ᠴᠠᠭ ᠬᠤᠪᠢᠷᠠᠯ᠎ᠠ

ᠥᠩᠭᠡᠷᠡᠭᠦ ᠨᠠᠮᠤᠷ ᠤᠨ ᠪᠣᠷᠤᠭᠠᠨ ᠵᠢᠠᠷ

ᠦᠷᠭᠡᠰᠤ ᠪᠠᠭᠠᠬᠠᠨ ᠣᠷᠭᠤᠯ᠎ᠠ

ᠥᠩᠭᠡ ᠥᠩᠭᠡ ᠶᠢᠨ ᠴᠡᠴᠡᠭ᠌ ᠤᠳ

ᠳᠡᠯᠭᠡᠷᠡᠭᠡᠳᠦᠢ ᠪᠠᠷ ᠵᠤᠯᠭᠠᠷᠠᠯ᠎ᠠ

ᠡᠮᠦᠨᠡᠰᠢ ᠨᠡᠭᠦᠭ᠍ᠰᠡᠨ ᠭᠠᠯᠠᠭᠤᠳ

ᠡᠷᠭᠢᠵᠤ ᠭᠠᠩᠭ᠋ᠠᠨᠠᠬᠤ ᠨᠢ ᠬᠠᠰᠤᠭᠳᠠᠯ᠎ᠠ

ᠡᠵᠢ ᠠᠪᠣ ᠵᠢᠨ ᠢᠨᠢᠶᠠᠳᠤᠨ ᠳ᠋ᠤ

ᠤᠢ᠌ᠳᠬᠠᠷ ᠰᠡᠭᠦᠷᠡᠰᠤ ᠬᠤᠯᠢᠭᠳᠠᠯ᠎ᠠ᠃

           ᠴᠠᠭ ᠤᠨ ᠶᠠᠭᠤᠮ᠎ᠠ ᠴᠠᠭ ᠲᠠᠭᠠᠨ

           ᠴᠡᠴᠡᠭ᠌ ᠪᠣᠯᠳᠠᠭ ᠶᠤᠰᠤ ᠲᠡᠶ ᠶᠤᠮ

           ᠴᠠᠭᠠᠨ ᠳᠤᠯᠤᠭᠠᠢ ᠦᠨᠦᠳᠤᠷ

           ᠴᠡᠭᠡᠷ ᠳᠠᠢ ᠪᠣᠯᠤᠭᠰᠠᠨ ᠢ ᠥᠵᠡᠭᠦᠯ᠎ᠡ

           ᠴᠡᠩᠭᠡᠷ ᠳᠡᠭ᠍ᠷᠢ ᠶᠢᠨ ᠣᠯᠠᠷᠢᠯ

           ᠴᠠᠷᠪᠠᠵᠤ ᠥᠩᠭᠡᠷᠡᠭ᠍ᠰᠡᠨ ᠨᠢ ᠦᠨᠡᠨ ᠲᠡᠶ᠃

           ᠴᠡᠯᠡᠭᠡᠷ ᠳᠠᠯ᠎ᠠ ᠶᠢᠨ ᠳᠤᠭᠤᠷᠢᠮ ᠤᠳ

           ᠴᠡᠭᠡᠯ ᠨᠢ ᠰᠢᠷᠭᠢᠭ᠍ᠰᠡᠨ ᠰᠤᠷᠠᠭ ᠲᠡᠶ᠃

ᠨᠢᠭᠤᠷ ᠠᠯᠠᠭ ᠪᠣᠬᠠᠠᠳᠠᠢ

ᠰᠦᠷᠦᠭ᠌ ᠶᠢᠡᠨ ᠭᠤᠯᠤᠭᠠᠤᠨ ᠵᠢᠭᠤᠳᠠᠯ᠎ᠠ

ᠨᠢᠷᠤᠭᠤ ᠠᠯᠠᠭ ᠦᠨᠢᠶᠠᠤᠨ

ᠰᠥ᠋ ᠨᠢ ᠰᠢᠷᠭᠢᠭᠡᠳ ᠰᠤᠪᠠᠢ᠌ᠷᠠᠯ᠎ᠠ

ᠨᠢᠰᠭᠦ ᠮᠥᠯᠭᠦᠭᠦ ᠬᠤᠶᠠᠷ

ᠰᠥᠪᠠᠭᠡ ᠨᠡᠢ᠌ᠯᠡᠭᠡᠳ ᠬᠠᠨᠢᠯᠠᠯ᠎ᠡ

ᠨᠢᠭᠦᠯ ᠪᠣᠶᠠᠨ ᠬᠤᠶᠠᠷ ᠴᠤ

ᠰᠥᠰᠦᠭ᠌ ᠨᠡᠢ᠌ᠯᠡᠭᠡᠳ ᠪᠠᠯᠠᠢ᠌ᠷᠠᠯ᠎ᠠ᠃

          ᠰᠥᠮᠡᠭᠡᠷ ᠬᠤᠯᠠ ᠶᠢᠨ ᠠᠭᠤᠯᠠᠰ

          ᠵᠡᠷᠭᠡᠯᠭᠡᠨ ᠳᠠᠳᠠᠬᠤ ᠪᠠᠨ ᠵᠤᠭᠰᠤᠯ᠎ᠠ

          ᠰᠦᠷᠭᠡᠤ ᠠᠷᠠᠤᠨ ᠤᠨ ᠰᠡᠳᠭᠢᠯ

          ᠬᠠᠤᠯᠢ ᠳᠤᠭᠤᠬᠤ ᠪᠠᠨ ᠪᠣᠯᠢᠯ᠎ᠠ

          ᠰᠦᠨᠢ ᠰᠦᠨᠢ ᠶᠢᠨ ᠵᠡᠭᠦᠳᠤ

          ᠬᠠᠷ᠎ᠠ ᠳᠠᠷᠤᠬᠤ ᠣᠯᠠᠰᠢᠷᠠᠯ᠎ᠠ

          ᠰᠦᠷᠦᠭ᠌ ᠰᠦᠷᠦᠭ᠌ ᠡᠡᠳᠦᠭᠤ

          ᠠᠯᠠᠰᠢᠨ ᠤ ᠭᠠᠵᠠᠷ ᠲᠤ ᠴᠥᠯᠡᠭ᠍ᠳᠡᠯ᠎ᠡ᠃

ᠵᠤᠨ ᠣᠷᠤᠬᠤ ᠦᠭᠡᠶ ᠪᠣᠷᠤᠭᠠᠨ

ᠨᠠᠮᠤᠷ ᠤᠨ ᠰᠡᠭᠦᠯᠴᠢ ᠪᠠᠷ ᠰᠢᠪᠠᠷᠠᠯ᠎ᠠ

ᠵᠢᠭᠤᠳᠠᠵᠤ ᠪᠣᠯᠬᠤ ᠦᠭᠡᠶ ᠠᠬᠤᠢ

ᠨᠠᠮᠢ᠋ᠢ ᠵᠢᠭᠤᠷᠠᠭᠠᠤᠨ ᠭᠦᠮᠦᠷᠢᠯ᠎ᠡ

ᠵᠤᠯ ᠵᠠᠶᠠᠭᠠᠨ ᠤ ᠳᠡᠭ᠍ᠷᠢ

ᠵᠠᠭᠤᠷᠳᠠᠨ ᠬᠠᠶᠠ ᠱᠬᠠᠢ᠌ᠨ᠎ᠠ

ᠵᠢᠷᠤᠯᠭ᠎ᠠ ᠳᠤᠳᠠᠭᠤ ᠰᠢᠯᠦᠭ᠌

ᠵᠠᠮ ᠶᠢᠡᠷ ᠶᠢᠡᠨ ᠬᠠᠶᠠ ᠠᠢ᠌ᠯᠴᠢᠯᠠᠨ᠎ᠠ᠃

                ᠬᠤᠪᠢ ᠬᠤᠪᠢ ᠪᠠᠨ ᠪᠣᠷᠳᠤᠭᠰᠠᠨ

                ᠬᠤᠭᠤᠰᠤᠨ ᠰᠦᠷ ᠲᠡᠶ ᠣᠯᠠᠷᠢᠯ

                ᠬᠤᠪᠢᠷᠠᠳᠠᠭ ᠪᠣᠯ ᠦᠦ ᠶᠠᠭᠠᠭᠢᠳᠠᠭ ᠶᠤᠮ

                ᠦᠨᠳᠦᠷ ᠵᠢᠩᠳᠠᠭᠠᠨ ᠭᠦᠮᠦᠰ ᠭᠡᠭ᠍ᠴᠢ

                ᠦᠪᠡᠷ ᠦᠪᠡᠷ ᠲᠡᠭᠡᠨ ᠰᠥᠯᠪᠠᠭᠡᠯᠳᠡᠨ

                ᠥᠭᠡᠢ ᠪᠠᠶᠠᠨ ᠤ ᠵᠦᠷᠢᠶ᠎ᠠ

                ᠭᠠᠵᠠᠷ ᠠᠪᠣᠭᠰᠠᠨ ᠡᠨᠡ ᠴᠠᠭ ᠡ ︕


ᠵᠤᠬᠢᠶᠠᠭᠴᠢ ᠶᠢᠨ ᠬᠠ‍‌ᠶᠢᠭ ᠄ ᠵᠢᠭᠠᠬᠤ ᠶᠢ ᠰᠤᠳᠤᠯᠬᠤ ᠳᠠᠰᠤᠭ

ᠵᠤᠬᠢᠶᠠᠭᠴᠢ᠄ ᠦ᠊·ᠠᠯᠳᠠᠠᠪᠣᠯᠠᠭ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1620
ᠴᠠᠭ᠄ 2012 ᠤᠨ ᠤ 04 ᠰᠠᠷ᠎ᠠ ᠶᠢᠨ 19
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ