ᠰᠡᠳᠭᠢᠯ ᠳᠤ ᠤᠶᠠᠭᠠᠳᠠᠢ ᠨᠤᠳᠤᠭ

ᠬᠠᠩᠰᠢ ᠤᠢ᠌ᠷᠠᠳᠤᠯ᠎ᠠ᠃

ᠵᠢᠭ᠌ ᠪᠣᠯᠵᠤ ᠬᠠᠪᠣᠷ ᠤᠨ ᠬᠤᠭᠤᠰ ᠶᠢᠡᠷ ᠬᠠᠨ ᠬᠤᠷᠮᠤᠰᠳᠠ ᠡᠷᠳᠡᠨᠢ ᠶᠢᠨ ᠷᠠᠰᠢᠶᠠᠨ ᠶᠢᠡᠨ ᠢᠪᠠᠭᠡᠭ᠍ᠰᠡᠨ ᠳᠤ ᠬᠠᠳᠠᠭᠰᠠᠨ ᠭᠦᠭᠦ ᠰᠢᠭ᠌ ᠬᠠᠨᠠᠭᠠᠷ ᠳᠡᠯᠡᠭᠡᠢ ᠢᠳᠠ ᠰᠡᠷᠭᠦᠨ ᠴᠡᠭᠡᠵᠢ ᠨᠢ ᠳᠠᠨᠢ᠌ᠵᠤ ᠬᠠᠯᠠᠭᠤᠨ ᠠᠮᠢᠰᠬᠤᠯᠳᠤ ᠠᠮᠢᠳᠠᠨ ᠪᠦᠭᠦᠨ ᠡᠰ ᠡᠰᠡᠨᠢᠯ ᠤᠨ ᠰᠢᠮ᠎ᠠ ᠪᠠᠷ ᠪᠠᠶᠠᠰᠬᠤ ᠳᠤ ᠡᠩ ᠶᠠᠷᠤ ᠳᠤ ᠪᠠᠨ ᠵᠢᠮ᠎ᠠ ᠪᠠᠨ ᠠᠯᠳᠠᠳᠠᠭ ᠦᠭᠡᠶ ᠵᠢᠷᠦᠭᠡ ᠮᠢᠨᠢ ᠵᠢᠮᠤᠷ ᠭᠤᠮᠤᠷ ᠴᠤᠭᠢᠯᠠᠰᠭᠢᠨ᠂ ᠵᠡᠭᠦᠳᠤ ᠡᠳᠦᠷ ᠤᠨ ᠬᠤᠪᠢᠨ ᠳᠤ ᠳᠠᠩᠳᠠ ᠯᠠ ᠶᠠᠭᠤ ᠨᠢᠭᠡ ᠥᠭᠡᠢ᠌ᠯᠡᠭ᠍ᠳᠡᠨ᠎ᠡ ᠪᠢᠯᠠ᠃

᠁ ᠁

ᠭᠦᠢ ᠶᠢ ᠨᠢ ᠭᠦᠷᠦᠰᠤ ᠪᠠᠷ ᠪᠣᠯᠠᠵᠤ ᠭᠦᠮᠤᠨ ᠤ ᠬᠤᠷᠸ᠎ᠠ ᠳᠤ ᠰᠢᠨ᠎ᠡ ᠨᠢᠭᠡ ᠠᠮᠢ ᠨᠡᠮᠡᠭ᠍ᠳᠡᠭᠦ ᠳᠡᠷᠡᠭᠦ ᠡᠷᠡᠨ ᠡᠴᠠ ᠨᠤᠳᠤᠭ ᠭᠦᠮᠤᠨ ᠠᠮᠢ ᠨᠢᠭᠡᠰᠴᠤ᠂ ᠠᠮᠢᠰᠬᠤᠯ ᠬᠤᠯᠪᠣᠳᠠᠭ ᠡ ︕ ᠬᠠᠢ᠌ᠯᠠᠰᠤᠨ ᠰᠠᠢ᠌ᠬᠠᠨ ᠦᠯᠦᠭᠡᠢ ᠳᠤ ᠪᠠᠨ ᠬᠠᠯᠠᠭᠤᠨ ᠰᠡᠳᠭᠢᠯᠳᠤ ᠡᠵᠢ ᠪᠠᠷ ᠶᠢᠡᠨ ᠠᠷᠭᠠᠳᠠᠭᠤᠯᠵᠤ᠂ ᠪᠦᠯᠳᠡᠩ ᠪᠦᠯᠳᠡᠩ ᠨᠢᠳᠤ ᠪᠠᠷ ᠶᠢᠡᠨ ᠪᠦᠭᠦᠳᠡ ᠣᠯᠠᠨ ᠢ ᠪᠠᠶᠠᠰᠬᠠᠬᠤ ᠳᠤ ᠪᠠᠨ ᠬᠤᠷᠸ᠎ᠠ ᠭᠡᠭ᠍ᠴᠢ ᠡᠢ᠌ᠮᠤ ᠯᠠ ᠪᠦᠯᠢᠶᠡᠭᠡᠨ ᠪᠠᠢ᠌ᠬᠤ ᠡ ᠭᠡᠵᠤ ᠮᠠᠠᠴᠣᠢ᠌ᠯᠠᠵᠤ ᠪᠠᠢ᠌ᠭ᠎ᠠ ᠶ‍ᠢᠷᠳᠢᠠᠴᠤ ᠳᠤ ᠪᠠᠨ ᠳᠠᠢ᠌ᠴᠢᠨ ᠳᠠᠢ᠌ᠴᠢᠨ ᠥᠭᠦᠯᠡᠳᠡᠭ᠌ ᠪᠠᠢ᠌ᠯ᠎ᠠ᠃

ᠭᠦᠯ ᠳᠤ ᠣᠷᠤᠵᠤ ᠳᠠᠠᠳᠠᠷ ᠳᠤᠠᠳᠠᠷ ᠠᠯᠬᠤᠨ ᠤᠢ᠌ᠴᠢᠨ ᠪᠦᠳᠦᠴᠢᠨ ᠶᠠᠪᠣᠬᠤ ᠳᠤ 《ᠣᠨᠠᠭᠰᠠᠨ ᠭᠠᠵᠠᠷ ᠡᠴᠠ ᠪᠠᠨ ᠪᠣᠰᠬᠤ》 ᠶ᠋ᠢ ᠨᠤᠳᠤᠭ ᠮᠢᠨᠢ ᠵᠢᠭᠠᠳᠠᠭ ᠡ ︕

ᠭᠡᠯᠡ ᠳᠤ ᠣᠷᠤᠵᠤ ᠪᠣᠰᠤᠳ ᠤᠨ ᠪᠣᠷᠤᠭᠤ᠂ ᠪᠣᠯᠢᠬᠠᠢ ᠵᠢᠭᠠᠵᠤ ᠦᠭ‍ᠭᠦᠭ᠍ᠰᠡᠨ ᠥᠭᠡ ᠶᠢ ᠨᠢ ᠳᠤᠯᠳᠤᠷᠠᠨ ᠱᠤᠯᠤᠭᠠᠨᠠᠨ ᠪᠠᠢ᠌ᠵᠤ ᠡᠴᠢᠭᠡ ᠳᠤ ᠪᠠᠨ ᠵᠠᠩᠨᠠᠭᠤᠯᠬᠤ ᠳᠤ ᠪᠠᠨ ᠭᠢᠯᠢᠰᠳᠡᠭ᠍ᠰᠡᠨ ᠨᠢᠳᠤ ᠳᠤᠳᠣᠢ᠌ᠨ ᠭᠡᠷᠡᠭ᠌ ᠤᠨ ᠳᠠᠷᠠᠭ᠎ᠠ ᠡᠭᠡᠷᠡᠮ᠎ᠡ ᠳᠠᠯ᠎ᠠ ᠳᠤ ᠪᠠᠨ ᠡᠭᠡᠷ ᠳᠠᠳᠠᠳᠠᠯ᠎ᠠ ᠣᠭᠢᠯᠠᠬᠤ ᠳᠤ 《ᠠᠳᠤᠭᠤᠨ ᠳᠤ ᠠᠯᠠᠭ ᠪᠠᠢ᠌ᠬᠤ》 ᠭᠡᠵᠤ ᠨᠤᠳᠤᠭ ᠮᠢᠨᠢ ᠠᠷᠭᠠᠳᠠᠳᠠᠭ᠃

ᠪᠣᠯᠴᠢᠮ ᠦᠭᠡᠶ ᠨᠠᠰᠤᠨ ᠳᠤ ᠪᠠᠨ ᠡᠩᠭᠡᠷ ᠤᠨ ᠴᠢᠨᠢ ᠳᠤᠪᠴᠢ ᠶᠢ ᠳᠠᠢ᠌ᠴᠢᠶ᠎ᠠ ᠭᠡᠵᠤ ᠵᠢᠪᠠᠷ ᠤᠨ ᠴᠢᠨᠢ ᠬᠣᠢ᠌ᠨ᠎ᠠ ᠡᠴᠠ ᠵᠠᠢ᠌ᠳᠠᠩᠨᠠᠨ ᠳᠤᠭᠤᠯ ᠤᠨ ᠪᠠᠯᠴᠢᠭᠡᠷ ᠶᠢᠡᠷ ᠳᠤᠭᠯᠠᠵᠤ᠂ ᠳᠤᠬᠤᠢ ᠰᠤᠵᠠᠭ ᠶᠢᠡᠷ ᠭᠦᠶᠤᠨ᠂ ᠳᠦᠭᠡᠷᠢᠵᠤ ᠪᠣᠳᠤᠯᠢᠵᠤ ᠳᠡᠨᠦᠭᠦ ᠳᠤ ᠨᠤᠳᠤᠭ ᠮᠢᠨᠢ ᠦᠨᠦᠷ ᠶᠢᠡᠷ ᠶᠢᠡᠨ ᠡᠷᠦᠭᠡ ᠵᠥᠭ᠌ ᠭᠦᠳᠦᠯᠳᠡᠭ᠌ ᠪᠢᠯᠠ᠃ ᠳᠡᠭᠡᠭᠦ ᠳᠤ ᠨᠤᠳᠤᠭ ᠲᠡᠶ ᠭᠦᠮᠤᠨ ᠭᠡᠵᠢᠶᠡᠳᠡ ᠳᠦᠭᠡᠷᠢᠳᠡᠭ᠌ ᠦᠭᠡᠶ ᠪᠠᠢ᠌ᠵᠠᠢ᠃

ᠰᠤᠷᠬᠤ ᠶᠢᠨ ᠰᠢᠮ᠎ᠠ ᠳᠤ ᠭᠦᠳᠦᠯᠦᠭ᠍ᠳᠡᠨ ᠰᠤᠯᠠᠪᠳᠤᠷᠬᠠᠨ ᠪᠣᠭᠴᠤ ᠪᠠᠨ ᠮᠦᠷᠤᠯᠠᠵᠤ ᠨᠤᠳᠤᠭ ᠡᠴᠠ ᠪᠠᠨ ᠮᠤᠷᠳᠠᠬᠤ ᠳᠤ ᠨᠤᠳᠤᠭ ᠤᠨ ᠮᠢᠨᠢ ᠡᠯᠡᠰᠤ ᠮᠠᠩᠬ᠎ᠠ᠂ ᠭᠤᠤᠯ ᠭᠤᠷᠤᠬ᠎ᠠ᠂ ᠠᠭᠤᠯᠠ ᠳᠠᠯ᠎ᠠ ᠪᠦᠭᠦᠨ ᠰᠡᠳᠭᠢᠯ ᠳᠤ ᠥᠮᠦᠭ᠌ ᠳᠦᠰᠢᠭ᠌ ᠪᠣᠯᠵᠤ ᠵᠠᠮ ᠶᠢᠡᠨ ᠡᠯᠭᠦᠳᠡᠭ᠌ ᠪᠢᠯᠠ᠃ ᠠᠮᠠᠷᠠᠯᠳᠠ ᠤᠢ᠌ᠷᠠᠳᠤᠬᠤ ᠳᠤᠰᠤᠮ ᠬᠠᠷᠠᠭᠠᠨ ᠦᠵᠦᠭᠦᠷ ᠪᠠᠯᠠᠷᠳᠠᠵᠤ ᠬᠠᠶᠠ ᠬᠠᠶᠠ ᠰᠡᠭᠦᠷᠡᠰᠤ ᠠᠯᠳᠠᠬᠤ ᠰᠢᠤᠬᠠᠨ ᠬᠠᠷᠢᠬᠤ ᠰᠠᠨ ᠭᠡᠵᠤ ᠳᠡᠪᠵᠢᠶᠡᠷᠡᠳᠡᠭ᠌ ᠨᠢ ᠭᠦᠮᠤᠨ ᠤ ᠳᠦᠷᠤᠯᠭᠢ ᠨᠤᠳᠤᠭ ᠭᠡᠵᠤ ᠭᠡᠨᠡᠨ ᠬᠤᠩᠭ᠋ᠤᠷ ᠴᠠᠭ ᠮᠦᠴᠡ ᠶᠢ ᠨᠢ ᠳᠡᠭᠡᠵᠤ ᠯᠠ ᠮᠥᠩᠭᠡᠯᠡᠵᠤ ᠳᠠᠯᠪᠢᠭᠰᠠᠨ ᠣᠷᠤᠨ ᠪᠠᠢ᠌ᠬᠤ ᠳᠤ ᠪᠠᠨ ᠳᠠᠷᠠ ᠦᠦ ︖

ᠳᠦᠷᠦᠭᠡ ᠴᠢᠩᠭ᠋ᠠᠯᠠᠵᠤ ᠵᠢᠯᠤᠭᠤ ᠰᠤᠩᠭ᠋ᠠᠨ ᠨᠤᠮ ᠤᠨ ᠬᠠᠷᠭᠤᠢ ᠪᠠᠷ ᠨᠠᠩ ᠴᠠᠭᠠᠰᠢᠯᠠᠵᠤ ᠨᠠᠮᠤᠷ ᠡ᠊ᠨᠳᠡ ᠡᠴᠠ ᠬᠤᠯᠠ ᠪᠠᠢ᠌ᠭᠰᠠᠭᠠᠷ ᠡ ᠭᠡᠮᠡᠨ ᠨᠠᠰᠤᠨ ᠤ ᠠᠭᠠᠭ ᠲᠤ ᠪᠠᠨ ᠬᠠᠯᠠᠵᠤ ᠶᠠᠪᠣᠬᠤ ᠳᠤ ᠳᠠᠰᠤᠭ ᠪᠣᠰᠤᠭ ᠢᠷᠡᠳᠡᠭ᠌ ᠳᠠᠷᠠᠬᠠᠢ ᠪᠣᠳᠠᠷᠬᠠᠢ ᠮᠦᠩᠭᠦ ᠳᠤ ᠨᠢ ᠨᠤᠳᠤᠭ ᠤᠨ ᠮᠢᠨᠢ ᠦᠨᠦᠷ ᠥᠨᠦᠷᠳᠦᠭ᠍ᠳᠡᠳᠡᠭ᠌ ᠪᠠᠢ᠌ᠵᠠᠢ᠃ ᠳᠡᠭᠡᠭᠦ ᠳᠤ ᠮᠦᠩᠭᠦ ᠶᠢ ᠨᠢ ᠣᠯᠵᠤ ᠪᠠᠶᠠᠷᠯᠠᠬᠤ ᠪᠢᠰᠢ᠂ ᠪᠣᠷᠬᠠᠨ ᠰᠡᠳᠭᠢᠯᠳᠤ ᠡᠴᠢᠭᠡ ᠡᠭᠡ᠂ ᠪᠣᠶᠠᠠᠴᠢ ᠥᠭ᠍‍ᠭᠢᠶᠡᠮᠦᠷ ᠨᠤᠳᠤᠭ ᠣᠰᠤ᠂ ᠬᠠᠳᠠ ᠴᠢᠯᠠᠭᠤ᠂ ᠦᠯᠤᠨ ᠡᠪᠠᠰᠤᠨ ᠤ ᠰᠡᠵᠢᠭᠦᠷ ᠪᠦᠭᠦᠨ ᠨᠢ ᠭᠦᠰᠡᠯᠡᠩ ᠶᠢᠡᠨ ᠡᠷᠭᠢᠮᠯᠡᠭᠦ ᠶᠤᠰᠤ ᠶᠢ ᠵᠢᠭᠠᠵᠤ᠂ ᠭᠦᠮᠤᠨ ᠢ ᠬᠠᠢ᠌ᠷᠠᠯᠠᠬᠤ ᠣᠬᠠᠭᠠᠨ ᠢ ᠥᠪᠯᠡᠭᠦ ᠳᠤ ᠪᠢᠯᠳᠠᠤᠴᠢ᠂ ᠬᠤᠳᠠᠯᠴᠢ᠂ ᠬᠤᠯᠵᠢᠨ ᠵᠠᠬ᠎ᠠ ᠡᠴᠠ ᠪᠠᠨ ᠵᠢᠷᠦᠭᠡᠨ ᠳᠤᠯᠳᠤ ᠡᠴᠠ ᠵᠠᠮ ᠵᠠᠢ᠌ᠯᠠᠵᠤ ᠵᠢᠭᠤᠳᠠᠨ᠎ᠠ᠃

ᠣᠢ᠌ᠯᠠᠰ ᠠᠮᠢᠳᠤᠷᠠᠯ ᠤᠨ ᠡᠷᠭᠡ ᠪᠠᠷ ᠡ᠊ᠨᠳᠡᠵᠤ ᠪᠠᠷᠭᠡᠳᠡᠵᠤ ᠡᠳᠦᠷ ᠬᠤᠨᠤᠭ ᠢ ᠳᠤᠭᠤᠯᠵᠤ ᠡᠳᠡᠢ᠌ᠭᠡᠨ ᠪᠣᠳᠠᠢ᠌ᠬᠠᠨ ᠳᠡᠡᠴᠢᠭᠦᠷᠡᠨ ᠵᠢᠷᠦᠭᠡᠨ ᠳᠤ ᠪᠠᠨ ᠴᠢᠰᠤ ᠪᠠᠷ ᠣᠭᠢᠯᠠᠵᠤ 《ᠡᠷᠭᠢ ᠪᠣᠯᠵᠤ ᠡᠮᠳᠡᠷᠡᠭᠦ ᠪᠠᠷ ᠬᠠᠳᠠ ᠪᠣᠯᠵᠤ ᠬᠠᠭᠠᠷᠠᠭᠰᠠᠨ ᠨᠢ ᠳᠡᠭᠡᠷ᠎ᠡ》 ᠭᠡᠵᠤ ᠬᠠᠰᠭᠢᠷᠬᠤ ᠳᠤ 《ᠵᠠᠯᠠᠭᠤ ᠭᠦᠮᠤᠨ ᠤ ᠵᠠᠮ ᠤᠨ ᠭᠦᠵᠦᠭᠦᠤ ᠣᠷᠳᠤ ᠶᠤᠮ ᠡ》 ᠭᠡᠵᠤ ᠵᠢᠪᠠᠷ ᠶᠢᠡᠷ ᠶᠢᠡᠨ ᠵᠠᠭᠢᠳᠠᠭ ᠪᠢᠯᠠ᠂ ᠨᠤᠳᠤᠭ ᠮᠢᠨᠢ ︕

ᠨᠠᠰᠤᠨ ᠤ ᠨᠠᠮᠤᠷ ᠶᠢᠡᠨ ᠳᠠᠭᠠᠵᠤ ᠰᠠᠮ ᠵᠢᠮ ᠣᠢ᠌ᠤᠠᠬᠤ ᠳᠤ ᠬᠠᠶᠠ ᠬᠠᠶᠠ ᠥᠩᠭᠡᠷᠡᠵᠤ ᠣᠳᠤᠭᠰᠠᠨ ᠬᠠᠯᠠᠭᠤᠨ ᠳᠤᠯᠠᠭᠠᠨ ᠣᠴᠢᠷ ᠤᠳ ᠨᠢᠭᠡᠯᠡ ᠬᠠᠴᠢᠨ ᠶᠢᠡᠷ ᠰᠡᠳᠭᠢᠯ ᠳᠤ ᠨᠡᠭᠦᠭᠡᠯᠳᠤᠨ ᠢᠷᠡᠵᠡᠭᠡᠨ ᠥᠳᠡᠯᠦᠭᠡ ᠪᠣᠭᠤᠷᠤᠯ ᠡᠪᠦᠭᠡ ᠪᠠᠨ ᠳᠠᠭᠠᠵᠤ ᠦᠨᠳᠦᠷ ᠬᠠᠢ᠌ᠷᠬᠠᠨ ᠤ ᠦᠪᠣᠷ ᠪᠠᠯ ᠶᠢᠡᠷ ᠨᠠᠪᠳᠠᠭ ᠰᠠᠪᠳᠠᠭ ᠰᠢᠠᠵᠢᠵᠤ 《ᠶᠠᠰᠤ ᠪᠠᠨ ᠳᠡᠷᠡᠯᠡᠭᠦᠯᠤᠨ᠎ᠡ ᠳ᠋ᠠ》 ᠭᠡᠵᠤ ᠡᠪᠦᠭᠡ ᠮᠢᠨᠢ ᠥᠭᠦᠯᠡᠭᠦ ᠳᠤ 《ᠠᠯᠤᠰ ᠶᠠᠪᠣᠭᠰᠠᠨ ᠭᠦᠮᠤᠨ ᠠᠭᠢᠭᠠᠤᠨ ᠪᠠᠰᠠ ᠢᠷᠡᠳᠡᠭ᠌ ᠪᠣᠯᠪᠠᠤ ︖》 ᠭᠡᠵᠤ ᠬᠤᠩᠭ᠋ᠤᠷ ᠴᠠᠢ᠌ᠯᠭᠠᠨ ᠶᠢᠡᠷ ᠪᠣᠳᠤᠵᠤ ᠪᠠᠢ᠌ᠭᠰᠠᠨ ᠮᠢᠨᠢ ᠦᠴᠦᠭᠡᠳᠦᠷᠭᠡᠨ ᠰᠢᠭ᠌ ᠰᠠᠨᠠᠭᠳᠠᠨ᠎ᠠ᠃

《ᠡᠪᠦᠭᠡᠨ ᠪᠦᠷᠭᠦᠤᠨ ᠡᠭᠦᠷ ᠲᠤ ᠪᠠᠨ ᠪᠣᠴᠠᠳᠠᠭ》 ᠳᠤᠭᠠᠯᠠᠩ ᠶᠢᠡᠷ ᠦᠴᠢᠨᠠᠨ ᠳᠦᠴᠢᠨᠠᠨ ᠵᠢᠯ ᠤᠨ ᠳᠠᠷᠠᠭ᠎ᠠ ᠦᠯᠴᠢᠷ ᠪᠣᠭᠤᠷᠤᠯ ᠨᠢᠭᠡᠨ ᠨᠠᠰᠤᠳᠠᠨ ᠴᠠᠭᠠᠨ ᠮᠠᠩᠬᠠᠨ ᠨᠤᠳᠤᠭ ᠲᠤ ᠪᠠᠨ ᠴᠢᠨᠦᠷᠡᠳᠡᠭ᠌ ᠦᠭᠡᠶ ᠶᠠᠰᠤ ᠪᠠᠨ ᠳᠠᠯᠪᠢᠬᠤ ᠳᠤ ᠡᠴᠢᠨ᠎ᠡ ᠬᠤᠯᠠ ᠶᠢᠨ ᠭᠠᠵᠠᠷ ᠡᠴᠠ ᠦᠷ᠎ᠡ ᠠᠴᠢᠨᠠᠷ ᠮᠢᠨᠢ ᠣᠢ᠌ᠯᠠᠰ ᠠᠵᠢᠯ ᠤᠨ ᠶᠢᠡᠨ ᠵᠠᠢ ᠪᠠᠷ ᠡᠷᠭᠢᠵᠤ ᠨᠢᠭᠡ ᠢᠷᠡᠭᠦ ᠳᠤ ᠪᠠᠨ ᠡᠪᠦᠭᠡ ᠶᠢᠨ ᠮᠢᠨᠢ ᠨᠤᠳᠤᠭ ᠡᠨᠡ ᠭᠡᠵᠤ ᠳᠤᠷᠠᠰᠴᠤ ᠨᠢᠭᠡ ᠥᠭᠦᠯᠡᠳᠡᠭ᠌ ᠪᠢᠯᠢᠤ ︖

ᠨᠤᠳᠤᠭ ᠮᠢᠨᠢ ᠮᠡᠳᠡᠳᠦᠭᠡᠢ ︕

ᠬᠣᠢ᠌ᠴᠢᠰ ᠮᠢᠨᠢ ᠮᠡᠳᠡᠳᠦᠭᠡᠢ ︕

᠁ ᠁

ᠬᠠᠩᠰᠢ ᠤᠢ᠌ᠷᠠᠳᠤᠯ᠎ᠠ᠃ ᠬᠠᠮᠢᠭ᠎ᠠ ᠬᠤᠯᠠ ᠬᠠᠮᠢᠭ᠎ᠠ ᠬᠤᠯᠠ ᠡᠴᠠ ᠭᠦᠷᠴᠤ ᠢᠷᠠᠨ ᠬᠠᠴᠠᠷ ᠢ ᠵᠥᠭᠡᠯᠡᠨ ᠥᠨᠦᠰᠭᠦ ᠰᠠᠯᠭᠢᠨ ᠤ ᠠᠮᠢᠰᠬᠤᠭ᠎ᠠ ᠬᠠᠯᠠᠭᠤᠬᠠᠨ ᠪᠠᠢ᠌ᠯ᠎ᠠ᠃


ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠤ ᠲᠦᠰᠢᠶᠠᠳᠤ

ᠵᠤᠬᠢᠶᠠᠭᠴᠢ᠄ ᠡᠰᠨᠢᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 56634
ᠴᠠᠭ᠄ 2013 ᠤᠨ ᠤ 04 ᠰᠠᠷ᠎ᠠ ᠶᠢᠨ 01
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ