ᠪᠦᠷᠭᠡ ᠲᠡᠭᠡᠨ ᠳᠠᠯᠠᠷᠬᠠᠶ᠎ᠠ

ᠪᠦᠷᠭᠡ ᠭᠡᠳᠡᠭ᠌

ᠣᠷᠤᠨ ᠵᠠᠢ

ᠪᠦᠭᠦᠳᠡ ᠶᠢ ᠬᠠᠮᠤᠷᠤᠭᠰᠠᠨ

ᠰᠤᠶᠤᠯ ︕

ᠪᠦᠮᠪᠦᠷᠴᠡᠭ᠌ ᠳᠡᠯᠡᠭᠡᠢ ᠶᠢᠨ

ᠪᠣᠯᠤᠩ ᠪᠣᠯᠳᠠᠭ ᠢ

ᠪᠠᠷᠠᠭᠠᠯᠠᠵᠤ ᠰᠠᠭᠤᠳᠠᠭ

ᠳᠤᠷᠠᠨ ︕


ᠪᠦᠷᠭᠡ ᠶᠢ ᠡᠭᠦᠳᠦᠭ᠍ᠰᠡᠨ

ᠪᠦᠭᠦ ᠮᠡᠷᠭᠡᠳ ᠲᠡᠭᠡᠨ ᠳᠠᠯᠠᠷᠬᠠᠶ᠎ᠠ︕

ᠪᠦᠷᠭᠡ ᠳᠤ ᠪᠠᠨ ᠥᠢᠯᠡᠴᠢᠯᠡᠳᠡᠭ᠌

ᠪᠦᠷᠭᠡᠴᠦᠳ ᠲᠡᠭᠡᠨ ᠴᠤ ᠳᠠᠯᠠᠷᠬᠠᠶ᠎ᠠ︕


ᠦᠵᠡᠯ ᠶᠢᠡᠨ ᠰᠤᠯᠢᠯᠴᠠᠵᠤ

ᠰᠠᠨᠠᠭ᠎ᠠ ᠪᠠᠨ ᠬᠤᠪᠢᠶᠠᠯᠴᠠᠭᠰᠠᠨ

ᠰᠠᠢ᠌ᠬᠠᠨ ᠳᠡᠯᠡᠭᠡᠢ

ᠣᠷᠴᠢᠯ ᠠᠬᠤᠢ ᠳ᠋ᠤ

ᠪᠦᠳᠦᠭᠦ ᠶᠠᠭᠤᠮ᠎ᠠ ᠠᠷᠪᠢᠨ ᠪᠣᠢ

ᠪᠣᠳᠤᠵᠤ ᠶᠠᠭᠤᠭᠠᠤᠨ

ᠰᠠᠵᠢᠯᠠᠵᠤ ᠯᠠ ᠪᠠᠢ᠌ᠪᠠᠯ

ᠭᠦᠷᠳᠡᠭ᠌ ᠯᠠ ᠬᠣᠢ᠌ᠨ᠎ᠠ ᠁

ᠪᠦᠮᠪᠦᠷᠴᠡᠭ᠌ ᠤᠨ ᠪᠦᠳᠤᠨ ᠢ

ᠪᠢᠳᠠ ᠪᠦᠭᠦᠨ

ᠬᠤᠪᠢᠶᠠᠯᠴᠠᠨ ᠵᠢᠷᠭᠠᠶ᠎ᠠ︕


    2010.12.13


ᠵᠤᠬᠢᠶᠠᠭᠴᠢ ᠶᠢᠨ ᠬᠠ‍‌ᠶᠢᠭ ᠄ ᠣᠷᠳᠤᠰ ᠬᠤᠳᠠ ᠶᠢᠨ ᠬᠠᠩᠭᠢᠨ ᠬᠤᠰᠢᠭᠤᠨ ᠤ ᠠᠵᠤ ᠣᠢ᠌ᠯᠠᠳᠪᠣᠷᠢ ᠬᠤᠳᠠᠯᠳᠤᠭᠠᠨ ᠤ ᠬᠤᠯᠪᠣᠭ᠎ᠠ

ᠵᠤᠬᠢᠶᠠᠭᠴᠢ᠄ ᠪᠠ᠊·ᠣᠳᠬᠤᠠᠪᠠᠭᠠᠳᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1249
ᠴᠠᠭ᠄ 2010 ᠤᠨ ᠤ 12 ᠰᠠᠷ᠎ᠠ ᠶᠢᠨ 16
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁