᠡᠮᠳᠡᠨ ᠨᠠᠷᠠᠠᠸᠴᠢᠷ᠂ ᠮᠤᠩᠭ᠋ᠤᠯ ᠰᠢᠭᠦᠮᠵᠢ ᠨᠠᠢ᠌ᠷᠠᠭᠤᠯᠤᠯ ᠤᠨ ᠰᠠᠭᠤᠷᠢᠯᠠᠭᠴᠢ᠂ ᠵᠤᠬᠢᠶᠠᠯᠴᠢ ᠰᠢᠭᠦᠮᠵᠢᠯᠡᠭ᠍ᠴᠢ ᠭᠡ᠊·ᠪᠣᠶᠠᠠᠪᠠᠳᠤ᠂ ᠠᠯᠠᠱᠠ ᠠᠢ᠌ᠮᠠᠭ ᠤᠨ ᠵᠠᠭᠢᠷᠭ᠎ᠠ ᠳᠤ ᠠᠯᠪᠠᠨ ᠳᠤᠰᠢᠶᠠᠯ ᠲᠡᠶ ᠶᠠᠪᠣᠭ᠎ᠠ ᠰᠸᠷᠠᠪᠵᠠᠪ ᠵᠡᠷᠭᠡ ᠭᠤᠷᠪᠠᠨ ᠠᠬᠠᠮᠠᠤᠨ᠂ ᠭᠦᠡᠳᠡᠯᠡᠨ ᠨᠤᠳᠤᠭ ᠤᠨ ᠰᠤᠶᠤᠯ ᠣᠷᠠᠯᠢᠭ ᠤᠨ ᠭᠦᠷᠦᠰᠤᠨ ᠳᠤ ᠳᠤᠯᠭ᠎ᠠ ᠶᠢᠨ ᠭᠤᠷᠪᠠᠨ ᠴᠢᠯᠠᠭᠤ ᠪᠣᠯᠤᠨ ᠳᠤᠯᠭᠠᠭᠤᠷᠢᠯᠠᠵᠤ ᠴᠤᠯᠭᠤᠷᠠᠭᠰᠠᠨ ᠡᠴᠡ 《ᠭᠦᠮᠦᠷᠢᠭ᠍ᠰᠡᠨ ᠳᠤᠭᠤᠭᠠᠨ ᠤ ᠳᠤᠳᠤᠷ᠎ᠠ ᠭᠡᠷᠡᠯ ᠳᠤᠰᠴᠤ》 ᠭᠦᠳᠡᠭᠢ ᠣᠠᠳᠠᠩᠬᠠᠢ ᠭᠦᠡᠳᠡᠯᠡᠡᠴᠦᠳ 《ᠰᠤᠶᠤᠯ ᠢ ᠭᠠᠢ᠌ᠬᠠᠵᠤ》 ᠰᠢᠨ᠎ᠠ ᠶᠢ ᠭᠦᠭᠡᠭᠡᠴᠡᠯᠳᠦᠵᠤ ᠡᠭᠢᠯᠡᠭ᠍ᠰᠡᠨ᠃ ᠡᠭᠦᠡᠴᠢᠯᠡᠨ ᠭᠡᠨ ᠡᠴᠡ ᠴᠤ ᠳᠤᠤᠷᠠᠳᠠᠬᠤ ᠦᠭᠡᠶ ᠮᠤᠩᠭ᠋ᠤᠯ ᠴᠢᠰᠤᠳᠠᠨ ᠤ ᠪᠠᠨ ᠣᠢ ᠪᠢᠯᠢᠭ᠌᠂ ᠣᠷᠠᠨ ᠠᠪᠢᠶᠠᠰ ᠶᠢᠡᠷ ᠶᠢᠡᠨ ᠳᠦᠷᠦᠭᠦᠴᠢ ᠭᠠᠯᠠᠭᠤ᠂ ᠰᠤᠶᠤᠯ ᠤᠨ ᠵᠢᠦᠡᠭᠦᠯᠳᠡᠳ ᠤᠨ ᠶᠢᠡᠨ ᠮᠦᠷ ᠶᠢᠡᠷ ᠮᠠᠷᠠᠢ᠌ᠵᠤ᠂ ᠦᠪᠡᠷ ᠤᠨ ᠣᠠᠴᠠᠯᠢᠭ ᠲᠡᠶ ᠣᠷᠠᠨ ᠪᠦᠳᠦᠭᠡᠯ ᠶᠢᠡᠷ ᠶᠢᠡᠨ ᠣᠯᠤᠰ ᠣᠷᠤᠨ ᠳᠤ ᠨᠠᠷ᠎ᠠ ᠪᠠᠨ ᠳᠡᠮᠳᠡᠭᠯᠡᠭᠦᠯᠵᠤ ᠶᠠᠪᠣᠭ᠎ᠠ ᠢᠳᠠᠷ ᠨᠠᠰᠤᠨ ᠤ ᠨᠠᠢ᠌ᠷᠠᠭᠤᠯᠤᠯ ᠤᠨ ᠵᠤᠬᠢᠶᠠᠯᠴᠢ ᠸ·ᠬᠠᠰ ᠵᠢᠴᠢ ᠭᠦᠡᠳᠡᠯᠡᠨ ᠨᠤᠳᠤᠭ ᠤᠨ ᠶᠢᠡᠨ ᠰᠤᠶᠤᠯ ᠤᠨ ᠶᠢᠡᠨ ᠠᠯᠳᠠᠨ ᠭᠦᠷᠦᠰᠤᠨ ᠳᠤ ᠳᠤᠷᠨᠢᠵᠤ ᠮᠤᠩᠭ᠋ᠤᠯ ᠰᠤᠷᠭᠠᠭᠤᠯᠢ ᠶᠢᠨ ᠶᠢᠡᠨ ᠭᠦᠮᠦᠵᠢᠭᠦᠯᠦᠯ ᠡᠴᠡ ᠴᠤᠯᠭᠤᠷᠠᠭᠰᠠᠨ ᠵᠠᠯᠠᠭᠤ ᠳ᠋ᠤᠺᠲ᠋ᠤᠷ ᠮᠠᠠᠳᠤᠯ᠎ᠠ᠂ ᠬᠠᠳᠠ᠂ ᠬᠠᠰᠸᠴᠢᠷ ᠵᠡᠷᠭᠡ ᠭᠦᠮᠦᠰ ᠨᠤᠳᠤᠭ ᠤᠨ ᠶᠢᠡᠨ ᠭᠡᠢ᠌ᠮᠦᠷᠢ ᠶᠢ ᠡᠷᠭᠦᠵᠤ ᠶᠠᠪᠣᠭᠰᠠᠨ ᠡᠴᠡ ᠥᠩᠰᠢᠭ᠌ ᠰᠠᠢ᠌ᠬᠠᠨ ᠡᠨᠡ ᠨᠤᠳᠤᠭ ᠥᠭᠡᠳᠡᠯᠡᠨ ᠳᠠᠪᠰᠢᠬᠤ ᠶᠢᠨ ᠰᠢᠨ᠎ᠠ ᠥᠩᠭᠡ ᠳᠦᠷᠰᠦ ᠪᠠᠷ ᠲᠦᠰᠢᠶᠠᠳᠤ ᠶᠢᠨ ᠪᠠᠷᠠᠭᠤᠨ ᠬᠣᠢ᠌ᠳᠤ ᠵᠠᠬ᠎ᠠ ᠳᠤ ᠭᠢᠯᠠᠯᠵᠠᠪᠠ᠃

ᠣᠷᠴᠢᠮ ᠤᠨ ᠭᠡᠳᠤᠨ ᠵᠢᠯ ᠸ·ᠬᠠᠰ᠂ ᠯ·ᠨᠠᠶᠠᠠᠳᠠᠢ᠂ ᠳ·ᠪᠦᠭᠡᠪᠢᠯᠢᠭ᠌᠂ ᠭᠣᠢ᠌ᠷᠤᠪ ᠵᠡᠷᠭᠡ ᠠᠢ᠌ᠮᠠᠭ ᠤᠨ ᠵᠤᠬᠢᠶᠠᠯᠴᠢᠳ ᠤᠨ ᠨᠡᠢ᠌ᠭᠡᠮᠯᠢᠭ᠌ ᠤᠨ ᠵᠤᠬᠢᠶᠠᠯᠴᠢ ᠰᠢᠭᠦᠮᠵᠢᠯᠡᠭ᠍ᠴᠢ ᠪᠠᠭᠰᠢ ᠨᠡᠷ ᠤᠨ ᠳᠠᠭᠠᠭᠤᠯᠭ᠎ᠠ ᠭᠦᠮᠦᠵᠢᠭᠦᠯᠦᠯ ᠳᠤᠤᠷ᠎ᠠ ᠭᠦᠡᠳᠡᠯᠡᠨ ᠤ ᠣᠷᠠᠨ ᠵᠤᠬᠢᠶᠠᠯ ᠤᠨ ᠡᠩᠨᠡᠭᠡ ᠡᠳᠦᠷ ᠡᠴᠡ ᠡᠳᠦᠷ ᠥᠷᠭᠡᠵᠢᠵᠤ ᠢᠳᠡᠭ᠌ ᠢᠳᠡᠭ᠌ ᠶᠢᠡᠷ ᠭᠦᠡᠳᠡᠯᠡᠨ ᠤ ᠣᠷᠠᠨ ᠵᠤᠬᠢᠶᠠᠯ ᠤᠨ ᠥᠵᠡᠭ᠍ᠳᠡᠯ ᠪᠣᠯᠤᠨ ᠪᠦᠷᠢᠯᠳᠤᠨ ᠡᠭᠢᠯᠡᠵᠡᠢ᠃ ᠳᠡᠭᠡᠭᠦ ᠮᠥᠷᠳᠡᠭᠡᠨ ᠳᠤᠰ ᠣᠷᠠᠨ ᠵᠤᠬᠢᠶᠠᠯ ᠤᠨ ᠥᠵᠡᠭ᠍ᠳᠡᠯ ᠨᠢ ᠬᠤᠰᠢᠭᠤ ᠠᠢ᠌ᠮᠠᠭ᠂ ᠴᠢᠨᠠᠭᠰᠢᠯᠠᠨ ᠣᠯᠤᠰ ᠣᠷᠤᠨ ᠭᠦᠷᠳᠡᠯ᠎ᠡ ᠨᠠᠷ᠎ᠠ ᠨᠥᠯᠦᠭᠡ ᠲᠡᠶ ᠪᠣᠯᠵᠠᠢ᠃ ᠡᠭᠦᠨ ᠳᠤ 《ᠣᠶᠠᠩᠭ᠋᠎ᠠ ᠶᠢᠨ ᠭᠤᠤᠯ》 ᠰᠢᠯᠦᠭ᠌ ᠤᠨ ᠳᠡᠭᠦᠪᠦᠷᠢ ᠲᠡᠶ ᠪᠠᠭᠰᠢ ᠶᠢᠨ ᠠᠯᠪᠠᠨ ᠲᠡᠶ ᠰᠢᠯᠦᠭ᠍ᠴᠢ ᠮ·ᠡᠷᠭᠢᠮ᠂ 《ᠡᠷ᠎ᠡ ᠬᠠᠷ᠎ᠠ ᠮᠤᠷᠢᠨ ᠳᠠᠯ ᠢ ᠵᠢᠭᠤᠷᠠᠵᠤ ᠣᠭᠢᠯᠠᠭᠰᠠᠨ ᠤ ᠣᠴᠢᠷ》 ᠭᠡᠮᠡᠭᠦ ᠰᠢᠯᠦᠭ᠌ ᠤᠨ ᠳᠡᠭᠦᠪᠦᠷᠢ ᠲᠡᠶ ᠰᠤᠮᠤ ᠶᠢᠨ ᠵᠠᠰᠠᠭ ᠤᠨ ᠣᠷᠳᠤᠨ ᠤ ᠰᠤᠮᠤᠨ ᠳᠠᠷᠤᠭ᠎ᠠ ᠶᠢᠨ ᠳᠤᠰᠢᠶᠠᠯ ᠳᠤ ᠶᠠᠪᠣᠭ᠎ᠠ ᠰᠢᠯᠦᠭ᠍ᠴᠢ ᠢ᠊·ᠴᠡᠩᠭᠡᠷ᠂ ᠪᠠᠭᠰᠢ ᠶᠢᠨ ᠠᠵᠢᠯ ᠲᠡᠶ ᠪᠠᠢ᠌᠊·ᠠᠮᠤᠭᠤᠯᠠᠩ᠂ ᠠ᠊·ᠴᠤᠭᠵᠤ᠂ ᠪ᠊·ᠵᠢᠷᠭᠠᠯ᠂ ᠳᠠᠪᠬᠤᠷᠪᠠᠶᠠᠷ᠂ ᠯᠢ ᠮᠢᠩ᠂ ᠡ᠊·ᠳᠠᠮᠤᠷ᠂ ᠭᠤᠸ᠎ᠠ᠂ ᠰᠠᠷᠠᠭᠤᠯ᠂ ᠡ᠊·ᠬᠠᠰ᠂ ᠶ‍ᠢᠨ ᠬᠤ᠂ ᠵᠦᠸᠠᠩᠽᠢ ᠵᠡᠷᠭᠡ ᠵᠤᠬᠢᠶᠠᠭᠴᠢ᠂ ᠭᠠᠴᠠᠭ᠎ᠠ ᠱᠦᠵᠢ᠂ ᠠᠵᠤ ᠠᠬᠤᠢ᠌ᠯᠠᠯᠳᠠᠨ ᠡ᠊·ᠬᠠᠰᠪᠠᠭᠠᠨ᠎ᠠ᠂ ᠮᠠᠯᠴᠢᠨ ᠪᠠᠢ ᠴᠠᠩ ᠰᠥᠸᠧ᠂ ᠡ᠊·ᠭᠡᠷᠡᠯ᠂ ᠠᠵᠢᠯ ᠡᠴᠡ ᠪᠠᠨ ᠠᠮᠠᠷᠠᠭᠰᠠᠨ ᠺᠠᠳ᠋ᠷ ᠵᠢᠠᠰᠸᠷ᠂ ᠳᠠᠷᠢᠶᠠᠴᠢᠨ ᠶᠢᠨ ᠹᠤ᠋ ᠵᠢᠶ‍ᠧ ᠵᠡᠷᠭᠡ ᠨᠠᠢ᠌ᠳᠠ ᠬᠤᠷᠢ ᠰᠢᠬᠠᠮ ᠵᠤᠬᠢᠶᠠᠭᠴᠢᠳ ᠪᠠᠢ᠌ᠬᠤ ᠪᠦᠭᠡᠤᠨ ᠡᠭᠦᠨ ᠳᠤ ᠡ᠊·ᠬᠠᠰᠪᠠᠭᠠᠨ᠎ᠠ᠂ ᠡ᠊·ᠬᠠᠰ᠂ ᠡ᠊·ᠳᠠᠮᠤᠷ᠂ ᠡ᠊·ᠭᠡᠷᠡᠯ ᠠᠬ᠎ᠠ ᠳᠡᠭᠦᠤ ᠳᠦᠷᠪᠡᠨ ᠵᠤᠬᠢᠶᠠᠯᠴᠢ ᠶᠢ ᠨᠠᠩᠳᠠ ᠳᠤᠷᠠᠳᠠᠭᠤᠰᠢᠳᠠᠢ ᠪᠠᠢ᠌ᠨ᠎ᠠ᠃ ᠭᠦᠡᠳᠡᠯᠡᠨ ᠤ ᠣᠷᠠᠨ ᠵᠤᠬᠢᠶᠠᠯᠴᠢᠳ ᠦᠪᠡᠷ ᠦᠪᠡᠷ ᠤᠨ ᠠᠪᠢᠶᠠᠰ ᠪᠢᠯᠢᠭ᠌ ᠲᠡᠭᠡᠨ ᠳᠤᠭᠢᠷᠠᠭᠰᠠᠨ ᠰᠲ᠋ᠢᠯᠢ ᠲᠦᠷᠦᠯ ᠶᠢᠡᠷ ᠪᠢᠴᠢᠨ ᠣᠷᠤᠯᠳᠤᠵᠤ ᠪᠠᠢ᠌ᠨ᠎ᠠ᠃

ᠰᠤᠷᠭᠠᠨ ᠭᠦᠮᠦᠵᠢᠯ ᠢ ᠴᠢᠬᠤᠯᠠᠴᠢᠯᠠᠵᠤ ᠰᠤᠶᠤᠯ ᠶᠢᠡᠷ ᠳᠡᠭ᠍ᠵᠢᠷᠡᠭᠦ ᠴᠠᠬ᠎ᠠᠷᠡᠨ ᠤ ᠣᠷᠤᠰᠬᠠᠯ ᠳᠤ ᠭᠦᠳᠡᠭᠡ ᠪᠣᠢ᠌ᠳᠠ ᠨᠤᠳᠤᠭ ᠡᠴᠡ ᠢᠯᠡᠷᠡᠭ᠍ᠰᠡᠨ ᠡᠨᠡᠭᠦ ᠥᠵᠡᠭ᠍ᠳᠡᠯ ᠤᠨ ᠢᠷᠡᠭᠡᠳᠦᠢ ᠵᠢᠴᠢ ᠭᠦᠡᠳᠡᠯᠡᠨ ᠤ ᠵᠤᠬᠢᠶᠠᠭᠴᠢᠳ ᠤᠨ ᠣᠢ᠌ᠯᠠᠰ ᠤᠨ ᠬᠠᠷᠭᠤᠢ ᠨᠠᠮ ᠵᠠᠰᠠᠭ ᠤᠨ ᠬᠠᠷᠠᠭᠠᠯᠵᠠᠯᠠᠯ᠂ ᠠᠬᠠᠮᠠᠤᠨ ᠣᠷᠠᠨ ᠵᠤᠬᠢᠶᠠᠯᠴᠢ ᠪᠠᠭᠰᠢ ᠨᠡᠷ ᠤᠨ ᠭᠦᠮᠦᠵᠢᠭᠦᠯᠦᠯ ᠳᠤᠤᠷ᠎ᠠ ᠡᠳᠦᠷ ᠢᠷᠡᠭᠦᠶ᠎ᠡ ᠰᠠᠷᠠᠭᠤᠯ ᠳᠠᠷᠳᠠᠩ ᠪᠣᠯᠬᠤ ᠨᠢ ᠯᠠᠪᠳᠠᠢ ᠭᠡᠵᠤ ᠪᠢ ᠢᠳᠡᠭᠡᠵᠤ ᠪᠠᠢ᠌ᠨ᠎ᠠ᠃ ᠡᠨᠡᠭᠦ ᠥᠵᠡᠭ᠍ᠳᠡᠯ ᠳᠡᠭᠡᠨ ᠥᠴᠦᠭᠡᠨ ᠪᠣᠯᠪᠠᠴᠤ ᠳᠤᠰᠤᠯ ᠣᠰᠤᠨ ᠤ ᠨᠠᠮᠠᠷᠢ ᠪᠣᠯᠤᠶ᠎ᠠ ᠭᠡᠮᠡᠨ ᠴᠢᠷᠮᠠᠢ᠌ᠵᠤ ᠰᠤᠯᠠᠬᠠᠨ᠂ ᠱᠥᠷᠭᠡᠢ 《ᠳᠦᠷᠦᠭᠡ ᠬᠠᠯᠠᠭᠤᠨ ᠠᠶᠠᠨ》 ᠳᠡᠭᠦᠪᠦᠷᠢ ᠪᠠᠨ ᠡᠷᠭᠦᠵᠤ ᠪᠠᠢ᠌ᠨᠠᠮ᠃

ᠰᠢᠷᠠᠭᠴᠢᠨ ᠥᠭᠡᠷ ᠵᠢᠯ ᠤᠨ ᠬᠤᠶᠠᠷ ᠰᠠᠷ᠎ᠠ ᠶᠢᠨ ᠠᠷᠪᠠᠨ ᠭᠤᠷᠪᠠᠨ ᠳ᠋ᠤ

ᠭᠡᠳᠡᠷᠭᠡᠨ ᠪᠣᠯᠠᠭ ᠪᠢᠴᠢᠭ᠌ ᠤᠨ ᠥᠷᠦᠭᠡᠨ᠎ᠡ

ᠵᠤᠬᠢᠶᠠᠭᠴᠢ᠄ ᠪᠠᠢ᠌᠊·ᠠᠮᠤᠭᠤᠯᠠᠩ
ᠬᠠᠷᠢᠶ᠎ᠠ᠄ ᠥᠭᠥᠯᠡᠯ ᠰᠢᠭᠦᠮᠵᠢ
ᠳᠠᠷᠤᠮ᠄ 6283
ᠴᠠᠭ᠄ 2009 ᠤᠨ ᠤ 04 ᠰᠠᠷ᠎ᠠ ᠶᠢᠨ 18