ᠰᠠᠷᠠᠨ ᠤ ᠨᠢᠯᠪᠣᠰᠤ

       ᠴᠢᠮ᠎ᠠ ᠶᠢ ᠦᠭᠡᠶ ᠡᠳᠦᠷ ᠤᠳ ᠳᠤ


ᠴᠢᠮ᠎ᠠ ᠶᠢ ᠦᠭᠡᠶ ᠡᠳᠦᠷ ᠤᠳ ᠳᠤ

ᠳᠠᠪᠠᠭ ᠲᠡᠶ ᠬᠤᠭᠤᠯᠠ ᠠᠮᠳᠠ ᠪᠠᠷ ᠭᠦᠭ᠌ ᠲᠡᠶ ᠰᠢᠭ᠌

ᠳᠠᠩᠬᠤ ᠲᠡᠶ ᠴᠠᠢ ᠠᠭᠠᠭ ᠶᠢᠡᠷ ᠪᠠᠷᠤᠭᠳᠠᠢ ᠰᠢᠭ

ᠳᠠᠩᠰᠤᠭ ᠨᠠᠢ᠌ᠷ ᠳᠠᠭᠤᠤ ᠪᠠᠷ ᠳᠤᠳᠠᠬᠤ ᠰᠢᠭ

ᠳᠠᠪᠤᠨ ᠴᠤᠯᠤ ᠡᠮᠭᠡᠭ᠌ ᠶᠢᠡᠷ ᠳᠦᠭᠦᠷᠡᠭᠦ ᠰᠢᠭ᠌

ᠴᠢᠮ᠎ᠠ ᠶᠢ ᠦᠭᠡᠶ ᠡᠳᠦᠷ ᠤᠳ ᠳᠤ

ᠨᠠᠷᠠ ᠰᠠᠷᠠᠨ ᠭᠡᠷᠡᠯ ᠶᠢᠡᠷ ᠪᠦᠳᠡᠭᠢ ᠰᠢᠭ᠌

ᠨᠠᠪᠴᠢ ᠴᠡᠴᠡᠭ᠌ ᠥᠩᠭᠡ ᠶᠢᠡᠷ ᠪᠠᠭᠤᠷᠠᠬᠤ ᠰᠢᠭ

ᠨᠠᠢ᠌ᠷᠠᠭ ᠤᠨ ᠮᠦᠷ ᠤᠳ ᠣᠶᠠᠷᠠᠯ ᠳᠤ ᠭᠦᠪᠭᠦ ᠰᠢᠭ᠌

ᠨᠢᠩᠵᠢᠨ ᠬᠠᠢ᠌ᠷ᠎ᠠ ᠮᠦᠷᠦᠭᠡᠳᠦᠯ ᠳᠤ ᠵᠢᠪᠭᠦ ᠰᠢᠭ᠌


          ᠬᠤᠶᠠᠭᠤᠯᠠ ᠨᠢᠭᠡ ᠠᠷᠢᠭᠢ ᠣᠤᠭᠤᠵᠤ ᠰᠠᠭᠤᠬᠤ ᠰᠠᠨ


ᠬᠤᠶᠠᠭᠤᠯᠠ ᠨᠢᠭᠡ ᠠᠷᠢᠭᠢ ᠣᠤᠭᠤᠵᠤ ᠰᠠᠭᠤᠬᠤ ᠰᠠᠨ

ᠬᠠᠷᠠᠴᠠ ᠬᠠᠷᠠᠴᠠ ᠪᠠᠨ ᠳᠤᠨᠤᠷᠠᠳᠠᠯ᠎ᠠ ᠰᠢᠷᠳᠠᠯᠴᠠᠨ

ᠭᠡᠯᠡᠵᠤ ᠠᠮᠵᠢᠭ᠎ᠠ ᠦᠭᠡᠶ ᠳᠠᠷᠠ ᠣᠯᠠᠨ ᠥᠭᠡ ᠪᠠᠨ

ᠭᠡᠨ ᠠᠯᠢᠨ ᠡᠴᠠ ᠪᠠᠨ ᠨᠢᠭᠤᠯ ᠥᠭᠡᠢ

ᠬᠠᠨᠢᠶᠠᠳᠤ ᠢᠨᠢᠶᠠᠳᠤ ᠲᠡᠶ ᠪᠠᠨ ᠬᠠᠮᠳᠤ ᠳ᠋ᠤᠨᠢ ᠬᠤᠠᠳᠠᠭᠠᠯᠠᠵᠤ

ᠬᠠᠰᠢᠵᠤ ᠳᠠᠢ᠌ᠯᠤᠰᠢ ᠦᠭᠡᠶ ᠨᠤᠴᠤᠮ᠎ᠠ ᠬᠠᠢ᠌ᠷ᠎ᠠ ᠪᠠᠨ

ᠭᠡᠨ ᠭᠦᠮᠤᠨ ᠲᠡᠶ ᠬᠤᠪᠢᠶᠠᠯᠴᠠᠯ ᠥᠭᠡᠢ

ᠭᠦᠰᠡᠯ ᠮᠦᠷᠦᠭᠡᠳᠦᠯ ᠲᠡᠶ ᠴᠤᠭ ᠲᠤ ᠨᠢ ᠬᠤᠠᠳᠠᠭᠠᠯᠠᠵᠤ

ᠬᠠᠷᠠᠴᠠ ᠬᠠᠷᠠᠴᠠ ᠶᠢᠨ ᠬᠠᠯᠠᠭᠤᠨ ᠭᠠᠯ ᠳᠤ ᠳᠦᠭᠡᠨᠡᠭ᠍ᠳᠡᠵᠤ

ᠬᠤᠶᠠᠭᠤᠯᠠ ᠪᠠᠨ ᠨᠢᠭᠡ ᠠᠷᠢᠭᠢ ᠣᠤᠭᠤᠵᠤ ᠰᠠᠭᠤᠬᠤ ᠰᠠᠨ


          ᠰᠠᠷᠠᠨ ᠤ ᠨᠢᠯᠪᠣᠰᠤ


ᠭᠡᠭᠡᠪᠴᠢ ᠶᠢᠨ ᠲᠦᠰᠢᠶ᠎ᠠ

ᠰᠠᠷᠠ ᠰᠠᠭᠤᠴᠢᠬᠠᠭᠠᠤᠨ

ᠰᠦᠨᠢᠵᠢᠨ ᠳᠠᠭᠤᠯᠠᠨ᠎ᠠ

ᠰᠠᠷᠠᠨ ᠤ ᠳᠤᠳᠤᠷ᠎ᠠ

ᠴᠢ ᠮᠢᠨᠢ ᠮᠢᠰᠢᠶᠡᠴᠢᠭᠡᠳ

ᠰᠦᠨᠢᠵᠢᠨ ᠨᠣᠢ᠌ᠷ ᠬᠤᠯᠵᠢᠭᠤᠯᠠᠨ᠎ᠠ ᠁

ᠰᠡᠷᠢᠭᠦᠨ ᠦᠣᠷ ᠶᠢᠡᠷ ᠪᠣᠰᠴᠤ

ᠴᠤᠩᠬᠤᠨ ᠣᠷᠭᠢᠭᠤᠯ ᠢ ᠳᠠᠳᠠᠪᠠᠯ

ᠰᠠᠯᠠᠭ᠎ᠠ ᠳᠦᠭᠦᠷᠡᠩ

ᠰᠠᠷᠠᠨ ᠤ ᠨᠢᠯᠪᠤᠰᠤ ᠮᠡᠯᠳᠡᠭᠡᠨᠡᠨ᠎ᠡ

ᠮᠡᠯᠳᠡᠭᠡᠨᠡᠭ᠍ᠰᠡᠨ ᠳᠠᠷᠠ ᠨᠢᠯᠪᠣᠰᠤᠨ ᠳ᠋ᠤ

ᠮᠢᠨᠤ ᠰᠢᠯᠦᠭ᠌ ᠨᠣᠢ᠌ᠳᠠᠨ ᠣᠷᠭᠤᠨ᠎ᠠ ᠁


      ᠴᠢ ᠶᠤᠮᠰᠢᠭ ᠯᠠ ᠬᠠᠷᠠᠭᠳᠠᠨ᠎ᠠ


ᠰᠦᠨᠢ ᠪᠠᠷ ᠰᠢᠪᠠᠷᠡᠭᠦ

ᠪᠣᠷᠤᠭᠠᠨ ᠤ ᠳᠤᠰᠤᠯ

ᠴᠢᠨᠤ ᠨᠢᠯᠪᠣᠰᠤ ᠰᠢᠭ᠌

ᠱᠤᠷᠪᠤᠭ ᠠᠮᠳᠠᠯᠠᠭᠳᠠᠨ᠎ᠠ

ᠰᠡᠭᠡᠢ᠌ᠯᠡᠨ ᠥᠩᠭᠡᠷᠡᠭᠦ

ᠰᠠᠯᠭᠢᠨ ᠤ ᠢᠯᠪᠢᠯᠳᠠ

ᠴᠢᠨᠤ ᠦᠨᠦᠰᠤᠯᠳᠠ ᠰᠢᠭ᠌

ᠰᠡᠳᠭᠢᠯ ᠳᠤᠭᠳᠤᠯᠠᠭᠤᠯᠤᠨ᠎ᠠ ᠁

ᠰᠢᠭᠦᠳᠡᠷᠢ ᠡᠮᠭᠦᠨ

ᠳᠤᠭᠢᠯᠵᠠᠨ ᠭᠠᠩᠬᠤᠭ᠎ᠠ

ᠳᠠᠷᠠ ᠨᠢᠭᠡ ᠴᠡᠴᠡᠭ᠌

ᠰᠠᠷᠠᠯ ᠬᠠᠷᠠᠭᠠᠨ ᠳᠤ ᠮᠨᠢ

ᠳᠠ ᠶᠤᠮᠰᠢᠭ ᠯᠠ ᠬᠠᠷᠠᠭᠳᠠᠨ᠎ᠠ ᠁


ᠵᠤᠬᠢᠶᠠᠭᠴᠢ ᠶᠢᠨ ᠬᠠ‍‌ᠶᠢᠭ ᠄ ᠪᠠᠶᠠᠠᠬᠤᠰᠢᠭᠤ ᠵᠢᠷᠭᠤᠳᠤᠭᠠᠷ ᠳᠤᠮᠳᠠᠳᠤ ᠰᠤᠷᠭᠠᠭᠤᠯᠢ

ᠵᠤᠬᠢᠶᠠᠭᠴᠢ᠄ ᠭᠢᠶᠠᠨ ᠠᠵᠢᠨᠠᠢ
ᠬᠠᠷᠢᠶ᠎ᠠ᠄ ᠰᠢᠯᠦᠭ
ᠳᠠᠷᠤᠮ᠄ 1864
ᠴᠠᠭ᠄ 2012 ᠤᠨ ᠤ 05 ᠰᠠᠷ᠎ᠠ ᠶᠢᠨ 25