ᠭᠦᠳᠡᠭᠡ ᠶᠢᠨ ᠰᠠᠢ᠌ᠬᠠᠨ

ᠴᠢᠭᠢᠭ᠌ ᠤᠨ ᠦᠨᠦᠷ ᠰᠡᠩᠭᠢᠨᠡᠭ᠍ᠰᠡᠨ ᠳᠠᠷᠠ ᠰᠠᠢ᠌ᠬᠠᠨ ᠠᠮᠢᠰᠬᠤᠯ᠂

ᠴᠡᠴᠡᠭ᠌ ᠬᠤᠷ᠎ᠠ ᠪᠠᠷ ᠣᠭᠢᠶᠠᠭᠳᠠᠭᠰᠠᠨ ᠳᠠᠷᠠ ᠰᠠᠢ᠌ᠬᠠᠨ ᠥᠩᠭᠡ᠂

ᠴᠡᠩᠭᠡᠷ ᠣᠳᠤᠭ᠎ᠠ ᠪᠣᠷᠭᠢᠯᠤᠭᠰᠠᠨ ᠳᠠᠷᠠ ᠰᠠᠢ᠌ᠬᠠᠨ ᠦᠷᠭᠦᠭᠡ᠂

ᠴᠡᠭᠡ ᠶᠢᠨ ᠦᠨᠦᠷ ᠬᠠᠩᠬᠤᠯᠤᠭᠰᠠᠨ ᠲ᠋ᠠᠯ᠎ᠠ ᠤᠨ ᠰᠠᠢ᠌ᠬᠠᠨ ᠦᠷᠯᠦᠭᠡ᠃


ᠭᠤᠷᠤᠬ᠎ᠠ ᠨᠠᠮᠢᠷᠠᠨ ᠣᠷᠤᠰᠬᠤ ᠳᠠᠷᠠ ᠰᠠᠢ᠌ᠬᠠᠨ ᠴᠢᠮᠡᠭᠡ᠂

ᠭᠤᠷᠭᠤᠤᠯ ᠭᠦᠭᠦᠭᠡ ᠳᠤᠩᠭ᠋ᠤᠳᠬᠤ ᠳᠠᠷᠠ ᠰᠠᠢ᠌ᠬᠠᠨ ᠡᠭᠡᠰᠢᠭ᠌᠂

ᠭᠤᠪᠢ ᠳᠤ ᠪᠣᠳᠤᠭᠤ ᠪᠣᠢ᠌ᠯᠠᠭᠰᠠᠨ ᠳᠠᠷᠠ ᠰᠠᠢ᠌ᠬᠠᠨ ᠳᠠᠭᠤ᠂

ᠭᠣᠢ᠌ᠳᠠ ᠪᠠᠯᠴᠢᠭᠡᠷ ᠲᠤ ᠨᠡᠢ᠌ᠯᠡᠭᠦᠯᠦᠭ᠍ᠰᠡᠨ ᠭᠦᠳᠡᠭᠡ ᠶᠢᠨ ᠰᠠᠢ᠌ᠬᠠᠨ ᠨᠠᠢ᠌ᠷᠠᠯ᠃


ᠰᠠᠷ᠎ᠠ ᠶᠢᠨ ᠡᠭᠡᠯᠵᠢ ᠪᠠᠷ ᠳᠠᠭᠢᠯᠭ᠎ᠠ ᠲᠡᠶ ᠨᠤᠳᠤᠭ ᠤᠨ ᠰᠠᠭᠢᠭᠤᠰᠤ ᠬᠠᠨ ᠨᠤᠭᠤᠳ᠂

ᠰᠠᠷᠠ ᠵᠢᠰᠤ ᠪᠠᠨ ᠳᠤᠯᠢᠳᠠᠭᠰᠠᠨ ᠨᠤᠮᠢᠨ ᠳᠤᠩᠭ᠋ᠠᠯᠠᠭ ᠪᠦᠷᠢᠳᠤ ᠨᠤᠭᠦᠳ᠂

ᠰᠠᠯᠭᠢ ᠮᠠᠨᠠᠨ ᠢ ᠢᠷᠠᠬᠤ ᠳᠤ ᠢᠯᠡᠷᠡᠭᠦ ᠰᠠᠢ᠌ᠬᠠᠨ ᠦᠵᠡᠮᠵᠢ᠂

ᠰᠠᠨᠠᠭᠠᠨ ᠳᠤ ᠦᠷᠭᠦᠯᠵᠢ ᠬᠤᠨᠤᠭᠰᠢᠭᠰᠠᠨ ᠨᠤᠳᠤᠭ ᠤᠨ ᠭᠠᠩᠭ᠋ᠠᠩ ᠪᠠᠢ᠌ᠭᠠᠯᠢ᠃


ᠨᠠᠪᠴᠢᠨ ᠥᠵᠦᠭᠦᠷ ᠲᠤ ᠵᠥᠰᠡᠷᠡᠭ᠍ᠰᠡᠨ ᠳᠠᠷᠠ ᠰᠠᠢ᠌ᠬᠠᠨ ᠬᠤᠷ᠎ᠠ᠂

ᠨᠠᠷᠠ ᠳᠤᠨᠤᠷᠠᠬᠤ ᠳᠤ ᠢᠯᠪᠢᠭ᠍ᠰᠡᠨ ᠳᠠᠷᠠ ᠬᠤᠩᠭ᠋ᠤᠷ ᠰᠠᠯᠭᠢ᠂

ᠡᠭᠦᠯᠡᠨ ᠳᠤᠯᠤᠭᠠᠢ ᠣᠭᠠᠯᠵᠠᠯᠠᠭᠰᠠᠨ ᠳᠠᠷᠠ ᠴᠡᠯᠮᠡᠭ᠌ ᠠᠭᠠᠷ᠂

ᠡᠳᠦᠷ ᠤᠨ ᠡᠭᠡᠯᠵᠢᠨ ᠳᠤ ᠡᠨᠡᠭ᠍ᠰᠢᠭ᠍ᠰᠡᠨ ᠮᠢᠨᠤ ᠥᠯᠦᠭᠡᠢ ᠶᠢᠨ ᠠᠮᠢᠰᠬᠤᠭ᠎ᠠ᠃


ᠡᠷ᠎ᠡ ᠶᠢᠨ ᠰᠠᠢ᠌ᠬᠠᠨ ᠪᠦᠷᠢᠳᠦᠭ᠍ᠰᠡᠨ ᠳᠠᠷᠠ ᠭᠡᠭᠡᠡᠴᠢᠷ ᠵᠠᠯᠠᠭᠤ᠂

ᠡᠷᠪᠠᠭᠡᠢ ᠴᠡᠴᠡᠭ᠌ ᠢ ᠢᠴᠢᠭᠡᠭ᠍ᠰᠡᠨ ᠳᠠᠷᠠ ᠭᠤᠪᠠᠢ ᠭᠡᠦᠭᠡᠨ᠂

ᠰᠠᠷᠯᠠᠩ ᠬᠤᠸᠠᠷ ᠶᠢᠡᠷ ᠮᠢᠷᠠᠯᠵᠠᠭᠰᠠᠨ ᠳᠠᠯ᠎ᠠ ᠶᠢᠨ ᠴᠡᠩᠭᠡᠷ ᠬᠠᠢ᠌ᠷ᠎ᠠ᠂

ᠰᠠᠷᠠᠭᠤᠯ ᠰᠢᠯᠢ ᠶᠢᠨ ᠳᠠᠠᠵᠢᠨ ᠳᠤ ᠣᠴᠠᠷᠠᠬᠤ ᠢᠨᠠᠭ ᠤᠨ ᠪᠣᠯᠵᠤᠭ᠎ᠠ᠃



ᠵᠤᠬᠢᠶᠠᠭᠴᠢ ᠶᠢᠨ ᠬᠠ‍‌ᠶᠢᠭ ᠄ ᠰᠢᠯᠢ ᠶᠢᠨ ᠭᠤᠤᠯ ᠠᠢ᠌ᠮᠠᠭ ᠤᠨ ᠪᠠᠷᠠᠭᠤᠨ ᠦᠵᠦᠮᠤᠴᠢᠨ ᠬᠤᠰᠢᠭᠤᠨ ᠤ ᠪᠠᠯᠭᠠᠷᠭᠤᠤᠯ ᠪᠠᠯᠭᠠᠰᠤᠨ ᠤ ᠪᠠᠯᠭᠠᠷ ᠵᠡᠭᠡᠯᠢ ᠵᠢᠨ 18 ᠳ᠋ᠤᠭᠠᠷ ᠳᠤᠭᠣᠢ᠌ᠯᠠᠩ ᠤᠨ 43 ᠳ᠋ᠤᠭᠠᠷ ᠨᠤᠮᠸᠷ

ᠵᠤᠬᠢᠶᠠᠭᠴᠢ᠄ ᠨᠠᠰᠤᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1747
ᠴᠠᠭ᠄ 2012 ᠤᠨ ᠤ 07 ᠰᠠᠷ᠎ᠠ ᠶᠢᠨ 03
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ