ᠥᠷᠯᠦᠭᠡ ᠶᠢᠨ ᠨᠠᠷᠠ ᠰᠠᠢ᠌ᠬᠠᠨ

ᠨᠠᠷᠠ᠂ ᠰᠠᠷᠠ᠂ ᠣᠳᠤ

ᠳᠤᠭᠤᠷ ᠤᠨ ᠭᠦᠷᠢᠶᠡᠯᠡᠩ ᠤᠨ ᠭᠤᠷᠪᠠ ᠭᠡᠮᠡᠷ

ᠳᠠᠰᠤᠳᠠᠰᠢ ᠦᠭᠡᠶ ᠳᠠᠮᠤᠷ ᠳᠠᠩᠭ᠋ᠠᠷᠢᠭ ᠶᠢᠡᠷ

ᠳᠤᠭ᠎ᠠ ᠦᠭᠡᠶ ᠣᠯᠠᠨ ᠬᠤᠨᠤᠭ

ᠨᠠᠰᠢ ᠴᠠᠰᠢ ᠰᠦᠯᠵᠢᠨ᠎ᠠ᠃


ᠲ᠋ᠠᠭᠢᠶᠠᠨ ᠭᠤᠷᠪᠠᠨ ᠳᠠᠭᠤᠨ ᠳᠤ

ᠳᠤᠭᠵᠢᠷᠠᠵᠤ ᠵᠤᠭᠰᠤᠭᠰᠠᠨ ᠰᠠᠷᠠ

ᠰᠡᠭᠡᠰᠭᠢᠵᠤ

ᠵᠢᠰᠢᠶ᠎ᠠ ᠰᠤᠯᠠᠯᠠᠭᠳᠠᠨ ᠵᠠᠪ ᠣᠯᠬᠤ ᠳᠤ

ᠵᠡᠭᠦᠷᠮᠡᠭ᠌ ᠠᠨᠢᠪᠠᠯᠵᠠᠭᠰᠠᠨ ᠣᠳᠤᠳ ᠴᠤ

ᠭᠦᠰᠢᠭᠡ ᠳᠠᠳᠠᠨ ᠶᠠᠭᠠᠷᠠᠨ᠎ᠠ᠃


ᠦᠷᠯᠦᠭᠡ ᠶᠢᠨ ᠨᠠᠷᠠ

ᠣᠰᠤᠨ ᠤ ᠳᠤᠮᠳᠠ ᠡᠴᠡ ᠠᠮᠢᠯᠠᠵᠤ

ᠣᠯᠠᠭᠠᠨ ᠳᠤᠶᠠᠭ᠎ᠠ ᠪᠠᠨ ᠳᠤᠰᠤᠯᠠᠭᠤᠯᠤᠭᠰᠠᠭᠠᠷ

ᠠᠭᠤᠯᠠ ᠶᠢᠨ ᠣᠷᠤᠢ ᠡᠴᠡ ᠣᠷᠭᠤᠵᠤ

ᠢᠨᠢᠶᠡᠮᠰᠦᠭ᠌ ᠴᠢᠷᠠᠢ ᠪᠠᠨ ᠣᠯᠠᠪᠠᠯᠵᠠᠭᠤᠯᠤᠭᠰᠠᠭᠠᠷ

ᠡᠳᠤᠷ ᠤᠨ ᠡᠭᠡᠯᠵᠢᠨ ᠳᠤ ᠪᠠᠨ ᠭᠠᠷᠤᠨ᠎ᠠ᠃


ᠲᠦᠨᠠᠷ ᠬᠠᠷᠠᠩᠭ᠋ᠤᠢ ᠶᠢ ᠡᠪᠭᠡᠨ ᠬᠤᠷᠢᠶᠠᠵᠤ

ᠳᠦᠭ᠍ᠵᠢᠶᠡᠰᠦᠳᠡᠢ ᠴᠤᠩᠬᠤ ᠶᠢ ᠰᠠᠮ ᠢᠷᠠᠨ

ᠳᠤᠷᠮᠣᠢ᠌ᠨ ᠣᠠᠳᠠᠭ᠎ᠠ ᠠᠢ᠌ᠯ ᠤᠨ ᠪᠦᠰᠡᠭᠦᠢ ᠶᠢᠨ

ᠳᠠᠷ᠎ᠠ ᠶᠢᠨ ᠬᠠᠵᠠᠭᠤᠳᠠ ᠰᠡᠮᠡᠭᠡᠷ ᠰᠢᠪᠠᠨᠠᠨ᠎ᠠ

ᠳᠠᠪᠠᠯ ᠢ ᠨᠢ ᠢᠯᠪᠢᠭᠡᠳ ᠵᠥᠭᠡᠯᠡᠨ ᠰᠡᠭ᠍ᠰᠦᠷᠦᠨ᠎ᠡ᠃


ᠦᠷᠯᠦᠭᠡ ᠶᠢᠨ ᠨᠠᠷᠠ ᠰᠠᠢ᠌ᠬᠠᠨ

ᠣᠯᠠᠨ ᠳᠤ ᠨᠢᠳᠤ ᠣᠷᠭᠤᠭᠤᠯᠤᠯ᠎ᠠ

ᠣᠷᠴᠢᠯᠠᠩ ᠳᠤ ᠭᠦᠰᠡᠯ ᠳᠦᠭᠡᠭᠡᠯ᠎ᠡ


ᠦᠷ ᠶᠢᠡᠷ ᠪᠣᠰᠤᠭᠰᠠᠨ ᠭᠦᠮᠦᠰ ᠤᠨ

ᠣᠴᠢᠬᠤ ᠵᠥᠭ᠌ ᠢ ᠨᠢ ᠵᠢᠭᠠᠬᠤ ᠭᠡᠵᠤ

ᠣᠴᠠᠷᠠᠬᠤ ᠰᠠᠭᠠᠤᠨ ᠢ ᠨᠢ ᠠᠷᠢᠯᠭᠠᠬᠤ ᠭᠡᠵᠤ

ᠡᠮᠦᠨ᠎ᠡ ᠨᠢ ᠣᠷᠤᠭᠠᠤᠨ ᠣᠮᠤᠭᠳᠠᠢ ᠭᠦᠶ‍ᠦᠨ᠎ᠡ᠃


ᠭᠡᠭᠡ ᠦᠭᠡᠶ ᠳᠤ ᠭᠡᠡᠨᠦᠡᠳᠡ ᠪᠠᠷ ᠳᠤᠷᠠᠰᠳᠠᠭ

ᠭᠡᠭᠡᠷ᠎ᠡ ᠶᠢᠨ ᠠᠪᠣᠭᠠᠢ ᠡᠴᠡ

ᠦᠯᠤᠰᠳᠠᠯ᠎ᠠ ᠠᠶᠤᠵᠤ ᠬᠤᠨᠤᠭᠰᠠᠨ

ᠣᠳᠤᠮ ᠨᠤᠮᠤᠬᠠᠨ ᠬᠤᠨᠢᠳ ᠲᠤ

ᠵᠢᠷᠦᠭᠡ ᠭᠦᠷᠭᠡᠵᠤ

ᠪᠠᠯᠴᠢᠭᠡᠷ ᠵᠢᠭᠠᠬᠤ ᠳ᠋ᠤ


ᠨᠠᠳᠣᠢ᠌ᠵᠤ ᠥᠡᠵᠢᠭ᠍ᠰᠡᠨ ᠠᠭᠤᠯᠠ

ᠨᠢᠷᠤᠭᠤ ᠭᠡᠳᠡᠢ᠌ᠨ ᠪᠣᠰᠴᠤ

ᠪᠠᠷᠣᠢ᠌ᠵᠤ ᠬᠤᠨᠤᠭᠰᠠᠨ ᠳᠠᠯ᠎ᠠ

ᠪᠠᠶᠠᠷ ᠤᠨ ᠨᠢᠯᠪᠣᠰᠤ ᠮᠡᠯᠳᠡᠩᠨᠡᠭᠦᠯᠦᠨ᠎ᠡ᠃


ᠦᠷᠯᠦᠭᠡ ᠶᠢᠨ ᠨᠠᠷᠠ ᠰᠠᠢ᠌ᠬᠠᠨ

ᠦᠴᠦᠭᠡᠳᠦᠷ ᠤᠨ ᠣᠢ᠌ᠤᠠᠬᠠᠷ ᠢ ᠣᠷᠤ ᠦᠭᠡᠶ ᠪᠣᠯᠠᠰᠢᠯᠠᠵᠤ

ᠦᠨᠦᠳᠤᠷ ᠤᠨ ᠴᠢᠷᠠᠢ ᠶᠢ ᠣᠯᠠᠭ᠎ᠠ ᠪᠣᠳᠠᠷᠠᠳᠠᠯ᠎ᠠ ᠮᠥᠰᠢᠶᠡᠯᠭᠡᠨ᠎ᠡ


ᠰᠤᠷᠭᠠᠭᠤᠯᠢ ᠪᠠᠨ ᠴᠢᠭᠯᠡᠭ᠍ᠰᠡᠨ ᠬᠡᠦᠬᠡᠳ ᠤᠨ

ᠰᠢᠮᠳᠠᠬᠤ ᠶᠢᠨ ᠬᠤᠩᠬ᠎ᠠ ᠶᠢ ᠨᠢ ᠭᠦᠩᠭᠡᠨ ᠳᠤᠭᠰᠢᠵᠤ

ᠰᠤᠯᠤᠩᠭ᠋ᠠᠨ ᠣᠯᠠᠭᠠᠨ ᠠᠶᠠᠨ ᠤ ᠭᠢᠨᠢ

ᠰᠤᠯᠢᠭᠳᠠᠰᠢ ᠦᠭᠡᠶ ᠴᠠᠮᠬᠠᠭ ᠪᠣᠯᠵᠤ ᠭᠡᠷᠡᠯᠳᠦᠨ᠎ᠡ᠃


ᠪᠤᠭᠤᠨᠢ ᠰᠠᠷᠠᠪᠴᠢ ᠶᠢᠨ ᠪᠣᠷᠤ ᠭᠡᠷ ᠲᠤ ᠪᠠᠨ

ᠪᠣᠭᠢᠨᠢᠳᠤᠵᠤ ᠬᠤᠨᠤᠭ᠎ᠠ ᠪᠣᠯᠵᠤᠮᠤᠷ

ᠪᠣᠯᠪᠠᠷᠠᠢ ᠣᠯᠠᠭᠠᠨ ᠳᠤᠶᠠᠭᠠᠨ ᠳᠤ ᠨᠢ

ᠪᠣᠰᠤᠨ ᠵᠢᠷᠭᠢᠵᠤ

ᠬᠤᠭᠤᠯᠠᠢ ᠭᠠᠢ᠌ᠬᠠᠭᠤᠯᠬᠤ ᠳᠤ


ᠪᠡᠯᠡᠳᠭᠡᠵᠤ ᠳᠠᠯᠪᠢᠭᠰᠠᠨ ᠪᠠᠭᠠᠵᠢ ᠤᠳ

ᠭᠠᠷ ᠲᠤ ᠠᠶᠠᠳᠠᠢ᠌ᠬᠠᠨ ᠵᠢᠷᠤᠭᠠᠯᠠᠵᠤ

ᠪᠠᠯ ᠰᠢᠭ ᠠᠮᠢᠳᠤᠷᠠᠯ

ᠪᠠᠰᠠ ᠵᠠᠯᠭᠠᠨ ᠴᠤᠭᠴᠠᠯᠠᠭᠳᠠᠨ᠎ᠠ ᠡ ︕ᠵᠤᠬᠢᠶᠠᠭᠴᠢ ᠶᠢᠨ ᠬᠠᠶ‍ᠢᠭ᠄ ᠲᠦᠰᠢᠶᠠᠳᠤ

ᠵᠤᠬᠢᠶᠠᠭᠴᠢ᠄ ᠣᠷᠭᠢᠯᠤᠮ᠎ᠠ
ᠬᠠᠷᠢᠶ᠎ᠠ᠄ ᠰᠢᠯᠦᠭ
ᠳᠠᠷᠤᠮ᠄ 2109
ᠴᠠᠭ᠄ 2010 ᠤᠨ ᠤ 07 ᠰᠠᠷ᠎ᠠ ᠶᠢᠨ 23