ᠳᠡᠭᠡᠳᠤ ᠮᠤᠩᠭ᠋ᠤᠯ ᠤᠨ ᠳᠤᠮᠤᠭ ᠶᠠᠷᠢᠶ᠎ᠠ ᠶᠢᠨ ᠳᠦᠷᠤᠯ ᠵᠣᠢ᠌ᠯ ᠭᠢᠭᠡᠳ ᠳᠡᠭᠦᠨ ᠤ ᠣᠠᠴᠠᠯᠢᠭ ᠰᠢᠠᠵᠢ ᠶᠢᠨ ᠳᠤᠬᠠᠢ

[ ᠠᠭᠤᠯᠭ᠎ᠠ ᠶᠢᠨ ᠳᠤᠪᠴᠢ ] ᠳᠤᠰ ᠥᠭᠦᠯᠡᠯ ᠳᠤ ᠳᠡᠭᠡᠳᠤ ᠮᠤᠩᠭ᠋ᠤᠯ ᠤᠨ ᠳᠤᠮᠤᠭ ᠶᠠᠷᠢᠶ᠎ᠠ ᠶᠢᠨ ᠳᠦᠷᠤᠯ ᠵᠣᠢ᠌ᠯ ᠭᠢᠭᠡᠳ ᠳᠡᠭᠦᠨ ᠤ ᠣᠠᠴᠠᠯᠢᠭ ᠰᠢᠠᠵᠢ ᠶᠢᠨ ᠳᠤᠬᠠᠢ ᠳᠦᠭᠦᠮ ᠳᠠᠨᠢᠯᠴᠠᠭᠤᠯᠤᠭᠰᠠᠨ ᠪᠦᠭᠡᠳ ᠳᠡᠭᠡᠳᠤ ᠮᠤᠩᠭ᠋ᠤᠯ ᠤᠨ ᠳᠤᠮᠤᠭ ᠶᠠᠷᠢᠶ᠎ᠠ ᠨᠢ ᠦᠪᠡᠷ ᠤᠨ ᠣᠷᠤᠨ ᠨᠤᠳᠤᠭ ᠤᠨ ᠣᠠᠴᠠᠯᠢᠭ ᠰᠢᠠᠵᠢ ᠪᠠᠨ ᠪᠦᠷᠢᠨ ᠭᠦᠢᠴᠡᠳ ᠬᠠᠳᠠᠭᠠᠯᠠᠵᠤ ᠪᠠᠢ᠌ᠳᠠᠭ ᠭᠡᠰᠡᠨ ᠦᠵᠡᠯᠳᠠ ᠶᠢ ᠳᠡᠪᠰᠢᠭᠦᠯᠵᠡᠢ᠃

[ ᠵᠠᠩᠭᠢᠯᠭ᠎ᠠ ᠶᠢᠨ ᠥᠭᠡ ] ᠲ᠋ᠡᠭᠡᠳᠤ ᠮᠤᠩᠭ᠋ᠤᠯ   ᠲ᠋ᠤᠮᠤᠭ ᠶᠠᠷᠢᠶ᠎ᠠ  ᠳᠦᠷᠤᠯ ᠵᠣᠢ᠌ᠯ   ᠣᠠᠴᠠᠯᠢᠭ ᠰᠢᠠᠵᠢ

ᠲ᠋ᠡᠭᠡᠳᠤ ᠮᠤᠩᠭ᠋ᠤᠯ ᠪᠣᠯ ᠠᠷᠠᠤᠨ ᠤᠨ ᠠᠮᠠᠨ ᠰᠤᠶᠤᠯ ᠤᠨ ᠦᠪ ᠶᠢᠡᠷ ᠡᠯᠪᠠᠭ᠌ ᠣᠭᠰᠠᠭᠠᠳᠠᠨ ᠤ ᠨᠢᠭᠡ ᠨᠢ ᠪᠠᠢ᠌ᠵᠠᠢ᠃ ᠳᠡᠭᠡᠳᠤ ᠮᠤᠩᠭ᠋ᠤᠯ ᠤᠨ ᠥᠰᠦᠭ᠌ ᠪᠢᠴᠢᠭ᠌ ᠲᠤ ᠳᠡᠮᠳᠡᠭᠯᠡᠭ᠍ᠳᠡᠭ᠍ᠰᠡᠨ ᠬᠠᠮᠤᠭ ᠠᠩᠬᠠᠨ ᠤ ᠳᠤᠮᠤᠭ ᠶᠠᠷᠢᠶ᠎ᠠ ᠭᠡᠪᠠᠯ ᠰᠦᠮᠪᠠ ᠬᠠᠮᠪᠣ ᠢᠰᠢᠪᠠᠯᠵᠤᠤᠷ ᠤᠨ ᠪᠢᠴᠢᠭ᠍ᠰᠡᠨ 《ᠬᠦᠬᠡ‍ᠨᠠᠭᠤᠷ ᠤᠨ ᠳᠡᠦᠭᠡ᠂ ᠡᠰᠡᠷᠸ᠎ᠡ ᠶᠢᠨ ᠰᠢᠨ᠎ᠠ ᠢᠷᠠᠭᠤ ᠳᠠᠭᠤᠯᠠᠯ》 ᠳ᠋ᠠᠭᠢ 《ᠭᠦᠭᠡ ᠨᠠᠭᠤᠷ ᠤᠨ ᠳᠤᠮᠤᠭ》 ᠪᠣᠯᠤᠯᠳᠠᠢ᠃ ᠳᠠᠷᠠ ᠨᠢ ᠶᠠᠭ ᠭᠠᠵᠠᠷ ᠣᠰᠤᠨ ᠤ ᠨᠠᠷ᠎ᠠ ᠶᠢᠨ ᠳᠤᠮᠤᠭ ᠪᠣᠯᠤᠨ᠎ᠠ᠃

ᠲ᠋ᠡᠭᠡᠳᠤ ᠮᠤᠩᠭ᠋ᠤᠯ ᠤᠨ ᠠᠷᠠᠤᠨ ᠤᠨ ᠠᠮᠠᠨ ᠵᠤᠬᠢᠶᠠᠯ ᠤᠨ ᠴᠤᠭᠯᠠᠭᠤᠯᠭ᠎ᠠ ᠶᠢᠨ ᠠᠵᠢᠯ ᠨᠢ ᠦᠨᠡᠨ ᠳᠡᠭᠡᠨ 20 ᠳ᠋ᠤᠭᠠᠷ ᠵᠠᠭᠤᠨ ᠤ 70 ᠊ᠭᠠᠤᠨ ᠣᠨ ᠤ ᠰᠡᠭᠦᠯᠴᠢ ᠪᠠ 80 ᠊ᠭᠠᠤᠨ ᠣᠨ ᠤ ᠡᠭᠢᠨ ᠤ ᠦᠶ᠎ᠡ ᠪᠠᠷ ᠰᠠ‍‌ᠶᠢ ᠡᠭᠢᠯᠡᠵᠡᠢ᠃ ᠳᠡᠭᠡᠳᠤ ᠮᠤᠩᠭ᠋ᠤᠯ ᠤᠨ ᠠᠷᠠᠤᠨ ᠤᠨ ᠠᠮᠠᠨ ᠵᠤᠬᠢᠶᠠᠯ ᠤᠨ ᠦᠪ ᠭᠦᠷᠦᠩᠭᠡ ᠶᠢ ᠴᠤᠭᠯᠠᠭᠤᠯᠤᠨ ᠡᠮᠭᠢᠳᠭᠡᠭᠦ ᠠᠵᠢᠯ ᠢ ᠳᠠᠭᠠᠯᠳᠤᠨ᠂ ᠳᠡᠭᠡᠳᠤ ᠮᠤᠩᠭ᠋ᠤᠯ ᠤᠨ ᠳᠤᠮᠤᠭ ᠶᠠᠷᠢᠶ᠎ᠠ ᠶᠢ ᠴᠤ ᠴᠤᠭᠯᠠᠭᠤᠯᠤᠨ ᠡᠮᠭᠢᠳᠭᠡᠭᠦ ᠠᠵᠢᠯ ᠢ ᠠᠩᠬᠠᠷᠤᠯ ᠳᠠᠭᠠᠨ ᠠᠪᠴᠤ ᠴᠤᠭᠯᠠᠭᠤᠯᠵᠤ ᠡᠮᠭᠢᠳᠭᠡᠭ᠍ᠰᠡᠨ ᠳᠤᠮᠤᠭ ᠶᠠᠷᠢᠶ᠎ᠠ ᠨᠤᠭᠤᠳ ᠶᠢᠡᠨ ᠡᠯ᠎ᠡ ᠰᠤᠨᠢᠨ ᠰᠡᠳᠭᠦᠯ ᠪᠣᠶᠤ ᠠᠮᠠᠨ ᠵᠤᠬᠢᠶᠠᠯ ᠤᠨ ᠡᠮᠭᠢᠳᠭᠡᠯ ᠳᠡᠭᠦᠪᠦᠷᠢ ᠳᠤ ᠨᠡᠢ᠌ᠳᠡᠯᠡᠭᠦᠯᠵᠤ ᠪᠠᠢ᠌ᠪᠠ᠃ ᠡᠭᠦᠨ ᠳᠤ ᠱ·ᠳ᠋ᠦᠪᠴᠢᠨ ᠤ ᠴᠤᠭᠯᠠᠭᠤᠯᠤᠨ ᠡᠮᠭᠢᠳᠭᠡᠭ᠍ᠰᠡᠨ 《ᠰᠦᠪᠧᠢ ᠶᠢᠨ ᠮᠤᠩᠭ᠋ᠤᠯ ᠦᠨᠳᠦᠰᠦᠳᠠᠨ ᠤ ᠠᠷᠠᠤᠨ ᠤᠨ ᠠᠮᠠᠨ ᠵᠤᠬᠢᠶᠠᠯ ᠤᠨ ᠳᠡᠭᠦᠪᠦᠷᠢ》 ᠭᠡᠭᠦ ᠳᠤᠰᠤᠨ ᠪᠠᠷ ᠤᠨ ᠡᠮᠭᠢᠳᠭᠡᠯ ᠢ ᠳᠤᠷᠠᠳᠬᠤ ᠶᠤᠰᠤᠳᠠᠢ᠃ ᠳᠠᠷᠠ ᠳᠤᠰ ᠳᠡᠭᠦᠪᠦᠷᠢ ᠵᠢ 1981 ᠣᠨ ᠤ 6 ᠰᠠᠷ᠎ᠠ ᠶᠢᠨ 20 ᠊ᠤ ᠡᠳᠦᠷ ᠰᠦᠪᠧᠢ ᠰᠢᠶᠠᠨ ᠤ ᠳ᠋ᠠᠩ ᠴᠸᠩ ᠸᠠᠨ ᠪᠠᠯᠭᠠᠰᠤᠨ ᠳᠤ ᠳᠤᠰᠤᠨ ᠪᠠᠷ ᠶᠢᠡᠷ ᠳᠠᠷᠤᠮᠠᠯᠠᠨ ᠭᠡᠪᠯᠡᠵᠡᠢ᠃ ᠡᠭᠦᠨ ᠡᠴᠡ ᠡᠮᠦᠨ᠎ᠡ ᠣᠤᠯ ᠤᠨ ᠬᠦᠬᠡ‍ᠨᠠᠭᠤᠷ ᠤᠨ ᠦᠨᠳᠦᠰᠦᠳᠠᠨ ᠤ ᠳᠡᠭᠡᠳᠤ ᠰᠤᠷᠭᠠᠭᠤᠯᠢ ᠶᠢᠨ ᠮᠤᠩᠭ᠋ᠤᠯ ᠭᠡᠯᠡ ᠣᠤᠠᠬ᠎ᠠ ᠵᠤᠬᠢᠶᠠᠯ ᠤᠨ ᠳᠤᠰᠬᠠᠢ ᠮᠡᠷᠭᠡᠵᠢᠯ ᠤᠨ ᠪᠠᠭᠰᠢ ᠪᠠᠢ᠌ᠭᠰᠠᠨ ᠪ᠊·ᠣᠶᠤᠠᠪᠢᠯᠢᠭ᠍ᠳᠦ ᠶᠢᠨ ᠴᠤᠭᠯᠠᠭᠤᠯᠤᠨ ᠡᠮᠭᠢᠳᠭᠡᠭ᠍ᠰᠡᠨ 《ᠬᠦᠬᠡ‍ᠨᠠᠭᠤᠷ ᠮᠤᠩᠭ᠋ᠤᠯ ᠤᠨ ᠠᠷᠠᠤᠨ ᠤᠨ ᠠᠮᠠᠨ ᠵᠤᠬᠢᠶᠠᠯ》 (ᠳᠡᠭᠡᠳᠤ᠂ ᠳᠤᠤᠷᠠᠳᠤ) ᠭᠡᠭᠦ ᠬᠤᠶᠠᠷ ᠳᠤᠰᠤᠨ ᠪᠠᠷ ᠤᠨ ᠡᠮᠭᠢᠳᠭᠡᠯ ᠢ ᠳᠠᠷᠤᠮᠠᠯᠠᠨ ᠭᠡᠪᠯᠡᠵᠤ ᠪᠠᠢ᠌ᠭᠰᠠᠨ ᠮᠡᠳᠡᠭᠡ ᠵᠠᠩᠭᠢ ᠪᠠᠢ᠌ᠳᠠᠭ ᠪᠣᠯᠪᠠᠴᠤ ᠣᠳᠤ ᠪᠣᠯᠳᠠᠯ᠎ᠠ ᠪᠢᠳᠠᠨ ᠤ ᠭᠠᠷ ᠲᠤ ᠣᠯᠳᠠᠭᠠᠳᠤᠢ ᠪᠠᠢ᠌ᠭᠰᠠᠭᠠᠷ᠃ 1982 ᠣᠨ ᠤ ᠵᠤᠨ ᠦᠪᠣᠷ ᠮᠤᠩᠭ᠋ᠤᠯ ᠤᠨ ᠨᠡᠢ᠌ᠭᠡᠮ ᠤᠨ ᠰᠢᠡᠵᠢᠯᠡᠭᠦ ᠣᠬᠠᠭᠠᠨ ᠤ ᠭᠦᠷᠢᠶᠡᠯᠡᠩ ᠤᠨ ᠣᠤᠠᠬ᠎ᠠ ᠵᠤᠬᠢᠶᠠᠯ ᠰᠤᠳᠤᠯᠬᠤ ᠭᠠᠵᠠᠷ ᠤᠨ ᠰᠤᠳᠤᠯᠭᠠᠳᠠᠨ ᠳᠦᠷᠦᠭ᠍ᠭ᠎ᠠ᠂ ᠳᠤᠮᠳᠠᠳᠤ ᠣᠯᠤᠰ ᠤᠨ ᠨᠡᠢ᠌ᠭᠡᠮ ᠤᠨ ᠰᠢᠡᠵᠢᠯᠡᠭᠦ ᠣᠬᠠᠭᠠᠨ ᠤ ᠭᠦᠷᠢᠶᠡᠯᠡᠩ ᠤᠨ ᠴᠥᠭᠡᠨ ᠳᠤᠭᠠᠳᠤ ᠦᠨᠳᠦᠰᠦᠳᠠᠨ ᠤ ᠣᠤᠠᠬ᠎ᠠ ᠵᠤᠬᠢᠶᠠᠯ ᠰᠤᠳᠤᠯᠬᠤ ᠭᠠᠵᠠᠷ ᠤᠨ ᠰᠤᠳᠤᠯᠭᠠᠳᠠᠨ ᠡᠡᠩᠴᠢᠨᠬᠦ᠋ᠤ ᠬᠤᠶᠠᠷ ᠪᠠᠭᠰᠢ ᠬᠠᠢ᠌ᠰᠢ ᠳᠤ ᠢᠷᠠᠵᠤ 《ᠭᠡᠰᠡᠷ》 ᠊ᠢ ᠴᠤᠭᠯᠠᠭᠤᠯᠤᠨ ᠡᠮᠭᠢᠳᠭᠡᠭᠦ ᠠᠵᠢᠯ ᠭᠢᠵᠤ᠂ ᠭᠡᠰᠡᠷ ᠤᠨ ᠥᠯᠢᠭᠡᠷ ᠶ‍ᠢᠰᠤᠨ ᠪᠦᠯᠦᠭ᠌᠂ ᠭᠡᠰᠡᠷ ᠲᠡᠶ ᠬᠤᠯᠪᠣᠭᠳᠠᠭᠰᠠᠨ ᠨᠤᠳᠤᠭ ᠣᠰᠤᠨ ᠤ ᠳᠤᠮᠤᠭ ᠬᠤᠷᠢᠭᠠᠤᠨ ᠬᠤᠪᠢ ᠶᠢ ᠰᠤᠷᠢᠠᠵᠢᠨ ᠪᠦᠰᠡ ᠳᠤ ᠰᠢᠩᠭᠡᠭᠡᠨ ᠠᠪᠣᠭᠰᠠᠨ ᠪᠦᠭᠡᠳ ᠬᠠᠢ᠌ᠰᠢ ᠶᠢᠨ ᠴᠦᠷᠵᠢᠮ᠂ ᠴᠥᠢᠰᠦ᠋ᠷᠦᠭ᠌ ᠵᠡᠷᠭᠡ ᠭᠦᠮᠦᠰ ᠪᠠᠭᠤᠯᠭᠠᠵᠤ ᠥᠭ᠍ᠴᠡᠢ᠃ ᠢᠩᠭᠢᠭᠡᠳ 1984 ᠣᠨ ᠳᠤ ᠳᠦᠷᠦᠭ᠍ᠭ᠎ᠠ᠂ ᠡᠡᠩᠴᠢᠨᠬᠦ᠋ᠤ ᠶᠢᠨ ᠴᠤᠭᠯᠠᠭᠤᠯᠤᠨ ᠡᠮᠭᠢᠳᠭᠡᠭ᠍ᠰᠡᠨ 《ᠬᠦᠬᠡ‍ᠨᠠᠭᠤᠷ ᠤᠨ ᠭᠡᠰᠡᠷ ᠤᠨ ᠳᠤᠭᠤᠵᠢ ᠶᠢᠨ ᠳᠤᠬᠠᠢ ᠳᠤᠮᠤᠭ ᠶᠠᠷᠢᠶ᠎ᠠ》 (23 ᠳᠤᠮᠤᠭ ᠶᠠᠷᠢᠶ᠎ᠠ) ᠭᠡᠭᠦ ᠳᠡᠭᠦᠪᠦᠷᠢ ᠭᠡᠪᠯᠡᠭ᠍ᠳᠡᠵᠡᠢ᠃ ᠡᠨᠡ ᠨᠢ ᠪᠠᠷᠤᠭ ᠳᠡᠭᠡᠳᠤ ᠮᠤᠩᠭ᠋ᠤᠯ ᠤᠨ ᠭᠡᠰᠡᠷ ᠤᠨ ᠳᠤᠭᠤᠵᠢ ᠶᠢᠨ ᠳᠤᠬᠠᠢ ᠳᠤᠮᠤᠭ ᠶᠠᠷᠢᠶ᠎ᠠ ᠶᠢᠨ ᠬᠠᠮᠤᠭ ᠠᠩᠬᠠᠨ ᠤ ᠡᠮᠭᠢᠳᠭᠡᠯ ᠪᠣᠯᠤᠯᠳᠠᠢ᠃ ᠡᠭᠦᠨ ᠡᠴᠡ ᠭᠠᠳᠠᠨ᠎ᠠ ᠷᠠᠰᠢ᠂ ᠱ·ᠳ᠋ᠦᠪᠴᠢᠨ ᠤ ᠡᠮᠭᠢᠳᠭᠡᠭ᠍ᠰᠡᠨ 《ᠰᠦᠪᠧᠢ ᠶᠢᠨ ᠮᠤᠩᠭ᠋ᠤᠯ ᠠᠮᠠᠨ ᠵᠤᠬᠢᠶᠠᠯ ᠤᠨ ᠥᠯᠢᠭᠡᠷ》᠂ ᠬᠠᠢ᠌ᠰᠢ ᠵᠸᠤ ᠶᠢᠨ ᠰᠤᠶᠤᠯ ᠤᠨ ᠳᠤᠪᠴᠢᠶ᠎ᠠ᠂ ᠦᠨᠳᠦᠰᠦᠳᠠᠨ ᠤ ᠭᠡᠯᠡ ᠪᠢᠴᠢᠭ᠌ ᠤᠨ ᠠᠯᠪᠠᠨ ᠭᠡᠷ ᠡᠴᠡ ᠭᠡᠪᠯᠡᠭᠦᠯᠦᠭ᠍ᠰᠡ 《ᠳᠡᠭᠡᠳᠤ ᠮᠤᠩᠭ᠋ᠤᠯ ᠤᠨ ᠠᠷᠠᠤᠨ ᠤᠨ ᠠᠮᠠᠨ ᠵᠤᠬᠢᠶᠠᠯ ᠤᠨ ᠳᠡᠭᠡᠵᠢ ᠪᠢᠴᠢᠭ᠌》 (ᠳᠤᠳᠤᠭᠠᠳᠤ ᠭᠡᠪᠯᠡᠯ᠂ 3 ᠳᠠᠪᠳᠠᠷ)᠂ ᠴᠡᠪᠰᠢᠭ᠌᠂ ᠰᠡᠷᠡᠡᠭᠡᠷᠡᠯ ᠤᠨ ᠡᠮᠭᠢᠳᠭᠡᠭ᠍ᠰᠡᠨ 《ᠳᠡᠭᠡᠳᠤ ᠮᠤᠩᠭ᠋ᠤᠯ ᠤᠨ ᠥᠯᠢᠭᠡᠷ ᠳᠤᠮᠤᠭ》 ᠵᠡᠷᠭᠡ ᠳᠡᠭᠦᠪᠦᠷᠢ ᠳᠤ ᠠᠷᠪᠠᠭᠠᠤᠨ ᠳᠤᠮᠤᠭ ᠶᠠᠷᠢᠶ᠎ᠠ ᠡᠮᠭᠢᠳᠭᠡᠭ᠍ᠳᠡᠨ ᠣᠷᠤᠵᠠᠢ᠃

ᠬᠠᠢ᠌ᠰᠢ ᠵᠸᠤ ᠶᠢᠨ ᠣᠯᠠᠨ ᠲᠦᠮᠡᠨ ᠤ ᠣᠷᠠᠯᠢᠭ ᠤᠨ ᠣᠷᠳᠤᠨ ᠤ ᠠᠵᠢᠯᠳᠠᠨ ᠣᠶᠤᠠᠪᠢᠯᠢᠭ᠌᠂ ᠶᠤᠵᠢᠨ ᠨᠡᠷ ᠤᠨ ᠡᠮᠭᠢᠳᠭᠡᠨ ᠨᠠᠢ᠌ᠷᠠᠭᠤᠯᠵᠤ ᠭᠢᠳᠠᠳᠴᠢᠯᠠᠭᠰᠠᠨ 《ᠬᠠᠢ᠌ᠰᠢ ᠶᠢᠨ ᠠᠷᠠᠤᠨ ᠤᠨ ᠠᠮᠠᠨ ᠥᠯᠢᠭᠡᠷ》 (ᠳᠤᠳᠤᠭᠠᠳᠤ ᠭᠡᠪᠯᠡᠯ᠂ ᠭᠢᠳᠡᠳ᠂ 1990 ᠣᠨ ᠤ 7 ᠰᠠᠷ᠎ᠠ) ᠭᠡᠭᠦ ᠳᠡᠭᠦᠪᠦᠷᠢ ᠶᠢ ᠣᠠᠴᠠᠭᠠᠢ᠌ᠯᠠᠨ ᠳᠤᠷᠠᠳᠬᠤ ᠶᠤᠰᠤᠳᠠᠢ᠃ ᠳᠤᠰ ᠳᠡᠭᠦᠪᠦᠷᠢ ᠶᠢᠨ ᠠᠮᠵᠢᠯᠳᠠ ᠲᠡᠶ ᠳᠠᠯ᠎ᠠ ᠭᠡᠪᠠᠯ ᠳᠡᠭᠡᠳᠤ ᠮᠤᠩᠭ᠋ᠤᠯ ᠤᠨ ᠳᠤᠮᠤᠭ ᠶᠠᠷᠢᠶ᠎ᠠ ᠨᠤᠭᠤᠳ ᠢ ᠠᠩᠬ᠎ᠠ ᠣᠳᠠᠭ᠎ᠠ ᠳᠦᠷᠤᠯ ᠵᠣᠢ᠌ᠯ ᠬᠤᠪᠢᠶᠠᠵᠤ ᠳᠠᠨᠢᠯᠴᠠᠭᠤᠯᠤᠭᠰᠠᠨ ᠳᠤ ᠣᠷᠤᠰᠢᠨ᠎ᠠ᠃

ᠯ·ᠥᠰᠦᠷᠦᠩᠭᠦᠢ ᠶᠢᠨ ᠡᠮᠭᠢᠳᠭᠡᠨ ᠨᠠᠢ᠌ᠷᠠᠭᠤᠯᠤᠭᠰᠠᠨ 《ᠬᠦᠬᠡ‍ᠨᠠᠭᠤᠷ ᠮᠤᠩᠭ᠋ᠤᠯ ᠭᠡᠰᠡᠷ ᠤᠨ ᠥᠯᠢᠭᠡᠷ ᠳᠤᠮᠤᠭ》 (2003 ᠣᠨ ᠤ 6 ᠰᠠᠷ᠎ᠠ) ᠭᠡᠭᠦ ᠳᠡᠭᠦᠪᠦᠷᠢ ᠳᠤ ᠨᠠᠢ᠌ᠳᠠ 90 ᠭᠠᠷᠤᠢ ᠳᠤᠮᠤᠭ ᠶᠠᠷᠢᠶ᠎ᠠ ᠡᠮᠭᠢᠳᠭᠡᠭ᠍ᠳᠡᠨ ᠣᠷᠤᠵᠠᠢ᠃ ᠡᠭᠦᠨ ᠳᠤ ᠳᠦᠷᠦᠭ᠍ᠭ᠎ᠠ ᠡᠡᠩᠴᠢᠨᠬᠦ᠋ᠤ ᠶᠢᠨ ᠡᠮᠭᠢᠳᠭᠡᠭ᠍ᠰᠡᠨ ᠭᠡᠰᠡᠷ ᠤᠨ ᠭᠡᠰᠡᠭ᠌ ᠳᠤᠮᠤᠭ ᠴᠤ ᠪᠠᠭᠳᠠᠨ᠎ᠠ᠃ ᠡᠳᠡᠭᠡᠷ 90 ᠭᠠᠷᠤᠢ ᠳᠤᠮᠤᠭ ᠶᠠᠷᠢᠶ᠎ᠠ ᠨᠢ ᠪᠦᠷ ᠭᠡᠰᠡᠷ ᠲᠡᠶ ᠬᠤᠯᠪᠣᠭᠳᠠᠭᠰᠠᠨ ᠨᠤᠳᠤᠭ ᠣᠰᠤᠨ ᠤ ᠳᠤᠮᠤᠭ ᠤᠳ ᠪᠤᠯᠤᠨ᠎ᠠ᠃ ᠡᠭᠦᠨ ᠡᠴᠡ ᠪᠢᠳᠠ ᠬᠦᠬᠡ‍ᠨᠠᠭᠤᠷ ᠤᠨ ᠳᠡᠭᠡᠳᠤ ᠮᠤᠩᠭ᠋ᠤᠯ ᠳᠤ ᠭᠡᠰᠡᠷ ᠤᠨ ᠨᠥᠯᠦᠭᠡ ᠭᠡᠴᠢᠨᠠᠨ ᠦᠷᠭᠡᠨ ᠵᠤᠵᠠᠭᠠᠨ ᠪᠠᠢ᠌ᠨ᠎ᠠ ᠭᠡᠳᠡᠭ᠌ ᠢ ᠦᠵᠡᠨ ᠭᠠᠷᠴᠤ ᠪᠣᠯᠤᠨ᠎ᠠ᠃

ᠬᠠᠯᠢᠭᠤᠨ᠂ ᠤᠶᠤᠨᠴᠡᠴᠡᠭ᠌ ᠤᠨ ᠡᠮᠭᠢᠳᠭᠡᠨ ᠨᠠᠢ᠌ᠷᠠᠭᠤᠯᠤᠭᠰᠠᠨ 《ᠳᠡᠭᠡᠳᠤ ᠮᠤᠩᠭ᠋ᠤᠯ ᠤᠨ ᠭᠠᠵᠠᠷ ᠤᠨ ᠨᠠᠷ᠎ᠠ ᠶᠢᠨ ᠳᠤᠮᠤᠭ》 (2001 ᠣᠨ ᠤ 9 ᠰᠠᠷ᠎ᠠ) ᠪᠣᠯ ᠳᠡᠭᠡᠳᠤ ᠮᠤᠩᠭ᠋ᠤᠯ ᠤᠨ ᠬᠠᠮᠤᠭ ᠠᠩᠬᠠᠨ ᠤ ᠭᠠᠵᠠᠷ ᠣᠰᠤᠨ ᠤ ᠨᠠᠷ᠎ᠠ ᠶᠢᠨ ᠳᠤᠮᠤᠭ ᠶᠠᠷᠢᠶ᠎ᠠ ᠶᠢᠨ ᠳᠡᠭᠦᠪᠦᠷᠢ ᠪᠣᠯᠬᠤ ᠪᠦᠭᠡᠳ ᠳᠡᠭᠡᠳᠤ ᠮᠤᠩᠭ᠋ᠤᠯ ᠳᠤ ᠭᠠᠵᠠᠷ ᠣᠰᠤᠨ ᠤ ᠨᠠᠷ᠎ᠠ ᠵᠢᠨ ᠲ᠋ᠤᠮᠤᠭ ᠤᠨ ᠳᠤᠰᠬᠠᠢ ᠳᠡᠭᠦᠪᠦᠷᠢ ᠦᠭᠡᠶ ᠪᠠᠢ᠌ᠭᠰᠠᠨ ᠬᠤᠭᠤᠰᠤᠨ ᠵᠠᠢ ᠶᠢ ᠨᠥᠭᠦᠪᠦᠷᠢᠯᠡᠭ᠍ᠰᠡᠨ ᠶᠠᠪᠣᠳᠠᠯ ᠪᠣᠯᠵᠠᠢ᠃ ᠳᠠᠷᠠ ᠨᠢ ᠳᠡᠭᠡᠳᠤ ᠮᠤᠩᠭ᠋ᠤᠯ ᠤᠨ ᠳᠤᠮᠤᠭ ᠶᠠᠷᠢᠶ᠎ᠠ ᠶᠢᠨ ᠰᠤᠳᠤᠯᠤᠯ ᠪᠣᠶᠤ ᠳᠡᠭᠡᠳᠤ ᠮᠤᠩᠭ᠋ᠤᠯ ᠤᠨ ᠳᠡᠦᠭᠡ ᠰᠤᠶᠤᠯ᠂ ᠭᠠᠵᠠᠷ ᠵᠦᠢ᠌᠂ ᠭᠡᠯᠡ ᠰᠢᠠᠵᠢᠯᠠᠯ ᠵᠡᠷᠭᠡ ᠶᠢ ᠰᠤᠳᠤᠯᠬᠤ ᠳᠤ ᠣᠯᠳᠠᠰᠢ ᠦᠭᠡᠶ ᠬᠤᠪᠣᠷ ᠮᠠᠲ᠋ᠸᠷᠢᠶᠠᠯ ᠪᠣᠯᠬᠤ ᠨᠢ ᠵᠠᠢ᠌ᠯᠠᠰᠢ ᠦᠭᠡᠶ ᠶᠤᠮ᠃ ᠳᠤᠰ ᠳᠡᠭᠦᠪᠦᠷᠢ ᠶᠢᠨ ᠪᠠᠰᠠ ᠨᠢᠭᠡ ᠣᠠᠴᠠᠯᠢᠭ ᠭᠡᠪᠠᠯ ᠳᠠᠷᠠ ᠨᠢ ᠵᠥᠪᠭᠡᠨ ᠬᠠᠢ᠌ᠰᠢ ᠣᠷᠤᠨ ᠤ ᠭᠠᠵᠠᠷ ᠤᠨ ᠨᠠᠷ᠎ᠠ ᠪᠠᠷ ᠬᠢᠵᠠᠭᠠᠷᠯᠠᠭᠳᠠᠭᠰᠠᠨ ᠪᠢᠰᠢ᠂ ᠬᠠᠷᠢᠨ ᠬᠦᠬᠡ‍ᠨᠠᠭᠤᠷ ᠤᠨ ᠪᠣᠰᠤᠳ ᠭᠠᠵᠠᠷ ᠣᠷᠤᠨ ᠶᠢᠡᠷ ᠳᠠᠷᠬᠠᠨ ᠰᠠᠭᠤᠷᠢᠰᠢᠵᠤ ᠪᠠᠢ᠌ᠭ᠎ᠠ ᠮᠤᠩᠭ᠋ᠤᠯᠴᠤᠳ ᠪᠣᠯᠤᠨ ᠳᠡᠭᠡᠳᠤ ᠮᠤᠩᠭ᠋ᠤᠯ ᠤᠨ ᠨᠢᠭᠡ ᠭᠡᠰᠡᠭ᠌ ᠪᠣᠯᠬᠤ ᠭᠠᠠᠰᠤ ᠮᠤᠵᠢ ᠶᠢᠨ ᠰᠦᠪᠧᠢ ᠶᠢᠨ ᠮᠤᠩᠭ᠋ᠤᠯᠴᠤᠳ ᠤᠨ ᠭᠠᠵᠠᠷ ᠤᠨ ᠨᠠᠷ᠎ᠠ ᠶᠢ ᠴᠤ ᠠᠯᠢ ᠴᠢᠳᠠᠬᠤ ᠪᠠᠷ ᠪᠠᠭᠳᠠᠭᠠᠬᠤ ᠪᠠᠷ ᠴᠢᠷᠮᠠᠢ᠌ᠭᠰᠠᠨ ᠳᠤ ᠣᠷᠤᠰᠢᠨ᠎ᠠ᠃ ᠭᠡᠯᠯᠭᠡᠨ ᠦᠭᠡᠶ ᠢᠤᠢ ᠱᠤ᠂ ᠭᠤᠯᠤᠭ᠂ ᠳ᠋ᠠ ᠲᠦᠩ᠂ ᠰᠢᠶᠤᠧᠨ ᠬᠤᠧᠨ᠂ ᠬᠤ ᠵᠤ᠂ ᠮᠧᠨ ᠶᠤᠸᠠᠨ ᠵᠡᠷᠭᠡ ᠵᠸᠤ ᠰᠢᠶᠠᠨ ᠤ ᠮᠤᠩᠭ᠋ᠤᠯ ᠭᠠᠵᠠᠷ ᠤᠨ ᠨᠠᠷᠠᠰ ᠪᠣᠶᠤ ᠳᠤᠮᠤᠭ ᠢ ᠴᠤᠭᠯᠠᠭᠤᠯᠵᠤ ᠴᠢᠳᠠᠭᠠᠳᠤᠢ ᠪᠠᠢ᠌ᠭᠰᠠᠭᠠᠷ᠃

ᠲ᠋ᠡᠭᠡᠳᠤ ᠮᠤᠩᠭ᠋ᠤᠯ ᠤᠨ ᠠᠷᠠᠤᠨ ᠤᠨ ᠠᠮᠠᠨ ᠵᠤᠬᠢᠶᠠᠯ ᠤᠨ ᠴᠤᠭᠯᠠᠭᠤᠯᠭ᠎ᠠ ᠡᠮᠭᠢᠳᠭᠡᠯ ᠤᠨ ᠠᠵᠢᠯ ᠨᠢ ᠶᠠᠷᠤ ᠡᠴᠡ ᠵᠤᠬᠢᠶᠠᠨ ᠪᠠᠢ᠌ᠭᠤᠯᠤᠯᠳᠠ ᠲᠡᠶ ᠰᠢᠰᠲ᠋ᠸᠮ ᠲᠡᠶ ᠶᠠᠪᠣᠭᠳᠠᠵᠤ ᠴᠢᠳᠠᠭᠰᠠᠨ ᠦᠭᠡᠶ ᠳᠤᠯᠠ ᠨᠠᠯᠢᠶᠠᠤᠨ ᠣᠯᠠᠨ ᠠᠮᠠᠨ ᠵᠤᠬᠢᠶᠠᠯ ᠤᠨ ᠵᠣᠢ᠌ᠯᠠᠰ ᠤᠳ ᠢ ᠣᠳᠤ ᠪᠣᠯᠳᠠᠯ᠎ᠠ ᠭᠦᠢᠴᠤᠨ ᠴᠤᠭᠯᠠᠭᠤᠯᠵᠤ ᠡᠮᠭᠢᠳᠭᠡᠵᠤ ᠴᠢᠳᠠᠭᠠᠳᠤᠢ ᠪᠠᠢ᠌ᠭᠰᠠᠭᠠᠷ᠃ ᠡᠢ᠌ᠮᠤ ᠡᠴᠡ ᠳᠡᠭᠡᠳᠤ ᠮᠤᠩᠭ᠋ᠤᠯ ᠤᠨ ᠠᠷᠠᠤᠨ ᠤᠨ ᠠᠮᠠᠨ ᠵᠤᠬᠢᠶᠠᠯ ᠤᠨ ᠵᠠᠷᠢᠮ ᠰᠢᠲ᠋ᠢᠯᠢ ᠭᠡᠯᠪᠠᠷᠢ ᠶᠢᠨ ᠪᠦᠳᠦᠭᠡᠯ ᠤᠳ ᠢ ᠰᠤᠨᠢᠷᠠᠬᠠᠬᠤ ᠪᠣᠶᠤ ᠠᠰᠢᠭᠯᠠᠬᠤ ᠳᠤ ᠡᠭᠢ ᠮᠠᠲ᠋ᠸᠷᠢᠶᠠᠯ ᠬᠤᠮᠰᠳᠠᠭᠠᠤᠨ ᠪᠠᠢ᠌ᠳᠠᠭ ᠨᠢ ᠦᠨᠡᠨ᠃

ᠨᠢᠭᠡ᠂ ᠳᠡᠭᠡᠳᠤ ᠮᠤᠩᠭ᠋ᠤᠯ ᠤᠨ ᠳᠤᠮᠤᠭ ᠶᠠᠷᠢᠶ᠎ᠠ ᠶᠢᠨ ᠰᠤᠳᠤᠯᠭᠠᠨ ᠤ ᠪᠠᠢ᠌ᠳᠠᠯ

ᠳᠡᠭᠡᠳᠤ ᠮᠤᠩᠭ᠋ᠤᠯ ᠤᠨ ᠳᠤᠮᠤᠭ ᠶᠠᠷᠢᠶ᠎ᠠ ᠶᠢᠨ ᠰᠤᠳᠤᠯᠭᠠᠨ ᠨᠢ ᠠᠯᠢ ᠡᠷᠳᠡ 18 ᠳ᠋ᠤᠭᠠᠷ ᠵᠠᠭᠤᠨ ᠡᠴᠡ ᠡᠭᠢᠯᠡᠵᠡᠢ᠃ ᠰᠦᠮᠪᠠ ᠬᠠᠮᠪᠣ ᠢᠰᠢᠪᠠᠯᠵᠤᠤᠷ ᠤᠨ ᠪᠢᠴᠢᠭ᠍ᠰᠡᠨ 《ᠬᠦᠬᠡ‍ᠨᠠᠭᠤᠷ ᠤᠨ ᠳᠡᠦᠭᠡ ᠡᠰᠡᠷᠸ᠎ᠡ ᠶᠢᠨ ᠰᠢᠨ᠎ᠠ ᠢᠷᠠᠭᠤ ᠳᠠᠭᠤᠯᠠᠯ》 ᠭᠡᠭᠦ ᠨᠤᠮ ᠳᠠᠭᠠᠨ ᠭᠦᠭᠡ ᠨᠠᠭᠤᠷ ᠤᠨ ᠳᠤᠮᠤᠭ ᠤᠨ ᠳᠤᠬᠠᠢ ᠦᠪᠡᠷ ᠤᠨ ᠦᠵᠡᠯᠳᠠ ᠪᠠᠨ ᠳᠤᠷᠠᠳᠴᠠᠢ ①᠃ ᠳᠠᠷᠠ ᠭᠡᠳᠥᠢᠪᠠᠷ ᠳᠤᠰ ᠨᠤᠮ ᠳᠠᠭᠠᠨ ᠬᠦᠬᠡ‍ᠨᠠᠭᠤᠷ ᠤᠨ ᠳᠡᠦᠭᠡ ᠶᠢ ᠪᠢᠴᠢᠭ᠍ᠰᠡᠨ ᠪᠣᠯᠪᠠᠴᠤ ᠭᠦᠭᠡ ᠨᠠᠭᠤᠷ ᠤᠨ ᠳᠤᠮᠤᠭ ᠢ ᠠᠩᠬ᠎ᠠ ᠳᠡᠮᠳᠡᠭᠯᠡᠵᠤ ᠭᠦᠭᠡ ᠨᠠᠭᠤᠷ ᠳᠤᠭᠳᠠᠭᠰᠠᠨ ᠪᠠᠢ᠌ᠳᠠᠯ᠂ ᠭᠦᠭᠡ ᠨᠠᠭᠤᠷ ᠤᠨ ᠣᠤᠯ ᠤᠨ ᠨᠠᠷ᠎ᠠ ᠶᠢᠨ ᠢᠷᠠᠯ ᠡᠭᠦᠰᠦᠯ ᠵᠡᠷᠭᠡ ᠶᠢ ᠨᠤᠮ ᠶᠤᠰᠤ ᠬᠤᠶᠠᠷ ᠳᠠᠯ᠎ᠠ ᠪᠠᠷ ᠳᠠᠢ᠌ᠯᠪᠣᠷᠢᠯᠠᠨ ᠶᠠᠷᠢᠵᠤ᠂ ᠳᠤᠰ ᠳᠤᠮᠤᠭ ᠤᠨ ᠦᠨᠡᠨ ᠡᠰᠡᠭᠦ ᠶᠢ ᠳᠤᠳᠤᠷᠬᠠᠢ᠌ᠯᠠᠵᠠᠢ᠃ ᠡᠭᠦᠨ ᠢ ᠳᠡᠭᠡᠳᠤ ᠮᠤᠩᠭ᠋ᠤᠯ ᠤᠨ ᠳᠤᠮᠤᠭ ᠶᠠᠷᠢᠶ᠎ᠠ ᠶᠢᠨ ᠰᠤᠳᠤᠯᠭᠠᠨ ᠤ ᠡᠭᠢᠯᠡᠯᠳᠡ ᠭᠡᠵᠤ ᠭᠡᠯᠡᠵᠤ ᠪᠣᠯᠤᠨ᠎ᠠ᠃ ᠭᠡᠪᠠᠴᠤ ᠡᠯᠳᠡᠪ ᠵᠣᠢ᠌ᠯ ᠤᠨ ᠨᠥᠭᠦᠴᠡᠯ ᠰᠢᠯᠳᠠᠭᠠᠨ ᠡᠴᠡ ᠪᠣᠯᠵᠤ ᠳᠡᠭᠡᠳᠤ ᠮᠤᠩᠭ᠋ᠤᠯ ᠤᠨ ᠳᠤᠮᠤᠭ ᠶᠠᠷᠢᠶ᠎ᠠ ᠶᠢᠨ ᠰᠤᠳᠤᠯᠭᠠᠨ ᠨᠢ ᠰᠢᠨ᠎ᠠ ᠵᠠᠭᠤᠨ ᠳᠤ ᠠᠯᠬᠤᠨ ᠣᠷᠤᠭᠰᠠᠨ ᠡᠴᠡ ᠨᠠᠭᠠᠰᠢ ᠰᠠ‍‌ᠶᠢ ᠶᠠᠪᠣᠭᠳᠠᠭᠰᠠᠨ ᠲᠦᠯᠤᠪ ᠲᠡᠶ ᠪᠠᠢ᠌ᠳᠠᠭ ᠳᠤᠯᠠ ᠥᠭᠦᠯᠡᠯ ᠵᠤᠬᠢᠶᠠᠯ ᠳᠤᠩ ᠴᠥᠭᠡᠭᠡᠨ ᠪᠠᠢ᠌ᠳᠠᠭ᠃ ᠡᠭᠦᠨ ᠳᠤ ᠴᠡᠪᠰᠢᠭ᠌ ᠤᠨ ᠪᠢᠴᠢᠭ᠍ᠰᠡᠨ 《ᠮᠡᠷᠭᠡᠨ ᠳᠠᠮᠠᠨ᠎ᠠ ᠶᠢᠨ ᠳᠤᠮᠤᠭ ᠤᠨ ᠰᠤᠳᠤᠯᠤᠯ》 ᠭᠡᠭᠦ ᠪᠦᠳᠦᠭᠡᠯ ᠢ ᠳᠤᠷᠠᠳᠴᠤ ᠪᠣᠯᠤᠨ᠎ᠠ᠃ ᠳᠤᠰ ᠪᠦᠳᠦᠭᠡᠯ ᠨᠢ ᠮᠡᠷᠭᠡᠨ ᠳᠠᠮᠠᠨ᠎ᠡ ᠶᠢᠨ ᠳᠤᠮᠤᠭ ᠤᠨ ᠰᠤᠳᠤᠯᠤᠯ᠂ ᠳᠡᠭᠦᠨ ᠤ ᠠᠭᠤᠯᠭ᠎ᠠ ᠦᠵᠡᠯ ᠰᠠᠨᠠᠭ᠎ᠠ᠂ ᠳᠡᠦᠭᠡᠨ ᠳᠡᠭᠡᠷᠡᠭᠢ ᠮᠡᠷᠭᠡᠨ ᠳᠠᠮᠠᠨ᠎ᠡ᠂ ᠳᠤᠮᠤᠭ ᠤᠨ ᠰᠢᠠᠵᠢ ᠪᠣᠢ ᠪᠣᠯᠤᠭᠰᠠᠨ᠂ 〈ᠮᠡᠷᠭᠡᠨ ᠳᠠᠮᠠᠨ᠎ᠡ〉 ᠪᠣᠯᠤᠨ 〈ᠯᠤᠷᠳᠤᠩᠽᠠᠨ〉 ᠊᠊᠊᠊᠊᠊᠊᠊᠊᠊᠊᠊᠊᠊᠊ ᠳᠤᠮᠤᠭ ᠣᠷᠠᠯᠢᠭ ᠤᠨ ᠢᠵᠢᠯᠰᠢᠨ ᠨᠡᠢ᠌ᠯᠡᠭᠦ ᠰᠢᠠᠵᠢ᠂ ᠶᠤᠭᠳᠠᠯᠠᠯ ᠤᠨ ᠣᠷᠠᠯᠢᠭ᠂ ᠳᠤᠪᠴᠢ ᠳ᠋ᠦ᠋ᠩᠨᠡᠯᠲᠡ ᠵᠡᠷᠭᠡ ᠳᠤᠯᠤᠭᠠᠨ ᠭᠡᠰᠡᠭ᠌ ᠶᠢᠡᠷ ᠪᠦᠷᠢᠯᠳᠦᠵᠡᠢ᠃᠂ ᠨᠠ᠊·ᠴᠠᠷᠠᠩᠪᠠᠯ ᠤᠨ ᠪᠢᠴᠢᠭ᠍ᠰᠡᠨ 《ᠭᠦᠦᠰᠢ ᠬᠠᠭᠠᠨ ᠤ ᠳᠤᠮᠤᠭ ᠭᠢᠭᠡᠳ ᠳᠡᠭᠦᠨ ᠳᠡᠦᠭᠡᠨ ᠦᠨᠡᠨ》 ᠭᠡᠭᠦ ᠥᠭᠦᠯᠡᠯ ᠳᠤ ᠭᠦᠦᠰᠢ ᠬᠠᠭᠠᠨ ᠤ ᠳᠤᠮᠤᠭ ᠢ ᠳᠡᠭᠦᠨ ᠤ ᠳᠡᠦᠭᠡᠳᠤ ᠣᠢ᠌ᠯᠠ ᠠᠵᠢᠯᠯᠠᠭ᠎ᠠ ᠲᠡᠶ ᠬᠠᠷᠢᠴᠠᠭᠤᠯᠵᠤ ᠳᠤᠰ ᠳᠤᠮᠤᠭ ᠨᠢ ᠭᠦᠦᠰᠢ ᠬᠠᠭᠠᠨ ᠤ ᠳᠡᠦᠭᠡᠳᠤ ᠣᠢ᠌ᠯᠠ ᠠᠵᠢᠯᠯᠠᠭ᠎ᠠ ᠲᠡᠶ ᠦᠨᠳᠦᠰᠦᠨ ᠳᠡᠭᠡᠨ ᠨᠠᠢ᠌ᠴᠠᠵᠤ ᠪᠠᠢ᠌ᠳᠠᠭ ᠭᠡᠰᠡᠨ ᠦᠵᠡᠯᠳᠠ ᠶᠢ ᠳᠡᠪᠰᠢᠭᠦᠯᠵᠡᠢ᠃

ᠬᠤᠶᠠᠷ᠂ ᠳᠡᠭᠡᠳᠤ ᠮᠤᠩᠭ᠋ᠤᠯ ᠤᠨ ᠳᠤᠮᠤᠭ ᠶᠠᠷᠢᠶ᠎ᠠ ᠶᠢᠨ ᠰᠠᠳᠤᠪ ᠠᠭᠤᠯᠭ᠎ᠠ ᠪᠠ ᠳᠦᠷᠤᠯ ᠵᠣᠢ᠌ᠯ

ᠲ᠋ᠡᠭᠡᠳᠤ ᠮᠤᠩᠭ᠋ᠤᠯ ᠤᠨ ᠠᠷᠠᠤᠨ ᠤᠨ ᠠᠮᠠᠨ ᠵᠤᠬᠢᠶᠠᠯ ᠤᠨ ᠡᠮᠭᠢᠳᠭᠡᠯ ᠳᠡᠭᠦᠪᠦᠷᠢ ᠭᠡᠪᠠᠯ ᠣᠳᠤ ᠪᠣᠯᠳᠠᠯ᠎ᠠ ᠨᠢᠭᠡᠨᠲᠡ 20 ᠊ᠭᠠᠤᠨ ᠨᠤᠮ ᠳᠠᠪᠳᠠᠷ ᠭᠡᠪᠯᠡᠭ᠍ᠳᠡᠭᠡᠳ ᠪᠣᠢ᠃ ᠡ᠊ᠨᠳᠡ ᠪᠢ ᠵᠥᠪᠭᠡᠨ ᠦᠪᠡᠷ ᠤᠨ ᠭᠠᠷ ᠲᠤ ᠣᠯᠳᠠᠭᠰᠠᠨ ᠡᠭᠡ ᠮᠠᠲ᠋ᠸᠷᠢᠶᠠᠯ ᠶᠢᠡᠨ ᠦᠨᠳᠦᠰᠦᠯᠠᠵᠤ ᠳᠡᠭᠡᠳᠤ ᠮᠤᠩᠭ᠋ᠤᠯ ᠤᠨ ᠳᠤᠮᠤᠭ ᠶᠠᠷᠢᠶ᠎ᠠ ᠶᠢ ᠳᠤᠤᠷᠠᠭᠢ ᠮᠠᠳᠤ ᠭᠡᠳᠤᠨ ᠳᠦᠷᠤᠯ ᠵᠣᠢ᠌ᠯ ᠳᠤ ᠬᠤᠪᠢᠶᠠᠵᠤ ᠳᠦᠭᠦᠮᠭᠡᠨ ᠳᠠᠨᠢᠯᠴᠠᠭᠤᠯᠬᠤ ᠪᠣᠯᠤᠨ᠎ᠠ᠃ ᠳᠡᠭᠡᠳᠤ ᠮᠤᠩᠭ᠋ᠤᠯ ᠤᠨ ᠳᠤᠮᠤᠭ ᠶᠠᠷᠢᠶ᠎ᠠ ᠶᠢ ᠶᠡᠷᠦᠩᠭᠡᠢ ᠳ᠋ᠤᠨᠢ ᠳᠡᠦᠭᠡᠨ ᠳᠤᠮᠤᠭ ᠶᠠᠷᠢᠶ᠎ᠠ᠂ ᠨᠤᠳᠤᠭ ᠣᠰᠤᠨ ᠤ ᠳᠤᠮᠤᠭ ᠶᠠᠷᠢᠶ᠎ᠠ᠂ ᠡᠳ᠋ᠯᠡᠯ ᠭᠡᠷᠡᠭ᠍ᠰᠡᠯ ᠤᠨ ᠳᠤᠮᠤᠭ ᠶᠠᠷᠢᠶ᠎ᠠ᠂ ᠵᠠᠩ ᠵᠠᠩᠰᠢᠯ ᠤᠨ ᠳᠤᠮᠤᠭ ᠶᠠᠷᠢᠶ᠎ᠠ ᠭᠡᠵᠤ ᠳᠦᠷᠪᠠᠨ ᠳᠦᠷᠤᠯ ᠵᠣᠢ᠌ᠯ ᠳᠤ ᠬᠤᠪᠢᠶᠠᠨ ᠠᠩᠭᠢᠯᠠᠵᠤ ᠪᠣᠯᠤᠨ᠎ᠠ᠃

(ᠨᠢᠭᠡ) ᠳᠡᠦᠭᠡᠨ ᠳᠤᠮᠤᠭ ᠶᠠᠷᠢᠶ᠎ᠠ

ᠲ᠋ᠡᠭᠡᠳᠤ ᠮᠤᠩᠭ᠋ᠤᠯ ᠤᠨ ᠳᠡᠦᠭᠡᠨ ᠳᠤᠮᠤᠭ ᠶᠠᠷᠢᠶ᠎ᠠ ᠨᠢ ᠬᠦᠬᠡ‍ᠨᠠᠭᠤᠷ ᠮᠤᠩᠭ᠋ᠤᠯ ᠤᠨ ᠳᠡᠦᠭᠡᠨ ᠳ᠋ᠠᠭᠢ ᠳᠡᠦᠭᠡᠳᠤ ᠭᠦᠮᠤᠨ ᠪᠣᠯᠤᠨ ᠳᠠᠳᠠᠨ ᠤ ᠳᠡᠦᠭᠡᠳᠤ ᠣᠢ᠌ᠯᠠ ᠶᠠᠪᠣᠳᠠᠯ ᠶᠢᠡᠷ ᠰᠠᠳᠤᠪᠯᠠᠵᠤ ᠵᠤᠬᠢᠶᠠᠭᠳᠠᠭᠰᠠᠨ ᠪᠠᠢ᠌ᠳᠠᠭ᠃ ᠵᠢᠱᠢᠶᠠᠯᠠᠪᠠᠯ᠂ ᠳᠡᠦᠭᠡᠨ ᠳ᠋ᠠᠭᠢ ᠨᠠᠷ᠎ᠠ ᠳᠦᠷᠤ ᠲᠡᠶ ᠬᠠᠤᠨ ᠨᠤᠶᠠᠤᠨ᠂ ᠠᠪᠣᠷᠭᠤ ᠭᠦᠴᠦᠳᠤ ᠪᠦᠭᠡ᠂ ᠣᠢ ᠣᠬᠠᠭᠠᠨ ᠰᠡᠷᠭᠦᠯᠡᠩ ᠭᠡᠯᠡ ᠠᠮᠠᠨ ᠳᠠᠭᠠᠨ ᠬᠤᠷᠴᠠ ᠮᠡᠷᠭᠡᠨ ᠭᠦᠮᠦᠰ ᠪᠠᠢ᠌ᠳᠠᠭ᠃ ᠡᠳᠡᠭᠡᠷ ᠳᠡᠦᠭᠡᠨ ᠳᠤᠮᠤᠭ ᠶᠠᠷᠢᠶ᠎ᠠ ᠶᠢ ᠳᠤᠳᠤᠷ᠎ᠠ ᠨᠢ ᠪᠠᠰᠠ ᠳᠡᠦᠭᠡᠨ ᠭᠦᠮᠤᠨ ᠤ ᠳᠤᠮᠤᠭ ᠶᠠᠷᠢᠶ᠎ᠠ᠂ ᠪᠦᠭᠡ ᠶᠢᠨ ᠳᠤᠮᠤᠭ ᠶᠠᠷᠢᠶ᠎ᠠ᠂ ᠭᠡᠴᠡᠭᠦᠤ ᠮᠡᠷᠭᠡᠨ ᠭᠦᠮᠤᠨ ᠤ ᠳᠤᠮᠤᠭ ᠶᠠᠷᠢᠶ᠎ᠠ ᠭᠡᠵᠤ ᠬᠤᠪᠢᠶᠠᠵᠤ ᠪᠣᠯᠤᠮᠠᠷ ᠪᠠᠢ᠌ᠨ᠎ᠠ᠃

1᠂ ᠲ᠋ᠡᠦᠭᠡᠨ ᠭᠦᠮᠤᠨ ᠤ ᠳᠤᠮᠤᠭ ᠶᠠᠷᠢᠶ᠎ᠠ

ᠳᠡᠭᠡᠳᠤ ᠮᠤᠩᠭ᠋ᠤᠯ ᠤᠨ ᠳᠡᠦᠭᠡᠨ ᠭᠦᠮᠤᠨ ᠤ ᠳᠤᠮᠤᠭ ᠶᠠᠷᠢᠶ᠎ᠠ ᠳᠤ 《ᠭᠦᠦᠰᠢ ᠬᠠᠭᠠᠨ ᠤ ᠳᠤᠮᠤᠭ》᠂ 《ᠳ᠋ᠠᠠᠵᠢᠨ ᠬᠤᠩ ᠳᠠᠢ᠌ᠵᠢ ᠶᠢᠨ ᠳᠤᠮᠤᠭ》᠂ 《ᠭᠠᠯᠳᠠᠨ ᠪᠣᠱᠤᠭᠳᠤ ᠶᠢᠨ ᠳᠤᠮᠤᠭ》᠂ 《ᠴᠤᠭᠳᠤ ᠳᠠᠢ᠌ᠵᠢ ᠪᠠ ᠳᠡᠭᠦᠨ ᠤ ᠬᠣᠢ᠌ᠴᠢᠰ ᠤᠨ ᠳᠤᠮᠤᠭ》 ᠭᠡᠭᠦ ᠵᠡᠷᠭᠡ ᠪᠣᠢ᠃ ᠡᠳᠡᠭᠡᠷ ᠳᠤᠮᠤᠭ ᠶᠠᠷᠢᠶ᠎ᠠ ᠳ᠋ᠠᠭᠢ ᠭᠦᠮᠦᠰ ᠤᠨ ᠣᠯᠠᠩᠭᠢ ᠨᠢ ᠪᠦᠷ ᠬᠦᠬᠡ‍ᠨᠠᠭᠤᠷ ᠮᠤᠩᠭ᠋ᠤᠯ ᠪᠣᠶᠤ ᠤᠢ᠌ᠷᠠᠤᠨ ᠮᠤᠩᠭ᠋ᠤᠯ ᠤᠨ ᠳᠡᠦᠭᠡᠨ ᠳ᠋ᠠᠭᠢ ᠦᠨᠡᠨ ᠭᠦᠮᠦᠰ ᠪᠣᠯᠤᠨ᠎ᠠ᠃

ᠭᠦᠦᠰᠢ ᠬᠠᠨ ᠪᠣᠯ ᠮᠤᠩᠭ᠋ᠤᠯ ᠦᠨᠳᠦᠰᠦᠳᠠᠨ ᠤ ᠳᠡᠦᠭᠡᠨ ᠳ᠋ᠠᠭᠢ ᠠᠯᠳᠠᠷᠳᠤ ᠭᠦᠮᠤᠨ᠂ ᠬᠤᠱᠤᠳ ᠠᠢ᠌ᠮᠠᠭ ᠤᠨ ᠰᠤᠳᠤ ᠮᠡᠷᠭᠡᠨ ᠣᠳᠤᠷᠢᠳᠤᠭᠴᠢ ᠪᠣᠯᠬᠤ ᠪᠦᠭᠡᠳ ᠬᠤᠱᠤᠳ ᠮᠤᠩᠭ᠋ᠤᠯ ᠪᠦᠭᠦᠢᠯᠡ ᠬᠦᠬᠡ‍ᠨᠠᠭᠤᠷ ᠲᠦᠪᠡᠳ ᠤᠨ ᠥᠡᠳᠦᠷᠯᠢᠭ᠌ ᠢ ᠳᠠᠯᠠᠨ ᠳᠠᠪᠤᠨ (1642 ᠊᠊᠊᠊᠊᠊᠊᠊᠊᠊᠊᠊᠊᠊᠊ 1717᠂ ᠭᠡᠯᠯᠭᠡᠨ ᠦᠭᠡᠶ ᠯᠤᠪᠰᠠᠩᠳᠠᠠᠵᠢᠨ ᠤ ᠭᠡᠷᠡᠭ᠌ ᠶᠠᠪᠣᠳᠠᠯ ᠭᠦᠷᠳᠡᠯ᠎ᠡ ᠳᠤᠭᠠᠯᠠᠪᠠᠯ 81 ᠵᠢᠯ ᠪᠣᠯᠬᠤ ᠶᠤᠰᠤᠳᠠᠢ) ᠵᠢᠯ ᠨᠤᠶᠠᠷᠬᠠᠬᠤ ᠳᠤ ᠪᠠᠳᠤ ᠪᠠᠭᠢ ᠰᠠᠭᠤᠷᠢ ᠶᠢ ᠳᠠᠯᠪᠢᠭᠰᠠᠨ ᠭᠦᠮᠤᠨ ᠶᠤᠮ᠃ ᠳᠠᠷᠠ ᠴᠡᠷᠢᠭ᠌ ᠳᠠᠢ᠌ᠴᠢᠯᠠᠨ ᠲᠦᠪᠡᠳ ᠲᠤ ᠣᠷᠤᠵᠤ ᠲᠦᠪᠡᠳ ᠤᠨ ᠪᠣᠷᠬᠠᠨ ᠱᠠᠰᠢᠨ ᠤ ᠡᠯ᠎ᠡ ᠰᠠᠯᠪᠣᠷᠢ ᠪᠦᠯᠦᠭ᠌ ᠤᠨ ᠬᠤᠭᠤᠷᠤᠠᠳᠤᠭᠢ ᠵᠦᠷᠢᠴᠠᠯ ᠮᠦᠷᠭᠦᠯᠳᠦᠭᠡᠨ ᠢ ᠳᠦᠪᠰᠢᠳᠭᠡᠵᠤ ᠮᠤᠩᠭ᠋ᠤᠯ ᠲᠦᠪᠡᠳ ᠤᠨ ᠰᠤᠶᠤᠯ ᠤᠨ ᠬᠠᠷᠢᠴᠠᠭᠠᠨ ᠳᠤ ᠴᠢᠬᠤᠯᠠ ᠶᠡᠭᠡ ᠨᠥᠯᠦᠭᠡ ᠥᠵᠡᠭᠦᠯᠦᠭ᠍ᠰᠡᠨ ᠭᠦᠮᠤᠨ ᠶᠤᠮ᠃ ᠳᠠᠢ᠌ᠮᠤ ᠪᠣᠯᠬᠤᠷ ᠬᠦᠬᠡ‍ᠨᠠᠭᠤᠷ ᠤᠨ ᠮᠤᠩᠭ᠋ᠤᠯᠴᠤᠳ ᠳᠤᠳᠤᠷ᠎ᠠ ᠭᠦᠦᠰᠢ ᠬᠠᠨ ᠲᠡᠶ ᠬᠤᠯᠪᠣᠭᠳᠠᠭᠰᠠᠨ ᠳᠤᠮᠤᠭ ᠶᠠᠷᠢᠶ᠎ᠠ ᠡᠳᠦᠢ ᠳᠠᠳᠤᠢ ᠣᠯᠠᠮᠵᠢᠯᠠᠭᠳᠠᠵᠤ ᠪᠠᠢ᠌ᠳᠠᠭ᠃ ᠡᠭᠦᠨ ᠳᠤ ᠲᠦᠯᠦᠭᠡᠯᠡᠭᠦ ᠴᠢᠨᠠᠷᠳᠠᠢ ᠪᠦᠳᠦᠭᠡᠯ 《ᠭᠦᠦᠰᠢ ᠬᠠᠭᠠᠨ ᠤ ᠳᠤᠮᠤᠭ》 ᠪᠣᠯᠤᠨ᠎ᠠ᠃ ᠳᠤᠰ ᠳᠤᠮᠤᠭ ᠨᠢ ᠳᠡᠭᠡᠳᠤ ᠮᠤᠩᠭ᠋ᠤᠯ ᠤᠨ ᠳᠡᠦᠭᠡᠨ ᠳᠤᠮᠤᠭ ᠶᠠᠷᠢᠶ᠎ᠠ ᠳᠤᠳᠤᠷ᠎ᠠ ᠮᠠᠰᠢ ᠦᠨᠳᠦᠷ ᠳᠡᠦᠭᠡᠨ ᠦᠨ᠎ᠡ ᠴᠠᠨ᠎ᠠ ᠲᠡᠶ ᠳᠤᠮᠤᠭ ᠤᠨ ᠨᠢᠭᠡ ᠳᠤ ᠳᠤᠭᠠᠴᠠᠭᠳᠠᠬᠤ ᠪᠦᠭᠡᠳ ᠰᠤᠳᠤᠯᠤᠭᠤᠰᠢᠳᠠᠢ ᠨᠢᠭᠡ ᠳᠤᠮᠤᠭ ᠶᠠᠷᠢᠶ᠎ᠠ ᠪᠣᠯᠤᠨ᠎ᠠ᠃ ᠳᠤᠰ ᠳᠤᠮᠤᠭ ᠶᠠᠷᠢᠶ᠎ᠠ ᠶᠢ 1984 ᠣᠨ ᠤ 2 ᠰᠠᠷ᠎ᠠ ᠳᠤ ᠮᠠᠠᠵᠢ᠂ ᠫᠢᠯᠵᠢ ᠬᠤᠶᠠᠷ ᠨᠠᠰᠤᠳᠠᠨ ᠬᠠᠢ᠌ᠯᠠᠵᠤ᠂ ᠨᠠ᠊·ᠴᠠᠷᠠᠩᠪᠠᠯ ᠴᠤᠭᠯᠠᠭᠤᠯᠵᠤ ᠡᠮᠭᠢᠳᠭᠡᠭᠡᠳ 1988 ᠣᠨ ᠤ 5 ᠰᠠᠷ᠎ᠠ ᠵᠢᠨ 27 ᠊ᠤ ᠡᠳᠦᠷ ᠤᠨ 《ᠴᠠᠢ᠌ᠳᠠᠮ ᠤᠨ ᠰᠤᠨᠢᠨ》 ᠳᠡᠭᠡᠷ᠎ᠡ ᠨᠡᠢ᠌ᠳᠡᠯᠡᠭᠦᠯᠵᠡᠢ᠃ ᠳᠤᠰ ᠳᠤᠮᠤᠭ ᠶᠠᠷᠢᠶ᠎ᠠ ᠨᠢ ᠭᠦᠦᠰᠢ ᠬᠠᠨ ᠤ ᠳᠡᠦᠭᠡᠨ ᠣᠢ᠌ᠯᠠ ᠠᠵᠢᠯᠯᠠᠭ᠎ᠠ ᠳᠡᠭᠡᠷ᠎ᠡ ᠰᠠᠭᠤᠷᠢᠯᠠᠭᠳᠠᠵᠤ ᠵᠤᠬᠢᠶᠠᠭᠳᠠᠵᠠᠢ᠃ ᠳᠤᠰ ᠳᠤᠮᠤᠭ ᠶᠠᠷᠢᠶ᠎ᠠ ᠨᠢ ᠬᠦᠬᠡ‍ᠨᠠᠭᠤᠷ ᠵᠥᠭ᠌ ᠮᠤᠷᠳᠠᠭᠰᠠᠨ ᠨᠢ᠂ ᠴᠤᠭᠳᠤ ᠳᠠᠢ᠌ᠵᠢ ( ᠶ᠋ᠢᠨ ᠳᠤᠮᠤᠭ)᠂ ᠭᠦᠦᠰᠢ ᠬᠠᠭᠠᠨ ᠴᠤᠭᠳᠤ ᠳᠠᠢ᠌ᠵᠢ ᠶᠢ ᠳᠠᠢ᠌ᠯᠠᠭᠰᠠᠨ ᠨᠢ᠂ ᡀᠠᠰᠠ ᠳᠤ ᠴᠡᠷᠢᠭᠯᠡᠨ ᠣᠷᠤᠭᠰᠠᠨ ᠨᠢ ᠭᠡᠭᠦ ᠳᠦᠷᠪᠠᠨ ᠭᠡᠰᠡᠭ᠌ ᠶᠢᠡᠷ ᠪᠦᠷᠢᠯᠳᠦᠵᠡᠢ᠃ ᠳᠤᠰ ᠳᠤᠮᠤᠭ ᠶᠠᠷᠢᠶ᠎ᠠ ᠳᠤ ᠭᠦᠦᠰᠢ ᠬᠠᠭᠠᠨ ᠬᠦᠬᠡ‍ᠨᠠᠭᠤᠷ ᠵᠥᠭ᠌ ᠮᠤᠷᠳᠠᠭᠰᠠᠨ ᠰᠢᠯᠳᠠᠭᠠᠨ᠂ ᠴᠤᠭᠳᠤ ᠳᠠᠢ᠌ᠵᠢ ᠶᠢ ᠳᠠᠷᠤᠭᠰᠠᠨ ᠣᠢ᠌ᠯᠠ ᠶᠠᠪᠣᠳᠠᠯ ᠭᠢᠭᠡᠳ ᠭᠦᠦᠰᠢ ᠬᠠᠭᠠᠨ ᠴᠡᠷᠢᠭ᠌ ᠳᠠᠢ᠌ᠴᠢᠯᠠᠨ ᡀᠠᠰᠠ ᠬᠤᠳᠠ ᠳᠤ ᠣᠷᠤᠵᠤ ᠲᠦᠪᠡᠳ ᠤᠨ ᠽᠠᠩᠪᠠ ᠬᠠᠨ ᠢ ᠠᠯᠠᠵᠤ ᠰᠢᠷ᠎ᠠ ᠶᠢᠨ ᠱᠠᠰᠢᠨ ᠢ ᠲᠡᠳᠬᠦᠨ ᠬᠠᠮᠠᠭᠠᠯᠠᠵᠤ ᠬᠦᠬᠡ‍ᠨᠠᠭᠤᠷ ᠲᠦᠪᠡᠳ ᠤᠨ ᠥᠡᠳᠦᠷᠯᠢᠭ᠌ ᠢ ᠨᠢᠭᠡᠳᠭᠡᠭ᠍ᠰᠡᠨ ᠣᠢ᠌ᠯᠠ ᠶᠠᠪᠣᠳᠠᠯ ᠢ ᠥᠭᠦᠯᠡᠭ᠍ᠰᠡᠨ ᠪᠠᠢ᠌ᠳᠠᠭ᠃ ᠳᠤᠰ ᠳᠤᠮᠤᠭ ᠶᠠᠷᠢᠶ᠎ᠠ ᠶᠢᠨ ᠣᠢ᠌ᠯᠠ ᠶᠠᠪᠣᠳᠠᠯ ᠨᠢ ᠭᠦᠦᠰᠢ ᠬᠠᠨ ᠤ ᠬᠦᠬᠡ‍ᠨᠠᠭᠤᠷ ᠲᠦᠪᠡᠳ ᠤᠨ ᠥᠡᠳᠦᠷᠯᠢᠭ᠌ ᠢ ᠨᠢᠭᠡᠳᠭᠡᠭ᠍ᠰᠡᠨ ᠳᠡᠦᠭᠡᠳᠤ ᠣᠢ᠌ᠯᠠ ᠠᠵᠢᠯᠯᠠᠭ᠎ᠠ ᠲᠡᠶ ᠦᠨᠳᠦᠰᠦᠨ ᠳᠡᠭᠡᠨ ᠨᠠᠢ᠌ᠴᠠᠵᠤ ᠪᠠᠢ᠌ᠳᠠᠭ᠃ ᠡᠢ᠌ᠮᠤ ᠡᠴᠡ ᠳᠡᠦᠭᠡᠨ ᠳᠤᠮᠤᠭ ᠶᠠᠷᠢᠶ᠎ᠠ ᠶᠢ ᠢᠮᠠᠭᠳᠠ 《ᠠᠮᠠᠨ ᠳᠡᠦᠭᠡ》 ᠭᠡᠵᠤ ᠭᠡᠯᠡᠳᠡᠭ᠌᠃ ᠳᠡᠭᠡᠳᠤ ᠮᠤᠩᠭ᠋ᠤᠯ ᠤᠨ ᠳᠡᠦᠭᠡᠨ ᠳᠤᠮᠤᠭ ᠶᠠᠷᠢᠶ᠎ᠠ ᠳᠤᠳᠤᠷ᠎ᠠ 《ᠭᠦᠦᠰᠢ ᠬᠠᠭᠠᠨ ᠤ ᠳᠤᠮᠤᠭ》 ᠨᠢ ᠳᠡᠦᠭᠡ ᠶᠢᠨ ᠦᠨ᠎ᠡ ᠴᠠᠨ᠎ᠠ ᠪᠠᠷ ᠬᠠᠮᠤᠭ ᠦᠨᠳᠦᠷ ᠪᠠᠢ᠌ᠵᠤ ᠪᠠᠷᠤᠭ ᠳᠠᠷᠠ ᠴᠢᠭ᠌ ᠶᠢᠡᠷ ᠶᠢᠡᠨ ᠳᠡᠦᠭᠡ ᠮᠠᠶ‍ᠢᠭ ᠲᠡᠶ ᠪᠠᠢ᠌ᠳᠠᠭ᠃ ᠭᠡᠯᠯᠭᠡᠨ ᠦᠭᠡᠶ ᠳᠠᠷᠠ ᠨᠢ ᠳᠤᠮᠤᠭ ᠶᠠᠷᠢᠶ᠎ᠠ ᠪᠣᠯᠬᠤᠷ ᠣᠷᠠᠯᠢᠭᠵᠢᠭᠤᠯᠤᠭᠰᠠᠨ ᠵᠣᠢ᠌ᠯᠠᠰ ᠴᠤ ᠪᠠᠭ᠎ᠠ ᠰᠠᠭ᠎ᠠ ᠪᠠᠢ᠌ᠳᠠᠭ ᠢ ᠠᠩᠬᠠᠷᠬᠤ ᠶᠤᠰᠤᠳᠠᠢ᠃

《ᠳ᠋ᠠᠠᠵᠢᠨ ᠬᠤᠩ ᠳᠠᠢ᠌ᠵᠢ ᠶᠢᠨ ᠳᠤᠮᠤᠭ》 ᠭᠡᠭᠦ ᠳᠤᠮᠤᠭ ᠶᠠᠷᠢᠶ᠎ᠠ ᠳᠤ ᠳ᠋ᠠᠠᠵᠢᠨ ᠬᠤᠩ ᠳᠠᠢ᠌ᠵᠢ ᠴᠢᠩ ᠣᠯᠤᠰ ᠢ ᠡᠰᠡᠷᠭᠦᠴᠡᠭ᠍ᠰᠡᠨ᠂ ᠪᠠᠷᠠᠭᠤᠨ ᠬᠣᠢ᠌ᠰᠢ ᠣᠬᠤᠷᠢᠨ ᠶᠠᠪᠣᠭᠰᠠᠨ᠂ ᠬᠤᠵᠢᠮ ᠨᠢ ᠢᠯᠠᠭᠳᠠᠭᠠᠤᠨ ᠵᠡᠭᠦᠨᠭᠠᠷ ᠲᠤ ᠶᠠᠪᠣᠭᠰᠠᠨ ᠵᠡᠷᠭᠡ ᠳᠡᠦᠭᠡ ᠶᠢᠨ ᠣᠯᠠ ᠮᠦᠷ ᠬᠠᠷᠠᠭᠳᠠᠵᠤ ᠪᠠᠢ᠌ᠳᠠᠭ᠃ ᠳᠤᠰ ᠳᠤᠮᠤᠭ ᠶᠠᠷᠢᠶ᠎ᠠ ᠳ᠋ᠠᠭᠢ ᠳ᠋ᠠᠠᠵᠢᠨ ᠬᠤᠩ ᠳᠠᠢ᠌ᠵᠢ ᠭᠡᠳᠡᠭ᠌ ᠨᠢ ᠯᠤᠪᠰᠠᠩᠳᠠᠠᠵᠢᠨ ᠢ ᠵᠢᠭᠠᠵᠤ ᠪᠣᠢ᠃ ᠳᠤᠰ ᠭᠦᠮᠤᠨ ᠪᠣᠯ ᠬᠦᠬᠡ‍ᠨᠠᠭᠤᠷ ᠮᠤᠩᠭ᠋ᠤᠯ ᠤᠨ ᠳᠡᠦᠭᠡᠨ ᠳᠤ ᠨᠥᠯᠦᠭᠡ ᠶᠡᠭᠡᠳᠡᠢ ᠭᠦᠮᠤᠨ ᠤ ᠨᠢᠭᠡ ᠪᠣᠯᠤᠨ᠎ᠠ᠃ ᠳᠤᠰ ᠳᠤᠮᠤᠭ ᠶᠠᠷᠢᠶ᠎ᠠ ᠡᠴᠡ ᠭᠠᠳᠠᠨ᠎ᠠ ᠳᠡᠭᠡᠳᠤ ᠮᠤᠩᠭ᠋ᠤᠯ ᠳᠤ ᠪᠠᠰᠠ ᠯᠤᠪᠰᠠᠩᠳᠠᠠᠵᠢᠨ ᠲᠡᠶ ᠬᠤᠯᠪᠣᠭᠳᠠᠭᠰᠠᠨ ᠨᠤᠳᠤᠭ ᠣᠰᠤᠨ ᠤ ᠳᠤᠮᠤᠭ ᠶᠠᠷᠢᠶ᠎ᠠ ᠨᠠᠯᠢᠶᠠᠤᠨ ᠠᠷᠪᠢᠨ ᠪᠠᠢ᠌ᠳᠠᠭ ᠮᠦᠷᠳᠡᠭᠡᠨ 《ᠭᠠᠰ ᠤᠨ ᠴᠠᠭᠠᠨ ᠳᠠᠷᠠᠰᠤᠨ》 ᠭᠡᠳᠡᠭ᠌ ᠠᠷᠠᠤᠨ ᠤᠨ ᠳᠠᠭᠤᠤ ᠴᠤ ᠪᠠᠢ᠌ᠳᠠᠭ᠃ ᠯᠤᠪᠰᠠᠩᠳᠠᠠᠵᠢᠨ ᠪᠣᠯ ᠭᠦᠦᠰᠢ ᠬᠠᠨ ᠤ ᠣᠤᠠᠬᠤᠨ ᠭᠦᠪᠠᠭᠦᠨ ᠳ᠋ᠠᠰᠢᠪᠠᠭᠠᠳᠤᠷ ᠤᠨ ᠭᠦᠪᠠᠭᠦᠨ᠂ ᠭᠦᠦᠰᠢ ᠬᠠᠨ ᠤ ᠣᠮᠪᠣᠯ ᠠᠴᠢ ᠨᠢ ᠪᠣᠯᠤᠨ᠎ᠠ᠃ ᠳᠠᠷᠠ ᠡᠩᠭᠡ ᠠᠮᠭᠤᠯᠠᠩ ᠤᠨ ᠳᠠᠪᠢᠨ ᠳᠠᠪᠣᠳᠤᠭᠠᠷ (1716) ᠣᠨ ᠳᠤ ᠴᠢᠨ ᠸᠠᠩ ᠤᠨ ᠭᠡᠷᠭᠢᠮ ᠴᠤᠯᠠ ᠣᠯᠵᠤ ᠡᠴᠢᠭᠡ ᠶᠢᠨ ᠶᠢᠡᠨ ᠳᠤᠰᠢᠶᠠᠯ ᠢ ᠵᠠᠯᠭᠠᠮᠵᠢᠯᠠᠨ ᠬᠦᠬᠡ‍ᠨᠠᠭᠤᠷ ᠮᠤᠩᠭ᠋ᠤᠯ ᠤᠨ ᠶᠡᠷᠦᠩᠭᠡᠢ ᠵᠠᠭᠢᠷᠤᠭᠴᠢ ᠨᠤᠶᠠᠨ ᠪᠣᠯᠵᠠᠢ᠃ ᠳᠠᠷᠠ ᠨᠠᠢ᠌ᠷᠠᠯᠳᠤ ᠲᠦᠪ ᠤᠨ ᠠᠩᠬᠠᠳᠤᠭᠠᠷ (1723) ᠣᠨ ᠳᠤ ᠴᠢᠩ ᠣᠯᠤᠰ ᠢ ᠡᠰᠡᠷᠭᠦᠴᠡᠭ᠍ᠰᠡᠨ ᠪᠣᠰᠤᠯᠭ᠎ᠠ ᠭᠠᠷᠭᠠᠵᠤ ᠢᠯᠠᠭᠳᠠᠭᠠᠤᠨ ᠵᠡᠭᠦᠨᠭᠠᠷ ᠲᠤ ᠳᠤᠳᠠᠭᠠᠨ ᠭᠦᠷᠴᠤ ᠭᠤᠴᠢᠨ ᠨᠢᠭᠡᠨ ᠵᠢᠯ ᠠᠮᠢᠳᠤᠷᠠᠭᠠᠤᠨ ᠬᠤᠵᠢᠮ ᠨᠢ ᠴᠢᠩ ᠣᠯᠤᠰ ᠤᠨ ᠴᠡᠷᠢᠭ᠌ ᠲᠤ ᠪᠠᠷᠢᠭᠳᠠᠵᠤ ᠪᠠᠭᠡᠵᠢᠩ ᠳᠤ ᠭᠦᠷᠭᠡᠭ᠍ᠳᠡᠨ 《ᠦᠪᠡᠷ ᠤᠨ ᠳᠤᠷ᠎ᠠ ᠪᠠᠷ ᠶᠢᠡᠨ ᠭᠠᠷᠴᠤ ᠣᠷᠤᠵᠤ ᠪᠣᠯᠬᠤ》 ② ᠡᠷᠭᠡ ᠴᠢᠯᠦᠭᠡᠳᠡᠢ ᠠᠮᠢᠳᠤᠷᠠᠭᠰᠠᠨ ᠳᠡᠦᠭᠡᠳᠤ ᠦᠨᠡᠨ ᠭᠦᠮᠤᠨ ᠪᠣᠯᠤᠨ᠎ᠠ᠃

《ᠭᠠᠯᠳᠠᠨ ᠪᠣᠱᠤᠭᠳᠤ ᠶᠢᠨ ᠳᠤᠮᠤᠭ》 ᠭᠡᠭᠦ ᠳᠤᠮᠤᠭ ᠶᠠᠷᠢᠶ᠎ᠠ ᠵᠢ 1981 ᠣᠨ ᠳᠤ ᠰᠡᠷᠡᠡᠭᠡᠷᠡᠯ ᠰᠦᠪᠧᠢ ᠶᠢᠨ ᠣᠰᠤᠷ ᠵᠡᠷᠭᠡ ᠭᠦᠮᠦᠰ ᠤᠨ ᠶᠠᠷᠢᠭᠰᠠᠨ ᠢ ᠡᠮᠭᠢᠳᠭᠡᠵᠤ ᠠᠪᠣᠭᠠᠤᠨ ᠴᠡᠪᠰᠢᠭ᠌᠂ ᠰᠡᠷᠡᠡᠭᠡᠷᠡᠯ ᠤᠨ ᠡᠮᠭᠢᠳᠭᠡᠨ ᠨᠠᠢ᠌ᠷᠠᠭᠤᠯᠤᠭᠰᠠᠨ 《ᠳᠡᠭᠡᠳᠤ ᠮᠤᠩᠭ᠋ᠤᠯ ᠤᠨ ᠥᠯᠢᠭᠡᠷ ᠳᠤᠮᠤᠭ》 ᠭᠡᠮᠡᠭᠦ ᠳᠡᠭᠦᠪᠦᠷᠢ ᠳᠤ ᠣᠷᠤᠭᠤᠯᠵᠠᠢ᠃ ᠳᠤᠰ ᠳᠤᠮᠤᠭ ᠲᠤ ᠭᠠᠯᠳᠠᠨ ᠪᠣᠱᠤᠭᠳᠤ ᠭᠢᠳᠠᠤᠨ ᠮᠠᠠᠵᠤ ᠶᠢᠨ ᠴᠡᠷᠢᠭ᠌ ᠲᠡᠶ ᠪᠠᠢ᠌ᠯᠳᠤᠭᠰᠠᠨ᠂ ᠲᠦᠪᠡᠳ ᠲᠤ ᠣᠴᠢᠵᠤ ᠨᠤᠮ ᠰᠤᠷᠤᠭᠰᠠᠨ ᠵᠡᠷᠭᠡ ᠳᠡᠦᠭᠡ ᠶᠢᠨ ᠵᠠᠷᠢᠮ ᠣᠯᠠ ᠮᠦᠷ ᠪᠦᠦᠷ ᠳᠦᠤᠷ ᠬᠠᠷᠠᠭᠳᠠᠵᠤ ᠪᠠᠢ᠌ᠳᠠᠭ ᠪᠣᠯᠪᠠᠴᠤ ᠣᠯᠠᠩᠭᠢ ᠣᠢ᠌ᠯᠠ ᠶᠠᠪᠣᠳᠠᠯ ᠨᠢ ᠪᠦᠷ ᠳᠤᠮᠤᠭᠯᠢᠭ ᠰᠢᠠᠵᠢ ᠲᠡᠶ ᠪᠣᠯᠤᠭᠰᠠᠨ ᠪᠠᠢ᠌ᠳᠠᠭ᠃ ᠭᠠᠯᠳᠠᠨ ᠪᠣᠱᠤᠭᠳᠤ ᠪᠣᠯ ᠵᠡᠭᠦᠨᠭᠠᠷ ᠬᠠᠭᠠᠠᠳᠤ ᠣᠯᠤᠰ ᠢ ᠠᠩᠬ᠎ᠠ ᠪᠠᠢ᠌ᠭᠤᠯᠤᠭᠰᠠᠨ ᠭᠦᠮᠤᠨ ᠪᠣᠯᠤᠨ᠎ᠠ᠃ ᠳᠠᠷᠠ ᠪᠠᠭᠠᠳᠤᠷ ᠬᠤᠩ ᠳᠠᠢ᠌ᠵᠢ ᠶᠢᠨ ᠳᠠᠪᠣᠳᠤᠭᠠᠷ ᠭᠦᠪᠠᠭᠦᠨ ᠪᠣᠯᠬᠤ ᠪᠦᠭᠡᠳ ᠪᠠᠭ᠎ᠠ ᠳᠠᠭᠠᠨ ᠲᠦᠪᠡᠳ ᠲᠤ ᠯᠠᠮᠠ ᠪᠣᠯᠵᠤ ᠪᠠᠢ᠌ᠵᠠᠢ᠃ ᠬᠤᠵᠢᠮ ᠨᠢ ᠡᠭᠡ ᠶᠦᠮ ᠠᠭᠠᠰ ᠬᠠᠳᠤᠨ ᠤ ᠢᠳᠬᠠᠯ ᠶᠢᠡᠷ ᠲᠦᠪᠡᠳ ᠡᠴᠡ ᠵᠡᠭᠦᠨᠭᠠᠷ ᠲᠠᠭᠠᠨ ᠪᠣᠴᠠᠵᠤ ᠳᠦᠷᠤ ᠶᠢᠨ ᠬᠤᠪᠢᠰᠤᠯ ᠳᠤ ᠠᠯᠠᠭᠳᠠᠭᠰᠠᠨ ᠡᠭᠡ ᠨᠢᠭᠡᠳᠤ ᠠᠬ᠎ᠠ ᠰᠡᠩᠭᠡ ᠶᠢᠨ ᠰᠠᠭᠤᠷᠢᠨ ᠢ ᠵᠠᠯᠭᠠᠮᠵᠢᠯᠠᠵᠤ ᠳᠦᠷᠤ ᠶᠢᠨ ᠡᠷᠭᠡ ᠶᠢ ᠠᠤᠬᠤᠭᠰᠠᠨ ᠳᠡᠦᠭᠡᠳᠤ ᠭᠦᠮᠤᠨ ᠶᠤᠮ᠃

《ᠴᠤᠭᠳᠤ ᠳᠠᠢ᠌ᠵᠢ ᠪᠠ ᠳᠡᠭᠦᠨ ᠤ ᠬᠣᠢ᠌ᠴᠢᠰ ᠤᠨ ᠳᠤᠮᠤᠭ》 ᠭᠡᠭᠦ ᠳᠤᠮᠤᠭ ᠶᠠᠷᠢᠶ᠎ᠠ ᠳᠤ ᠴᠤᠭᠳᠤ ᠳᠠᠢ᠌ᠵᠢ ᠭᠡᠳᠡᠭ᠌ ᠭᠦᠮᠤᠨ ᠬᠦᠬᠡ‍ᠨᠠᠭᠤᠷ ᠲᠤ ᠢᠷᠠᠵᠤ ᠳᠤᠯᠤᠭᠠᠨ ᠵᠣᠢ᠌ᠯ ᠤᠨ ᠶᠡᠭᠡ ᠡᠷᠳᠡᠮ ᠢ ᠳᠡᠯᠭᠡᠷᠡᠭᠦᠯᠦᠭ᠍ᠰᠡᠨ᠂ ᠬᠤᠵᠢᠮ ᠨᠢ ᠭᠦᠦᠰᠢ ᠬᠠᠨ ᠳᠤ ᠠᠯᠠᠭᠳᠠᠵᠤ ᠳᠡᠭᠦᠨ ᠤ ᠬᠣᠢ᠌ᠴᠢᠰ ᠨᠢ 《ᠭᠤᠴᠢᠨ ᠭᠤᠷᠪᠠᠨ ᠬᠠᠷᠠᠩᠭ᠋ᠤᠢ》 ᠭᠡᠳᠡᠭ᠌ ᠭᠠᠵᠠᠷ ᠲᠤ ᠳᠤᠳᠠᠭᠠᠨ ᠶᠠᠪᠣᠵᠤ ᠠᠮᠢᠳᠤᠷᠠᠭᠰᠠᠨ ᠣᠢ᠌ᠯᠠ ᠶᠠᠪᠣᠳᠠᠯ ᠢ ᠥᠭᠦᠯᠡᠳᠡᠭ᠌᠃ ᠳᠤᠰ ᠳᠤᠮᠤᠭ ᠶᠠᠷᠢᠶ᠎ᠠ ᠳᠤ ᠶᠠᠷᠢᠵᠤ ᠪᠠᠢ᠌ᠭ᠎ᠠ ᠴᠤᠭᠳᠤ ᠳᠠᠢ᠌ᠵᠢ ᠭᠡᠳᠡᠭ᠌ ᠭᠦᠮᠤᠨ ᠪᠣᠯ ᠬᠦᠬᠡ‍ᠨᠠᠭᠤᠷ ᠲᠤ ᠠᠵᠢᠯᠯᠠᠭ᠎ᠠ ᠭᠢᠵᠤ ᠪᠠᠢ᠌ᠭᠰᠠᠨ ᠳᠡᠦᠭᠡᠳᠤ ᠦᠨᠡᠨ ᠭᠦᠮᠤᠨ ᠪᠣᠯᠤᠨ᠎ᠠ᠃ ᠡᠨᠡ ᠳᠤᠬᠠᠢ 《ᠤᠢ᠌ᠷᠠᠤᠨ ᠳᠡᠦᠭᠡᠨ ᠰᠤᠷᠪᠣᠯᠵᠢ ᠪᠢᠴᠢᠭ᠌》 ᠲᠤ 《ᠬᠠᠯᠬ᠎ᠠ ᠶᠢᠨ ᠭᠢᠯᠢ ᠳᠤ ᠳᠤᠳᠠᠭᠠᠨ ᠣᠷᠤᠭᠰᠠᠨ ᠭᠤᠪᠢ ᠶᠢᠨ ᠡᠮᠦᠨᠡᠭᠢ ᠡᠯ᠎ᠡ ᠠᠢ᠌ᠮᠠᠭ ᠤᠨ ᠭᠦᠮᠦᠰ ᠢ ᠬᠠᠯᠬ᠎ᠠ ᠶᠢᠨ ᠹᠧᠤᠳᠠᠯ ᠨᠤᠶᠠᠤᠨ ᠬᠤᠭᠤᠷᠤᠠᠳᠤ ᠪᠠᠨ ᠪᠣᠯᠢᠶᠠᠯᠳᠤᠵᠤ ᠭᠡᠷᠡᠭᠦᠯ ᠮᠠᠷᠭᠤᠯᠳᠤᠭᠠᠨ ᠪᠣᠯᠤᠭᠠᠤᠨ ᠲᠦᠰᠢᠶᠠᠳᠤ ᠬᠠᠨ ᠠᠢ᠌ᠮᠠᠭ ᠤᠨ ᠴᠤᠭᠳᠤ ᠳᠠᠢ᠌ᠵᠢ ᠬᠦᠬᠡ‍ᠨᠠᠭᠤᠷ ᠲᠤ ᠨᠡᠭᠦᠵᠤ ᠣᠴᠢᠪᠠᠢ》 ③ ᠭᠡᠵᠤ ᠳᠡᠮᠳᠡᠭᠯᠡᠵᠡᠢ᠃ ᠬᠠᠯᠬ᠎ᠠ ᠶᠢᠨ ᠴᠤᠭᠳᠤ ᠳᠠᠢ᠌ᠵᠢ ᠪᠠᠷᠤᠭ 1632 ᠣᠨ ᠤ ᠣᠷᠴᠢᠮ ᠬᠠᠷᠢᠶᠠᠳᠤ ᠣᠯᠠᠨ ᠶᠢᠡᠨ ᠳᠠᠭᠠᠭᠤᠯᠤᠨ ᠭᠦᠭᠡᠨᠠᠭᠤᠷ ᠲᠤ ᠢᠷᠠᠵᠤ ᠨᠤᠳᠤᠭᠰᠢᠵᠠᠢ᠃ ᠢᠩᠭᠢᠵᠤ ᠪᠠᠢ᠌ᠳᠠᠯ᠎ᠠ ᠤᠢ᠌ᠷᠠᠤᠨ ᠤᠨ ᠬᠤᠱᠤᠳ ᠠᠢ᠌ᠮᠠᠭ ᠤᠨ ᠭᠦᠦᠰᠢ ᠬᠠᠨ᠂ ᠵᠡᠭᠦᠨᠭᠠᠷ ᠤᠨ ᠳᠦᠷᠦᠭᠦᠤ ᠪᠠᠭᠠᠳᠤᠷ ᠬᠤᠩ ᠳᠠᠢ᠌ᠵᠢ ᠨᠡᠷ ᠬᠠᠮᠳᠤᠷᠠᠵᠤ 1637 ᠣᠨ ᠤ ᠴᠠᠭᠠᠨ ᠰᠠᠷ᠎ᠠ ᠳᠤ ᠴᠤᠭᠳᠤ ᠳᠠᠢ᠌ᠵᠢ ᠶᠢ ᠳᠤᠪᠳᠤᠯᠤᠨ ᠴᠤᠭᠢᠵᠤ ᠲᠦᠮᠡ ᠭᠠᠷᠤᠢ ᠰᠢᠯᠢᠳᠡᠭ᠌ ᠴᠡᠷᠢᠭ᠌ ᠤᠨ ᠭᠦᠴᠤ ᠪᠠᠷ ᠴᠤᠭᠳᠤ ᠳᠠᠢ᠌ᠵᠢ ᠶᠢᠨ ᠭᠤᠷᠪᠠᠨ ᠲᠦᠮᠡᠨ ᠴᠡᠷᠢᠭ᠌ ᠲᠡᠶ ᠰᠢᠷᠦᠭᠦᠨ ᠪᠠᠢ᠌ᠯᠳᠤᠭᠠᠨ ᠭᠢᠵᠤ ᠴᠥᠭᠡᠨ ᠶᠢᠡᠷ ᠣᠯᠠᠨ ᠢ ᠢᠯᠠᠵᠤ ᠴᠤᠭᠳᠤ ᠳᠠᠢ᠌ᠵᠢ ᠶᠢᠨ ᠴᠡᠷᠢᠭ᠌ ᠢ ᠶᠡᠭᠡᠪᠠᠷ ᠰᠥᠨᠦᠭᠡᠭᠡᠳ ᠬᠤᠶᠠᠷ ᠠᠭᠤᠯᠠ ᠶᠢᠨ ᠬᠤᠭᠤᠷᠤᠠᠳᠤᠭᠢ ᠬᠠᠪᠴᠢᠯ ᠢ ᠴᠢᠰᠤ ᠪᠠᠷ ᠪᠢᠯᠳᠠᠭᠰᠠᠨ ᠳᠤᠯᠠ ᠬᠤᠵᠢᠮ ᠨᠢ ᠡᠨᠡ ᠬᠤᠶᠠᠷ ᠠᠭᠤᠯᠠ ᠶᠢ ᠶᠡᠭᠡ ᠪᠠᠭ᠎ᠠ ᠣᠯᠠᠭᠠᠨ ᠬᠤᠰᠢᠭᠤ ᠭᠡᠵᠤ ᠨᠠᠷᠠᠢ᠌ᠤᠠᠴᠠᠢ᠃ ᠳᠡᠭᠡᠭᠡᠳ ᠣᠯᠢᠶᠠᠰᠤᠳᠠᠢ ᠶᠢᠨ ᠭᠤᠤᠯ ᠭᠡᠳᠡᠭ᠌ ᠭᠠᠵᠠᠷ ᠤᠨ ᠨᠢᠭᠡᠨ ᠳᠠᠷᠪᠠᠭ᠎ᠠ ᠶᠢᠨ ᠨᠥᠭᠡᠨ ᠳᠤᠳᠤᠷ᠎ᠠ ᠡᠴᠡ ᠴᠤᠭᠳᠤ ᠳᠠᠢ᠌ᠵᠢ ᠶᠢ ᠪᠠᠷᠢᠵᠤ ᠠᠪᠣᠭᠠᠤᠨ ᠠᠯᠠᠵᠠᠢ᠃ ᠳᠤᠰ ᠳᠤᠮᠤᠭ ᠶᠠᠷᠢᠶ᠎ᠠ ᠨᠢ ᠶᠠᠭ ᠡᠨᠡ ᠭᠦ ᠳᠡᠦᠭᠡᠨ ᠣᠢ᠌ᠯᠠ ᠶᠠᠪᠣᠳᠠᠯ ᠳᠡᠭᠡᠷ᠎ᠡ ᠰᠠᠭᠤᠷᠢᠯᠠᠭᠳᠠᠵᠤ ᠵᠤᠬᠢᠶᠠᠭᠳᠠᠭᠰᠠᠨ ᠳᠤᠯᠠ ᠳᠡᠦᠭᠡ ᠶᠢᠨ ᠦᠨ᠎ᠡ ᠴᠠᠨ᠎ᠠ ᠪᠠᠷ ᠨᠠᠯᠢᠶᠠᠤᠨ ᠦᠨᠳᠦᠷ ᠪᠠᠢ᠌ᠳᠠᠭ᠃

2᠂ ᠪᠦᠭᠡ ᠶᠢᠨ ᠳᠤᠮᠤᠭ ᠶᠠᠷᠢᠶ᠎ᠠ

ᠮᠤᠩᠭ᠋ᠤᠯᠴᠤᠳ ᠡᠷᠳᠡᠨ ᠡᠴᠡ ᠠᠪᠣᠭᠠᠤᠨ ᠢᠳᠠ ᠭᠦᠴᠤ ᠶᠢ ᠪᠢᠰᠢᠷᠠᠨ ᠰᠢᠳᠦᠭᠦ ᠣᠯᠠᠮᠵᠢᠯᠠᠯᠳᠤ ᠰᠤᠶᠤᠯ ᠣᠬᠠᠮᠰᠠᠷ ᠲᠡᠶ ᠪᠣᠯᠬᠤᠷ ᠭᠦᠴᠤ ᠴᠢᠳᠠᠯ ᠪᠣᠰᠤᠳ ᠡᠴᠡ ᠭᠡᠳᠥᠢᠳᠦᠭ᠍ᠰᠡᠨ ᠠᠪᠣᠷᠭᠤ ᠭᠦᠴᠦᠳᠤ ᠪᠦᠭᠡᠴᠦᠳ ᠤᠨ ᠳᠤᠬᠠᠢ ᠳᠤᠮᠤᠭ ᠶᠠᠷᠢᠶ᠎ᠠ ᠨᠠᠯᠢᠶᠠᠤᠨ ᠣᠯᠠᠨ ᠵᠤᠬᠢᠶᠠᠭᠳᠠᠵᠤ ᠣᠯᠠᠮᠵᠢᠯᠠᠭᠳᠠᠵᠤ ᠢᠷᠠᠵᠠᠢ᠃ ᠳᠡᠭᠡᠳᠤ ᠮᠤᠩᠭ᠋ᠤᠯ ᠴᠤ ᠪᠣᠰᠤᠳ ᠮᠤᠩᠭ᠋ᠤᠯ ᠲᠡᠶ ᠠᠳᠠᠯᠢ ᠪᠠᠷ ᠪᠠᠭᠠᠳᠤᠷ ᠡᠷ᠎ᠡ᠂ ᠢᠳᠠ ᠭᠦᠴᠤ ᠶᠢ ᠰᠢᠳᠤᠨ ᠪᠢᠰᠢᠷᠡᠭᠦ ᠵᠠᠩᠰᠢᠯ ᠲᠡᠶ ᠪᠠᠢ᠌ᠵᠠᠢ᠃ ᠵᠢᠱᠢᠶᠠᠯᠠᠪᠠᠯ ᠳᠡᠭᠡᠳᠤ ᠮᠤᠩᠭ᠋ᠤᠯ ᠳᠤ 《ᠭᠦᠷᠯᠦᠭ᠌ ᠬᠤᠰᠢᠭᠤᠨ ᠪᠦᠭᠡᠴᠢᠨ ᡀᠠᠵᠠᠪ》᠂ 《ᠴᠢᠭᠡᠷᠡᠭ ᠴᠢᠯᠪᠢ》 ᠵᠡᠷᠭᠡ ᠠᠪᠣᠷᠭᠤ ᠪᠦᠭᠡᠴᠦᠳ ᠤᠨ ᠳᠤᠮᠤᠭ ᠪᠠᠢ᠌ᠳᠠᠭ᠃ ᠡᠳᠡᠭᠡᠷ ᠪᠦᠭᠡᠴᠢᠨ ᠨᠢ ᠪᠦᠷ ᠳᠡᠦᠭᠡᠳᠤ ᠦᠨᠡᠨ ᠭᠦᠮᠦᠰ ᠪᠤᠯᠤᠨ᠎ᠠ᠃ ᠭᠦᠷᠯᠦᠭ᠌ ᠬᠤᠰᠢᠭᠤᠨ ᠤ ᠪᠦᠭᠡᠴᠢᠨ ᡀᠠᠵᠠᠪ ᠤᠨ ᠳᠤᠬᠠᠢ 《ᠭᠦᠷᠯᠦᠭ᠌ ᠬᠤᠰᠢᠭᠤᠨ ᠤ ᠣᠢ᠌ᠯᠠᠪᠣᠷᠢ》 ᠳ᠋ᠤ 《ᠪᠦᠭᠡ ᡀᠠᠵᠠᠪ (1880 ᠣᠨ ᠡᠴᠡ ᠬᠤᠷᠢᠳᠤᠭᠠᠷ ᠵᠠᠭᠤᠨ ᠤ ᠡᠭᠢᠨ ᠤ ᠦᠶ᠎ᠡ) ᠭᠡᠴᠡᠭᠦᠤ ᠨᠤᠶᠠᠨ ᠤ ᠦᠶ᠎ᠡ ᠳᠤ ᠪᠠᠢ᠌ᠭᠰᠠᠨ ᠭᠦᠷᠯᠦᠭ᠌ ᠬᠤᠰᠢᠭᠤᠨ ᠤ ᠨᠠᠷᠠᠳᠤ ᠪᠦᠭᠡ ᠮᠦᠨ》 ④ ᠭᠡᠵᠤ ᠳᠡᠮᠳᠡᠭᠯᠡᠵᠡᠢ᠃ 《ᠭᠦᠷᠯᠦᠭ᠌ ᠬᠤᠰᠢᠭᠤᠨ ᠤ ᠪᠦᠭᠡᠴᠢᠨ ᡀᠠᠵᠠᠪ》 ᠭᠡᠳᠡᠭ᠌ ᠳᠤᠮᠤᠭ ᠶᠠᠷᠢᠶ᠎ᠠ ᠨᠢ ᠳᠦᠷᠪᠠᠨ ᠭᠡᠰᠩ ᠶᠢᠡᠷ ᠪᠦᠷᠢᠯᠳᠦᠵᠡᠢ᠃ ᠳᠠᠷᠤᠢ 《ᠠᠳᠠᠨ》 ᠭᠡᠳᠡᠭ᠌ ᠴᠤᠯᠠ ᠠᠪᠣᠭᠰᠠᠨ᠂ ᠭᠠᠷ ᠤᠨ ᠭᠦᠴᠤ ᠪᠠᠨ ᠰᠢᠯᠭᠠᠭᠰᠠᠨ᠂ 《ᠪᠦᠭᠡ ᠴᠢᠯᠠᠭᠤ》᠂ 《ᠠᠳᠠᠨ》 ᡀᠠᠵᠠᠪ ᠳᠠᠭᠠᠯᠠᠯ ᠳᠡᠭᠦᠰᠦᠭ᠍ᠰᠡᠨ ᠭᠡᠭᠦ ᠳᠦᠷᠪᠠᠨ ᠭᠡᠰᠩ ᠶᠢᠡᠷ ᠪᠦᠷᠢᠯᠳᠦᠭ᠍ᠰᠡᠨ ᠪᠠᠢ᠌ᠳᠠᠭ᠃ ᠳᠤᠰ ᠳᠤᠮᠤᠭ ᠶᠠᠷᠢᠶ᠎ᠠ ᠳᠤ ᡀᠠᠵᠠᠪ ᠭᠡᠳᠡᠭ᠌ ᠪᠦᠭᠡᠴᠢᠨ ᠤ ᠨᠢᠭᠡ ᠨᠠᠰᠤᠨ ᠤ ᠴᠢᠬᠤᠯᠠ ᠴᠢᠬᠤᠯᠠ ᠣᠢ᠌ᠯᠠ ᠶᠠᠪᠣᠳᠠᠯ ᠢ ᠥᠭᠦᠯᠡᠵᠡᠢ᠃

《ᠴᠢᠭᠡᠷᠡᠭ ᠴᠢᠯᠪᠢ》 ᠭᠡᠳᠡᠭ᠌ ᠳᠤᠮᠤᠭ ᠨᠢ ᠨᠠᠢ᠌ᠳᠠ ᠳᠠᠪᠤᠨ ᠭᠡᠰᠩ ᠶᠢᠡᠷ ᠪᠦᠷᠢᠯᠳᠦᠵᠡᠢ᠃ ᠴᠢᠭᠡᠷᠡᠭ ᠴᠢᠯᠪᠢ ᠶᠢᠨ ᠳᠤᠬᠠᠢ ᠪᠣᠳᠠᠳᠠᠢ ᠳᠤᠳᠤᠷᠬᠠᠢ ᠵᠠᠩᠭᠢ ᠮᠡᠳᠡᠭᠡ ᠦᠭᠡᠶ᠂ ᠳᠤᠮᠤᠭ ᠶᠠᠷᠢᠶ᠎ᠠ ᠳᠤ ᠭᠡᠯᠡᠭᠦ ᠪᠠᠷ 18 ᠳ᠋ᠤᠭᠠᠷ ᠵᠠᠭᠤᠨ ᠤ ᠦᠶ᠎ᠡ ᠪᠠᠷ ᠠᠮᠢᠳᠤᠷᠠᠵᠤ ᠪᠠᠢ᠌ᠭᠰᠠᠨ ᠳᠠᠢ᠌ᠵᠢᠨᠠᠷ ᠬᠤᠰᠢᠭᠤᠨ ᠤ ᠭᠦᠮᠤᠨ ᠭᠡᠨ᠎ᠡ᠃ ᠡᠢ᠌ᠮᠤ ᠡᠴᠡ ᠳᠠᠷᠠ ᠭᠦᠮᠤᠨ ᠤ ᠨᠤᠳᠤᠭ ᠣᠰᠤ᠂ ᠠᠮᠢᠳᠤᠷᠠᠵᠤ ᠪᠠᠢ᠌ᠭᠰᠠᠨ ᠣᠨ ᠵᠢᠯ ᠵᠡᠷᠭᠡ ᠶᠢ ᠴᠢᠨᠠᠭᠰᠢᠳᠠ ᠳᠤᠳᠤᠯᠬᠤ ᠴᠢᠬᠤᠯᠠᠳᠠᠢ᠃ ᠡᠭᠦᠨ ᠳᠤ ᠮᠦᠷᠭᠦᠯ ᠤᠨ ᠵᠠᠮ ᠳᠤ᠂ ᠥᠭᠡᠷ ᠤᠨ ᠵᠠᠷᠭᠤ᠂ ᠬᠦᠬᠡ‍ᠨᠠᠭᠤᠷ ᠤᠨ ᠴᠢᠭᠤᠯᠭᠠᠨ ᠳᠡᠭᠡᠷ᠎ᠡ᠂ ᠪᠣᠬ᠎ᠠ ᠶᠢᠨ ᠭᠤᠤᠯ ᠤᠨ ᠭᠦᠪᠠᠭᠡᠨ ᠳᠤ᠂ ᠴᠢᠯᠪᠢ ᠶᠢ 《ᠰᠢᠳᠭᠡᠭ᠍ᠰᠡᠨ》 ᠨᠢ ᠭᠡᠭᠦ ᠳᠠᠪᠤᠨ ᠭᠡᠰᠩ ᠶᠢᠡᠷ ᠪᠦᠷᠢᠯᠳᠦᠵᠤ ᠴᠢᠯᠪᠢ ᠭᠡᠳᠡᠭ᠌ ᠪᠦᠭᠡᠴᠢᠨ ᠤ ᠪᠣᠰᠤᠳ ᠡᠴᠡ ᠭᠡᠳᠥᠢᠳᠦᠭ᠍ᠰᠡᠨ ᠭᠦᠴᠤ ᠴᠢᠳᠠᠯ᠂ ᠡᠭᠡᠯ ᠠᠷᠠᠤᠨ ᠢ ᠡᠨᠡᠷᠢᠨ ᠦᠷᠤ ᠡᠪᠠᠦᠡᠴᠤ᠂ ᠪᠠᠶᠠᠤᠨ ᠨᠤᠶᠠᠤᠨ ᠢ ᠪᠠᠰᠤᠮᠵᠢᠯᠠᠨ ᠥᠵᠡᠳᠡᠭ᠌ ᠪᠠᠢ᠌ᠭᠰᠠᠨ ᠣᠢ᠌ᠯᠠ ᠶᠠᠪᠣᠳᠠᠯ ᠢ ᠥᠭᠦᠯᠡᠵᠡᠢ᠃

3᠂ ᠭᠡᠴᠡᠭᠦᠤ ᠮᠡᠷᠭᠡᠨ ᠭᠦᠮᠤᠨ ᠤ ᠳᠤᠮᠤᠭ ᠶᠠᠷᠢᠶ᠎ᠠ

ᠲ᠋ᠡᠭᠡᠳᠤ ᠮᠤᠩᠭ᠋ᠤᠯᠴᠤᠳ ᠶᠠᠷᠤ ᠡᠴᠡ ᠭᠡᠯᠡ ᠠᠮᠠᠨ ᠳᠠᠭᠠᠨ ᠬᠤᠷᠴᠠ᠂ ᠳᠠᠷᠢᠭᠢ ᠳᠤᠯᠤᠭᠠᠢ ᠣᠠᠴᠠᠭᠠᠢ ᠰᠡᠷᠭᠡᠭ᠌᠂ ᠡᠷᠳᠡᠮ ᠴᠢᠳᠠᠪᠣᠷᠢ ᠪᠣᠰᠤᠳ ᠡᠴᠡ ᠭᠡᠳᠥᠢᠳᠦᠭ᠍ᠰᠡᠨ ᠭᠦᠮᠦᠰ ᠢ ᠭᠡᠴᠡᠭᠦᠤ ᠮᠡᠷᠭᠡᠨ ᠭᠦᠮᠤᠨ ᠭᠡᠵᠤ ᠭᠡᠯᠡᠳᠡᠭ᠌᠃ ᠪᠢ ᠡᠨᠡ ᠭᠦ ᠵᠠᠩᠰᠢᠯ ᠢ ᠪᠠᠷᠢᠮᠳᠠᠯᠠᠵᠤ ᠡᠳᠡᠭᠡᠷ ᠳᠤᠮᠤᠭ ᠶᠠᠷᠢᠶ᠎ᠠ ᠨᠤᠭᠤᠳ ᠢ 《ᠭᠡᠴᠡᠭᠦᠤ ᠮᠡᠷᠭᠡᠨ ᠭᠦᠮᠤᠨ ᠤ ᠳᠤᠮᠤᠭ》 ᠭᠡᠵᠤ ᠨᠠᠷᠠᠯᠠᠵᠠᠢ᠃

ᠲ᠋ᠡᠭᠡᠳᠤ ᠮᠤᠩᠭ᠋ᠤᠯ ᠤᠨ ᠭᠡᠴᠡᠭᠦᠤ ᠮᠡᠷᠭᠡᠨ ᠭᠦᠮᠤᠨ ᠤ ᠳᠤᠮᠤᠭ ᠶᠠᠷᠢᠶ᠎ᠠ ᠳᠤ 《ᠰᠤᠬᠤᠷ ᠬᠤᠰᠢᠭᠤᠨ ᠵᠠᠩᠭᠢ》 ᠭᠡᠳᠡᠭ᠌ ᠳᠤᠮᠤᠭ ᠪᠣᠢ᠃ ᠬᠠᠢ᠌ᠰᠢ ᠶᠢᠨ ᠳᠠᠢ᠌ᠵᠢᠨᠠᠷ ᠬᠤᠰᠢᠭᠤᠨ ᠳᠤ ᠶᠠᠷᠢᠭᠳᠠᠵᠤ ᠪᠠᠢ᠌ᠭ᠎ᠠ 《ᠱᠤᠭᠪᠣᠷᠵᠠ ᠶᠢᠨ ᠥᠯᠢᠭᠡᠷ》 ᠨᠢ ᠪᠠᠷᠤᠭ ᠭᠦᠷᠯᠦᠭ᠌ ᠬᠤᠰᠢᠭᠤ ᠪᠣᠯᠤᠨ ᠰᠦᠪᠧᠢ ᠰᠢᠶᠠᠨ ᠳᠤ ᠶᠠᠷᠢᠭᠳᠠᠵᠤ ᠪᠠᠢ᠌ᠭ᠎ᠠ 《ᠰᠤᠬᠤᠷ ᠬᠤᠰᠢᠭᠤᠨ ᠵᠠᠩᠭᠢ》 ᠭᠡᠳᠡᠭ᠌ ᠳᠤᠮᠤᠭ ᠤᠨ ᠨᠢᠭᠡ ᠬᠤᠪᠢᠯᠪᠣᠷᠢ ᠪᠣᠯᠤᠯᠳᠠᠢ᠃ ᠣᠴᠢᠷ ᠨᠢ ᠳᠤᠰ ᠳᠤᠮᠤᠭ ᠶᠠᠷᠢᠶ᠎ᠠ ᠶᠢᠨ ᠣᠢ᠌ᠯᠠ ᠶᠠᠪᠣᠳᠠᠯ ᠨᠢ ᠦᠨᠳᠦᠰᠦᠨ ᠳᠡᠭᠡᠨ ᠪᠠᠷᠤᠭ ᠠᠳᠠᠯᠢᠪᠳᠤᠷ ᠪᠠᠢ᠌ᠵᠤ ᠵᠥᠪᠭᠡᠨ ᠭᠤᠤᠯ ᠬᠤᠶᠠᠷ ᠪᠠᠭᠠᠳᠤᠷ ᠤᠨ ᠨᠠᠷ᠎ᠠ ᠨᠢ ᠣᠠᠳᠤᠤ ᠪᠠᠢ᠌ᠳᠠᠭ ᠪᠣᠯᠪᠠᠴᠤ ᠬᠤᠶᠠᠷ ᠭᠦᠮᠤᠨ ᠤ ᠥᠭᠦᠯ ᠨᠢ ᠠᠪ ᠠᠳᠠᠯᠢᠬᠠᠨ ᠪᠠᠢ᠌ᠳᠠᠭ᠃ ᠡᠭᠦᠨ ᠡᠴᠡ ᠦᠵᠡᠪᠠᠯ ᠨᠢᠭᠡ ᠯᠠ ᠳᠤᠮᠤᠭ ᠤᠨ ᠬᠤᠶᠠᠷ ᠬᠤᠪᠢᠯᠪᠣᠷᠢ ᠪᠣᠯᠤᠯᠳᠠᠢ ᠭᠡᠵᠤ ᠦᠵᠡᠨ᠎ᠠ᠃ 《ᠰᠤᠬᠤᠷ ᠬᠤᠰᠢᠭᠤᠨ ᠵᠠᠩᠭᠢ》 ᠭᠡᠳᠡᠭ᠌ ᠨᠢ ᠳᠡᠦᠭᠡᠳᠤ ᠦᠨᠡᠨ ᠭᠦᠮᠤᠨ ᠪᠣᠯᠤᠯᠳᠠᠢ᠃ ᠭᠡᠪᠠᠴᠤ 《ᠭᠦᠷᠯᠦᠭ᠌ ᠬᠤᠰᠢᠭᠤᠨ ᠤ ᠣᠢ᠌ᠯᠠᠪᠣᠷᠢ》 ᠪᠣᠯᠤᠨ 《ᠳᠠᠢ᠌ᠵᠢᠨᠠᠷ ᠬᠤᠰᠢᠭᠤᠨ ᠤ ᠣᠢ᠌ᠯᠠᠯᠭ᠎ᠠ》 ᠵᠡᠷᠭᠡ ᠨᠤᠮ ᠪᠢᠴᠢᠭ᠌ ᠤᠳ ᠡᠴᠡ ᠳᠤᠰ ᠭᠦᠮᠤᠨ ᠤ ᠳᠤᠬᠠᠢ ᠵᠠᠩᠭᠢ ᠮᠡᠳᠡᠭᠡ ᠶᠢ ᠣᠯᠵᠤ ᠥᠵᠡᠭ᠍ᠰᠡᠨ ᠦᠭᠡᠶ ᠳᠤᠯᠠ ᠳᠤᠰ ᠭᠦᠮᠤᠨ ᠤ ᠳᠤᠬᠠᠢ ᠴᠢᠨᠠᠭᠰᠢᠳᠠ ᠳᠤᠳᠤᠯᠬᠤ ᠴᠢᠬᠤᠯᠠᠳᠠᠢ᠃ ᠳᠤᠰ ᠳᠤᠮᠤᠭ ᠶᠠᠷᠢᠶ᠎ᠠ ᠳᠤ ᠭᠡᠯᠡ ᠠᠮᠠᠨ ᠳᠠᠭᠠᠨ ᠭᠡᠴᠡᠭᠦᠤ ᠬᠤᠷᠴᠠ ᠰᠤᠬᠤᠷ ᠬᠤᠰᠢᠭᠤᠨ ᠵᠠᠩᠭᠢ ᠨᠠᠰᠤᠨ ᠳᠤᠷᠰᠢᠳᠠ ᠪᠣᠰᠤᠳ ᠭᠦᠮᠤᠨ ᠳᠤ ᠠᠪᠳᠠᠭᠳᠠᠭᠰᠠᠨ ᠦᠭᠡᠶ ᠪᠠᠢ᠌ᠭᠠᠤᠨ ᠡᠴᠦᠰ ᠲᠡᠭᠡᠨ ᠡᠩ ᠤᠨ ᠨᠢᠭᠡᠨ ᠪᠦᠰᠡᠭᠦᠢ ᠭᠦᠮᠤᠨ ᠳᠤ ᠥᠭᠦᠳᠡᠯ᠎ᠡ ᠪᠠᠨ ᠭᠡᠯᠡᠭ᠍ᠳᠡᠭᠡᠳ ᠴᠡᠭᠡᠷᠯᠡᠵᠤ ᠵᠢᠭ᠍ᠰᠢᠭ᠍ᠰᠡᠨ ᠳᠡᠭᠡᠷ᠎ᠡ ᠰᠠᠨᠠᠭᠠᠨ ᠤ ᠡᠪᠡᠳᠴᠢᠨ ᠳᠠᠪᠬᠤᠴᠠᠵᠤ ᠥᠭᠦᠭ᠍ᠰᠡᠨ ᠣᠢ᠌ᠯᠠ ᠶᠠᠪᠣᠳᠠᠯ ᠢ ᠥᠭᠦᠯᠡᠵᠡᠢ᠃

(ᠬᠤᠶᠠᠷ) ᠨᠤᠳᠤᠭ ᠣᠰᠤᠨ ᠤ ᠳᠤᠮᠤᠭ ᠶᠠᠷᠢᠶ᠎ᠠ

ᠮᠤᠩᠭ᠋ᠤᠯ ᠦᠨᠳᠦᠰᠦᠳᠠᠨ ᠤ ᠣᠷᠤᠰᠢᠨ ᠠᠮᠢᠳᠤᠷᠠᠵᠤ ᠪᠠᠢ᠌ᠭ᠎ᠠ ᠨᠤᠳᠤᠭ ᠣᠰᠤ ᠨᠢ ᠶᠠᠷᠤ ᠡᠴᠡ ᠠᠭᠤᠯᠠ ᠪᠣᠯᠭᠠᠨ ᠳᠤᠮᠤᠭ ᠲᠡᠶ᠂ ᠣᠰᠤ ᠪᠣᠯᠭᠠᠨ ᠥᠯᠢᠭᠡᠷ ᠲᠡᠶ ᠪᠠᠢ᠌ᠳᠠᠭ᠃ ᠡᠢ᠌ᠮᠤ ᠡᠴᠡ ᠳᠡᠭᠡᠳᠤ ᠮᠤᠩᠭ᠋ᠤᠯ ᠴᠤ ᠨᠤᠳᠤᠭ ᠣᠰᠤᠨ ᠤ ᠳᠤᠮᠤᠭ ᠶᠢᠡᠷ ᠲᠤᠢ᠌ᠯ ᠤᠨ ᠡᠯᠪᠠᠭ᠌ ᠪᠠᠢ᠌ᠳᠠᠭ᠃ ᠳᠡᠭᠡᠳᠤ ᠮᠤᠩᠭ᠋ᠤᠯ ᠤᠨ ᠨᠤᠳᠤᠭ ᠣᠰᠤᠨ ᠤ ᠳᠤᠮᠤᠭ ᠶᠠᠷᠢᠶ᠎ᠠ ᠶᠢ ᠪᠠᠰᠠ ᠳᠤᠳᠤᠷ᠎ᠠ ᠨᠢ ᠳᠡᠦᠭᠡᠨ ᠭᠦᠮᠤᠨ ᠲᠡᠶ ᠬᠤᠯᠪᠣᠭᠳᠠᠭᠰᠠᠨ ᠨᠤᠳᠤᠭ ᠣᠰᠤᠨ ᠤ ᠳᠤᠮᠤᠭ᠂ ᠭᠡᠰᠡᠷ ᠲᠡᠶ ᠬᠤᠯᠪᠣᠭᠳᠠᠭᠰᠠᠨ ᠨᠤᠳᠤᠭ ᠣᠰᠤᠨ ᠤ ᠳᠤᠮᠤᠭ᠂ ᠪᠠᠢ᠌ᠭᠠᠯᠢ ᠶᠢᠨ ᠬᠠᠴᠢᠨ ᠰᠤᠨᠢᠨ ᠥᠵᠡᠭ᠍ᠳᠡᠯ ᠲᠡᠶ ᠬᠤᠯᠪᠣᠭᠳᠠᠭᠰᠠᠨ ᠳᠤᠮᠤᠭ ᠭᠡᠵᠤ ᠭᠡᠳᠤᠨ ᠳᠦᠷᠤᠯ ᠵᠣᠢ᠌ᠯ ᠳᠤ ᠬᠤᠪᠢᠶᠠᠵᠤ ᠪᠣᠯᠤᠨ᠎ᠠ᠃

1᠂ ᠳᠡᠦᠭᠡᠨ ᠭᠦᠮᠤᠨ ᠲᠡᠶ ᠬᠤᠯᠪᠣᠭᠳᠠᠭᠰᠠᠨ ᠨᠤᠳᠤᠭ ᠣᠰᠤᠨ ᠤ ᠳᠤᠮᠤᠭ ᠶᠠᠷᠢᠶ᠎ᠠ

ᠲ᠋ᠡᠭᠡᠳᠤ ᠮᠤᠩᠭ᠋ᠤᠯ ᠤᠨ ᠳᠡᠦᠭᠡᠨ ᠭᠦᠮᠤᠨ ᠲᠡᠶ ᠬᠤᠯᠪᠣᠭᠳᠠᠭᠰᠠᠨ ᠨᠤᠳᠤᠭ ᠣᠰᠤᠨ ᠤ ᠳᠤᠮᠤᠭ ᠶᠠᠷᠢᠶ᠎ᠠ ᠳᠤ ᠴᠢᠩᠭᠢᠰ ᠬᠠᠭᠠᠨ ᠲᠡᠶ ᠬᠤᠯᠪᠣᠭᠳᠠᠭᠰᠠᠨ ᠨᠤᠳᠤᠭ ᠣᠰᠤᠨ ᠤ ᠳᠤᠮᠤᠭ᠂ ᠠᠯᠳᠠᠨ ᠬᠠᠨ ᠲᠡᠶ ᠬᠤᠯᠪᠣᠭᠳᠠᠭᠰᠠᠨ ᠨᠤᠳᠤᠭ ᠣᠰᠤᠨ ᠤ ᠳᠤᠮᠤᠭ᠂ ᠭᠦᠦᠰᠢ ᠬᠠᠨ ᠲᠡᠶ ᠬᠤᠯᠪᠣᠭᠳᠠᠭᠰᠠᠨ ᠨᠤᠳᠤᠭ ᠣᠰᠤᠨ ᠤ ᠳᠤᠮᠤᠭ᠂ ᠴᠤᠭᠳᠤ ᠳᠠᠢ᠌ᠵᠢ ᠲᠡᠶ ᠬᠤᠯᠪᠣᠭᠳᠠᠭᠰᠠᠨ ᠨᠤᠳᠤᠭ ᠣᠰᠤᠨ ᠤ ᠳᠤᠮᠤᠭ᠂ ᠳ᠋ᠠᠠᠵᠢᠨ ᠬᠤᠩ ᠳᠠᠢ᠌ᠵᠢ ᠲᠡᠶ ᠬᠤᠯᠪᠣᠭᠳᠠᠭᠰᠠᠨ ᠨᠤᠳᠤᠭ ᠣᠰᠤᠨ ᠤ ᠳᠤᠮᠤᠭ ᠵᠡᠷᠭᠡ ᠪᠣᠢ᠃

⑴ ᠴᠢᠩᠭᠢᠰ ᠬᠠᠭᠠᠨ ᠲᠡᠶ ᠬᠤᠯᠪᠣᠭᠳᠠᠭᠰᠠᠨ ᠨᠤᠳᠤᠭ ᠣᠰᠤᠨ ᠤ ᠳᠤᠮᠤᠭ

ᠲ᠋ᠡᠭᠡᠳᠤ ᠮᠤᠩᠭ᠋ᠤᠯ ᠳᠤ ᠴᠢᠩᠭᠢᠰ ᠬᠠᠭᠠᠨ ᠲᠡᠶ ᠬᠤᠯᠪᠣᠭᠳᠠᠭᠰᠠᠨ ᠨᠤᠳᠤᠭ ᠣᠰᠤᠨ ᠤ ᠳᠤᠮᠤᠭ ᠶᠠᠷᠢᠶ᠎ᠠ ᠳᠤᠩ ᠬᠤᠪᠣᠷ ᠪᠠᠢ᠌ᠳᠠᠭ᠃ ᠮᠢᠨᠤ ᠰᠢᠭᠦᠵᠤ ᠥᠵᠡᠭ᠍ᠰᠡᠨ ᠳᠡᠳᠡᠭᠡᠷ ᠳᠤᠮᠤᠭ ᠶᠠᠷᠢᠶ᠎ᠠ ᠳᠤᠳᠤᠷ᠎ᠠ ᠴᠢᠩᠭᠢᠰ ᠬᠠᠭᠠᠨ ᠲᠡᠶ ᠬᠤᠯᠪᠣᠭᠳᠠᠭᠰᠠᠨ ᠨᠤᠳᠤᠭ ᠣᠰᠤᠨ ᠤ ᠳᠤᠮᠤᠭ ᠭᠡᠪᠠᠯ ᠵᠥᠪᠭᠡᠨ 《ᠠᠯᠳᠠᠨ ᠪᠣᠯᠠᠭ》᠂ 《ᠡᠪᠠᠢ ᠶᠢᠨ ᠭᠤᠤᠯ》 ᠭᠡᠭᠦ ᠬᠤᠶᠠᠷᠬᠠᠨ ᠳᠤᠮᠤᠭ ᠣᠯᠳᠠᠭᠠᠤᠨ ᠪᠣᠢ᠃ 《ᠠᠯᠳᠠᠨ ᠪᠣᠯᠠᠭ》 ᠭᠡᠭᠦ ᠳᠤᠮᠤᠭ ᠶᠠᠷᠢᠶ᠎ᠠ ᠡᠴᠡ ᠥᠵᠡᠭᠦ ᠳᠤ ᠭᠡᠰᠡᠷ ᠲᠡᠶ ᠬᠤᠯᠪᠣᠭᠳᠠᠭᠰᠠᠨ ᠨᠤᠳᠤᠭ ᠣᠰᠤᠨ ᠤ ᠳᠤᠮᠤᠭ ᠲᠡᠶ ᠳᠤᠩ ᠠᠳᠠᠯᠢᠬᠠᠨ ᠪᠠᠢ᠌ᠵᠤ ᠳᠤᠮᠤᠭᠯᠢᠭ ᠰᠢᠠᠵᠢ ᠲᠡᠶ ᠪᠣᠯᠵᠠᠢ᠃ ᠡᠭᠦᠨ ᠡᠴᠡ ᠥᠵᠡᠭᠦ ᠳᠤ ᠳᠤᠰ ᠳᠤᠮᠤᠭ ᠢ ᠶᠠᠷᠢᠭᠴᠢ ᠪᠣᠶᠤ ᠴᠤᠭᠯᠠᠭᠤᠯᠤᠭᠴᠢ ᠡᠴᠡ ᠰᠠᠨᠠᠭᠠᠴᠢᠯᠭ᠎ᠠ ᠲᠡᠶ ᠪᠠᠷ ᠭᠡᠰᠡᠷ ᠤᠨ ᠳᠤᠬᠠᠢ ᠨᠤᠳᠤᠭ ᠣᠰᠤᠨ ᠤ ᠳᠤᠮᠤᠭ ᠳᠡᠭᠡᠷ᠎ᠡ ᠴᠢᠩᠭᠢᠰ ᠬᠠᠭᠠᠨ ᠤ ᠨᠠᠷ᠎ᠠ ᠶᠢ ᠠᠯᠪᠠ ᠪᠠᠷ ᠳᠤᠬᠤᠭᠰᠠᠨ ᠪᠠᠢ᠌ᠵᠤ ᠮᠠᠳᠠᠨ᠎ᠡ᠃ ᠣᠴᠢᠷ ᠨᠢ ᠭᠡᠪᠠᠯ ᠳᠤᠰ ᠳᠤᠮᠤᠭ ᠶᠠᠷᠢᠶ᠎ᠠ ᠡᠴᠡ ᠥᠭᠡᠷ᠎ᠡ ᠴᠢᠩᠭᠢᠰ ᠬᠠᠭᠠᠨ ᠲᠡᠶ ᠬᠤᠯᠪᠣᠭᠳᠠᠭᠰᠠᠨ ᠨᠤᠳᠤᠭ ᠣᠰᠤᠨ ᠤ ᠳᠤᠮᠤᠭ ᠭᠡᠵᠤ ᠳᠡᠭᠡᠳᠤ ᠮᠤᠩᠭ᠋ᠤᠯ ᠳᠤ ᠪᠠᠷᠤᠭ ᠪᠠᠢ᠌ᠳᠠᠭ ᠦᠭᠡᠶ᠃ ᠲ᠋ᠤᠰ ᠳᠤᠮᠤᠭ ᠨᠢ ᠴᠢᠩᠭᠢᠰ ᠬᠠᠭᠠᠨ ᠤ ᠳᠡᠦᠭᠡᠳᠤ ᠣᠢ᠌ᠯᠠ ᠶᠠᠪᠣᠳᠠᠯ ᠤᠨ ᠣᠯᠠ ᠮᠦᠷ ᠳᠡᠭᠡᠷ᠎ᠡ ᠰᠠᠭᠤᠷᠢᠯᠠᠭᠳᠠᠵᠤ ᠰᠢᠳᠢᠳᠤ ᠥᠯᠢᠭᠡᠷ ᠤᠨ ᠭᠡᠢ ᠪᠣᠳᠤᠯ ᠣᠷᠠᠨ ᠳᠠᠭᠠᠮᠠᠭᠯᠠᠯ ᠤᠨ ᠠᠷᠭ᠎ᠠ ᠪᠠᠷ ᠵᠤᠬᠢᠶᠠᠭᠳᠠᠭᠰᠠᠨ ᠳᠤᠮᠤᠭ ᠪᠣᠯᠤᠨ᠎ᠠ᠃ ᠴᠢᠩᠭᠢᠰ ᠬᠠᠭᠠᠨ ᠬᠦᠬᠡ‍ᠨᠠᠭᠤᠷ ᠤᠨ ᠴᠠᠢ᠌ᠳᠠᠮ ᠳᠤ ᠢᠷᠠᠵᠤ ᠥᠩᠭᠡᠷᠩᠰᠡᠨ ᠡᠰᠡᠭᠦ ᠳᠤᠬᠠᠢ ᠬᠤᠶᠠᠷ ᠵᠣᠢ᠌ᠯ ᠤᠨ ᠳᠡᠮᠳᠡᠭᠯᠡᠯ ᠪᠠᠢ᠌ᠳᠠᠭ᠃ ᠨᠢᠭᠡ ᠳᠤ᠂ ᠰᠠᠭᠠᠩ ᠰᠠᠴᠠᠨ ᠤ 《ᠡᠷᠳᠡᠨᠢ ᠶᠢᠨ ᠳᠤᠪᠴᠢ》 ᠳ᠋ᠤ ᠳᠦᠴᠢᠨ ᠳᠠᠪᠤᠨ ᠣᠨ ᠤ ᠣᠯᠠᠭᠠᠨ ᠪᠠᠷᠰ ᠵᠢᠯ (ᠨᠠᠢ᠌ᠳᠠ ᠶᠢᠨ ᠣᠨ ᠳᠤᠭᠠᠯᠠᠯ ᠤᠨ 1206 ᠣᠨ) ᠲᠦᠪᠡᠳ ᠤᠨ ᠬᠠᠭᠠᠨ ᠡᠯᠴᠢ ᠢᠯᠡᠭᠡᠵᠤ 《ᠠᠴᠢᠨ ᠴᠠᠢ᠌ᠳᠠᠮ ᠳᠡᠭᠡᠷᠡ ᠡᠵᠡᠨ ᠳᠤᠷ ᠵᠤᠯᠭᠠᠪᠠᠰᠤ》 ᠭᠡᠵᠤ ᠴᠢᠩᠭᠢᠰ ᠬᠠᠭᠠᠨ ᠢ ᠴᠠᠢ᠌ᠳᠠᠮ ᠳᠤ ᠭᠦᠷᠦᠭ᠍ᠰᠡᠨ ᠶᠢᠡᠷ ᠳᠡᠮᠳᠡᠭᠯᠡᠵᠤ ᠪᠠᠢ᠌ᠳᠠᠭ᠃ ᠬᠤᠶᠠᠷ ᠲᠤ᠂ 《ᠶᠤᠸᠠᠨ ᠣᠯᠤᠰ ᠤᠨ ᠰᠤᠳᠤᠷ᠂ ᠳᠠᠢ᠌ᠽᠤ ᠶᠢᠨ ᠴᠠᠳᠢᠭ》 ᠳᠤ 1227 ᠣᠨ ᠳᠤ ᠴᠢᠩᠭᠢᠰ ᠬᠠᠭᠠᠨ ᠬᠦᠬᠡ‍ᠨᠠᠭᠤᠷ ᠶᠢᠡᠷ ᠥᠩᠭᠡᠷᠡᠭ᠍ᠰᠡᠨ ᠭᠡᠵᠤ ᠳᠡᠮᠳᠡᠭᠯᠡᠵᠤ ᠪᠣᠢ᠃ ᠭᠡᠪᠠᠴᠤ ᠳᠠᠷᠠ ᠨᠢ ᠣᠳᠤ ᠶᠢᠨ ᠴᠠᠢ᠌ᠳᠠᠮ ᠪᠢᠰᠢ᠂ ᠬᠠᠷᠢᠨ ᠣᠳᠤ ᠶᠢᠨ ᠮᠧᠨ ᠡᡁᠧ ᠶᠢᠨ ᠣᠷᠴᠢᠮ ᠶᠢᠡᠷ ᠪᠠᠢ᠌ᠬ᠎ᠠ ᠭᠡᠵᠤ ᠦᠵᠡᠵᠤ ᠪᠣᠢ᠃ ᠡᠢ᠌ᠮᠤ ᠡᠴᠡ ᠡᠷᠳᠡᠮᠳᠡᠳ ᠬᠤᠶᠠᠳᠠᠭᠢ ᠳᠡᠮᠳᠡᠭᠯᠡᠯ ᠢ ᠦᠨᠡᠨ ᠭᠡᠵᠤ ᠥᠵᠡᠳᠡᠭ᠌ ᠳᠤᠯᠠ ᠴᠢᠩᠭᠢᠰ ᠬᠠᠭᠠᠨ ᠪᠠᠷᠤᠭ ᠴᠠᠢ᠌ᠳᠠᠮ ᠳᠤ ᠭᠦᠷᠦᠭ᠍ᠰᠡᠨ ᠦᠭᠡᠶ ᠪᠣᠯᠤᠯᠳᠠᠢ᠃ ᠡᠢ᠌ᠮᠤ ᠡᠴᠡ  ᠲ᠋ᠦᠰ ᠳᠤᠮᠤᠭ ᠶᠠᠷᠢᠶ᠎ᠠ ᠨᠢ ᠵᠥᠪᠭᠡᠨ ᠴᠢᠩᠭᠢᠰ ᠬᠠᠭᠠᠨ ᠤ ᠨᠠᠷ᠎ᠠ ᠲᠡᠶ ᠬᠤᠯᠪᠣᠭᠳᠠᠭᠰᠠᠨ ᠳᠤᠮᠤᠭ ᠳᠠᠳᠤᠢ ᠯᠠ ᠪᠠᠢ᠌ᠵᠤ ᠳᠡᠦᠭᠡ ᠶᠢᠨ ᠦᠨᠳᠦᠰᠦ ᠰᠤᠷᠪᠣᠯᠵᠢ ᠪᠠᠷ ᠳᠤᠳᠠᠭᠤ ᠪᠣᠯᠤᠯᠳᠠᠢ ᠭᠡᠵᠤ ᠦᠵᠡᠨ᠎ᠠ᠃ 《ᠡᠪᠠᠢ ᠶᠢᠨ ᠭᠤᠤᠯ》 ᠭᠡᠳᠡᠭ᠌ ᠳᠤᠮᠤᠭ ᠶᠠᠷᠢᠶ᠎ᠠ ᠪᠣᠯ ᠯᠤᠪᠰᠠᠩᠳᠠᠠᠵᠢᠨ ᠤ 《ᠠᠯᠳᠠᠨ ᠳᠤᠪᠴᠢ》 ᠳ᠋ᠤ ᠳᠡᠮᠳᠡᠭᠯᠡᠭ᠍ᠳᠡᠭ᠍ᠰᠡᠨ ᠪᠣᠰᠤᠳ ᠮᠤᠩᠭ᠋ᠤᠯ ᠣᠷᠤᠨ ᠳᠤ ᠶᠠᠷᠢᠭᠳᠠᠵᠤ ᠪᠠᠢ᠌ᠭ᠎ᠠ 《ᠬᠠᠳᠤᠨ ᠭᠤᠤᠯ ᠤᠨ ᠳᠤᠮᠤᠭ》 ᠭᠡᠭᠦ ᠳᠤᠮᠤᠭ ᠤᠨ ᠨᠢᠭᠡ ᠬᠤᠪᠢᠯᠪᠣᠷᠢ ᠪᠣᠯᠤᠯᠳᠠᠢ᠃ ᠳᠡᠭᠡᠳᠤ ᠮᠤᠩᠭ᠋ᠤᠯᠴᠤᠳ ᠠᠯᠢ ᠡᠷᠳᠡᠨ ᠡᠴᠡ ᠬᠠᠳᠤᠨ ᠭᠤᠤᠯ ᠢ ᠡᠪᠠᠢ ᠶᠢᠨ ᠭᠤᠤᠯ ᠭᠡᠵᠤ ᠨᠠᠷᠠᠯᠠᠵᠤ ᠢᠷᠠᠵᠠᠢ᠃ ᠡᠪᠠᠢ ᠪᠠ ᠬᠠᠳᠤᠨ ᠨᠢ ᠳᠠᠭᠤᠳᠠᠯᠭ᠎ᠠ ᠶᠢᠨ ᠬᠤᠪᠢ ᠳᠤ ᠠᠳᠠᠯᠢ ᠦᠭᠡᠶ ᠪᠣᠯᠪᠠᠴᠤ ᠦᠨᠳᠦᠰᠦᠨ ᠰᠠᠨᠠᠭ᠎ᠠ ᠨᠢ ᠠᠪ ᠠᠳᠠᠯᠢᠬᠠᠨ ᠪᠠᠢ᠌ᠳᠠᠭ᠃ ᠡᠪᠠᠢ ᠭᠡᠳᠡᠭ᠌ ᠥᠭᠡ ᠨᠢ ᠡᠮᠡᠭ᠍ᠳᠡᠢ ᠭᠦᠮᠤᠨ ᠤ ᠭᠦᠡᠳᠦᠳᠭᠡᠯ ᠳᠠᠭᠤᠳᠠᠯᠭ᠎ᠠ ᠪᠣᠯᠤᠨ᠎ᠠ᠃ ᠵᠢᠱᠢᠶᠠᠯᠠᠪᠠᠯ ᠳᠡᠭᠡᠳᠤ ᠮᠤᠩᠭ᠋ᠤᠯ ᠤᠨ ᠶ‍ᠢᠷᠢᠳᠠᠴᠤ ᠶᠢᠨ ᠭᠤᠷᠪᠠᠨ ᠣᠯᠠᠭᠠᠨ ᠳᠤ 《ᠵᠢᠪᠠᠷᠯᠡᠬᠤ ᠳᠡᠭ᠍ᠷᠢ ᠶᠢᠨ ᠢᠷᠤᠭᠠᠷ ᠣᠯᠠᠭᠠᠨ᠂ ᠵᠢᠷᠭᠠᠯᠠᠩᠳᠤ ᠡᠪᠠᠢ ᠶᠢᠨ ᠬᠠᠴᠠᠷ ᠣᠯᠠᠭᠠᠨ᠂ ᠵᠢᠷᠠᠨ ᠵᠢᠩᠰᠠᠳᠤ ᠶᠢᠨ ᠵᠠᠯᠠᠭ᠎ᠠ ᠣᠯᠠᠭᠠᠨ》 ᠭᠡᠵᠤ ᠭᠡᠯᠡᠳᠡᠭ᠌᠃ ᠳᠤᠰ ᠳᠤᠮᠤᠭ ᠶᠠᠷᠢᠶ᠎ᠠ ᠡᠴᠡ ᠪᠢᠳᠠ ᠴᠢᠩᠭᠢᠰ ᠬᠠᠭᠠᠨ ᠳᠠᠩᠭ᠋ᠤᠳ ᠣᠯᠤᠰ ᠢ ᠳᠠᠢ᠌ᠯᠠᠨ ᠳᠠᠭᠠᠭᠤᠯᠤᠭᠰᠠᠨ ᠳᠡᠦᠭᠡ ᠶᠢᠨ ᠣᠯᠠ ᠮᠦᠷ ᠢ ᠣᠯᠵᠤ ᠬᠠᠷᠠᠬᠤ ᠪᠣᠯᠤᠨ᠎ᠠ᠃

⑵ ᠬᠤᠪᠢᠯᠠᠢ ᠲᠡᠶ ᠬᠤᠯᠪᠣᠭᠳᠠᠭᠰᠠᠨ ᠨᠤᠳᠤᠭ ᠣᠰᠤᠨ ᠤ ᠳᠤᠮᠤᠭ

ᠬᠤᠪᠢᠯᠠᠢ ᠲᠡᠶ ᠬᠤᠯᠪᠣᠭᠳᠠᠭᠰᠠᠨ ᠨᠤᠳᠤᠭ ᠣᠰᠤᠨ ᠤ ᠳᠤᠮᠤᠭ ᠶᠠᠷᠢᠶ᠎ᠠ ᠳᠤ 《ᠯᠠᠭᠤᠰᠠ ᠶᠢᠨ ᠭᠤᠤᠯ (ᠲᠦᠪᠡᠳ ᠶᠢᠡᠷ ᠵᠸᠤ ᠺᠧ ᠭᠡᠳᠡᠭ᠌᠂ ᠳᠠᠷᠠ ᠨᠢ ᠯᠠᠭᠤᠰᠠ ᠭᠡᠰᠡᠨ ᠥᠭᠡ ᠪᠣᠯᠤᠨ᠎ᠠ)》 ᠭᠡᠭᠦ ᠴᠤᠷ ᠤᠨ ᠭᠠᠭᠴᠠ ᠳᠤᠮᠤᠭ ᠶᠠᠷᠢᠶ᠎ᠠ ᠣᠯᠳᠠᠭᠠᠤᠨ ᠪᠣᠢ᠃ ᠳᠤᠰ ᠳᠤᠮᠤᠭ ᠶᠠᠷᠢᠶ᠎ᠠ ᠳᠤ᠂ ᠡᠷᠳᠡ ᠣᠷᠢᠳᠤ ᠶᠢᠨ ᠴᠠᠭ ᠲᠤ ᠬᠤᠪᠢᠯᠠᠢ ᠡᠮᠦᠨᠡᠰᠢ ᠴᠡᠷᠢᠭᠯᠡᠵᠤ ᠳ᠋ᠠ ᠯᠢ ᠣᠷᠤᠨ ᠢ ᠳᠠᠢ᠌ᠯᠠᠨ ᠳᠤᠪᠳᠤᠯᠵᠤ ᠪᠠᠢ᠌ᠬᠤ ᠦᠶ᠎ᠡ ᠳᠡᠭᠡᠨ ᠡᠨᠡ ᠭᠠᠵᠠᠷ ᠶᠢᠡᠷ ᠥᠩᠭᠡᠷᠡᠵᠤ ᠡ᠊ᠨᠳᠡ ᠴᠡᠷᠢᠭ᠌ ᠤᠨ ᠣᠯᠠᠭ᠎ᠠ ᠦᠷᠳᠡᠭᠡ ᠪᠠᠢ᠌ᠭᠤᠯᠤᠨ ᠠᠴᠢᠶ᠎ᠠ ᠭᠦᠰᠭᠡ ᠳᠡᠭᠡᠭᠡᠳᠡᠭ᠌ ᠶᠡᠭᠡ ᠭᠡᠮᠵᠢᠶᠡᠨ ᠤ ᠠᠴᠢᠶᠠᠨ ᠤ ᠯᠠᠭᠤᠰᠠ ᠶᠢ ᠳᠡᠵᠢᠭᠡᠵᠤ ᠪᠠᠢ᠌ᠭᠰᠠᠨ ᠡᠴᠡ ᠡᠨᠡ ᠭᠠᠵᠠᠷ ᠤᠨ ᠨᠠᠷ᠎ᠠ ᠶᠢ ᠯᠠᠭᠤᠰᠠ ᠶᠢᠨ ᠭᠤᠤᠯ ᠭᠡᠵᠤ ᠨᠠᠷᠠᠯᠠᠵᠠᠢ ᠭᠡᠨ᠎ᠡ ᠭᠡᠵᠡᠢ᠃ ᠳᠤᠰ ᠳᠤᠮᠤᠭ ᠶᠠᠷᠢᠶ᠎ᠠ ᠨᠢ ᠳᠡᠦᠭᠡᠨ ᠣᠯᠠ ᠮᠦᠷ ᠶᠢᠡᠷ ᠢᠯᠠ ᠳᠤᠳᠤ ᠪᠠᠢ᠌ᠵᠤ ᠬᠤᠪᠢᠯᠠᠢ ᠳ᠋ᠠᠯᠢ ᠶᠢ ᠳᠠᠢ᠌ᠯᠠᠬᠤ ᠳᠠᠭᠠᠨ ᠳᠤᠰ ᠭᠠᠵᠠᠷ ᠲᠤ ᠴᠡᠷᠢᠭ᠌ ᠤᠨ ᠠᠭᠳᠠ ᠶᠢᠨ ᠳᠠᠯᠠᠪᠠᠢ ᠪᠣᠯᠤᠨ ᠣᠯᠠᠭ᠎ᠠ ᠦᠷᠳᠡᠭᠡ ᠪᠠᠢ᠌ᠭᠤᠯᠵᠤ ᠠᠷᠤ ᠳᠠᠯ᠎ᠠ ᠶᠢᠨ ᠥᠢᠯᠡᠴᠢᠯᠡᠭᠡᠨ ᠤ ᠬᠠᠩᠭ᠋ᠠᠯᠭ᠎ᠠ ᠶᠢ ᠬᠠᠷᠢᠭᠤᠴᠠᠵᠤ ᠪᠠᠢ᠌ᠭᠰᠠᠨ ᠳᠡᠦᠭᠡ ᠶᠢᠨ ᠦᠨᠡᠨ ᠲᠡᠶ ᠨᠡᠢ᠌ᠴᠡᠭᠦ ᠪᠣᠳᠠᠳᠤ ᠶᠠᠪᠣᠳᠠᠯ ᠪᠣᠯᠬᠤ ᠶᠤᠮ᠃

⑶ ᠠᠯᠳᠠᠨ ᠬᠠᠨ ᠲᠡᠶ ᠬᠤᠯᠪᠣᠭᠳᠠᠭᠰᠠᠨ ᠨᠤᠳᠤᠭ ᠣᠰᠤᠨ ᠤ ᠳᠤᠮᠤᠭ

ᠲ᠋ᠤᠢᠮᠠᠤᠨ ᠤᠨ ᠠᠯᠳᠠᠨ ᠬᠠᠨ ᠲᠡᠶ ᠬᠤᠯᠪᠣᠭᠳᠠᠭᠰᠠᠨ ᠨᠤᠳᠤᠭ ᠣᠰᠤᠨ ᠤ ᠳᠤᠮᠤᠭ ᠶᠠᠷᠢᠶ᠎ᠠ ᠳᠤ 《ᠵᠢᠩᠰᠠᠳᠤ》᠂ 《ᠴᠠᠪ ᠴᠠᠢ》 ᠭᠡᠭᠦ ᠬᠤᠶᠠᠷᠬᠠᠨ ᠳᠤᠮᠤᠭ ᠣᠯᠳᠠᠭᠠᠤᠨ ᠪᠣᠢ᠃ ᠳᠤᠰ ᠬᠤᠶᠠᠷ ᠳᠤᠮᠤᠭ ᠶᠠᠷᠢᠶ᠎ᠠ ᠪᠣᠯ ᠳᠡᠦᠭᠡᠳᠤ ᠭᠦᠮᠤᠨ ᠠᠯᠳᠠᠨ ᠬᠠᠨ ᠶᠢᠠᠷ ᠰᠠᠳᠤᠪᠯᠠᠵᠤ ᠵᠤᠬᠢᠶᠠᠭᠳᠠᠭᠰᠠᠨ ᠴᠢᠬᠤᠯᠠ ᠬᠤᠶᠠᠷ ᠨᠤᠳᠤᠭ ᠣᠰᠤᠨ ᠤ ᠳᠤᠮᠤᠭ ᠪᠣᠯᠤᠨ᠎ᠠ᠃ ᠳᠤᠰ ᠬᠤᠶᠠᠷ ᠳᠤᠮᠤᠭ ᠶᠠᠷᠢᠶ᠎ᠠ ᠳᠤ ᠶᠠᠷᠢᠵᠤ ᠪᠠᠢ᠌ᠭ᠎ᠠ ᠠᠯᠳᠠᠨ ᠬᠠᠨ ᠪᠣᠯ 16 ᠳ᠋ᠤᠭᠠᠷ ᠵᠠᠭᠤᠨ ᠤ ᠰᠡᠭᠦᠯᠴᠢ ᠶᠢᠨ ᠦᠶ᠎ᠡ ᠪᠠᠷ ᠬᠦᠬᠡ‍ᠨᠠᠭᠤᠷ ᠲᠤ ᠨᠤᠳᠤᠭᠯᠠᠵᠤ ᠪᠠᠢ᠌ᠭᠰᠠᠨ ᠪᠦᠭᠡᠳ ᠭᠤᠷᠪᠠᠳᠤᠭᠠᠷ ᠳᠠᠯᠠᠢ ᠯᠠᠮᠠ ᠰᠤᠳᠨᠠᠮᠵᠠᠮᠰᠤ ᠶᠢ ᠵᠠᠯᠠᠵᠤ ᠣᠳᠤ ᠶᠢᠨ ᠴᠠᠪᠴᠢᠶᠠᠯ ᠳᠤ ᠠᠭᠤᠯᠵᠠᠯᠳᠠ ᠭᠢᠵᠤ ᠰᠢᠷ᠎ᠠ ᠶᠢᠨ ᠱᠠᠰᠢᠨ ᠢ ᠵᠡᠭᠦᠨ ᠮᠤᠩᠭ᠋ᠤᠯ ᠳᠤ ᠳᠡᠯᠭᠡᠷᠡᠭᠦᠯᠦᠭ᠍ᠰᠡᠨ ᠳᠡᠦᠭᠡᠳᠤ ᠦᠨᠡᠨ ᠭᠦᠮᠤᠨ ᠪᠣᠯᠤᠨ᠎ᠠ᠃ ᠳᠤᠰ ᠳᠤᠮᠤᠭ ᠲᠤ ᠶᠠᠷᠢᠵᠤ ᠪᠠᠢ᠌ᠭ᠎ᠠ 《ᠵᠢᠩᠰᠠᠳᠤ》 ᠭᠡᠳᠡᠭ᠌ ᠭᠠᠵᠠᠷ ᠨᠢ ᠣᠳᠤ ᠶᠢᠨ ᠬᠠᠢ᠌ᠨᠠᠨ ᠵᠸᠤ ᠶᠢᠨ ᠭᠦᠩᠬᠤ ᠰᠢᠶᠠᠨ ᠤ ᠵᠢᠩᠰᠠᠳᠤ ᠰᠤᠮᠤᠨ ᠳᠤ ᠪᠠᠢ᠌ᠵᠤ ᠭᠢᠳᠠᠤᠨ ᠶᠢᠡᠷ (江西沟) ᠭᠡᠵᠤ ᠨᠠᠷᠠᠯᠠᠵᠤ ᠪᠠᠢ᠌ᠬᠤ ᠪᠦᠭᠡᠳ ᠬᠦᠬᠡ‍ᠨᠠᠭᠤᠷ ᠲᠦᠪᠡᠳ ᠤᠨ ᠵᠠᠰᠠᠮᠠᠯ ᠵᠠᠮ ᠳᠡᠭᠡᠭᠦᠷ ᠨᠢ ᠥᠩᠭᠡᠷᠡᠵᠤ ᠪᠣᠢ᠃ ᠳᠤᠰ ᠬᠤᠶᠠᠷ ᠭᠠᠵᠠᠷ ᠤᠨ ᠨᠠᠷ᠎ᠠ ᠶᠢᠨ ᠳᠤᠮᠤᠭ ᠲᠤ 《ᠵᠢᠩᠰᠠᠳᠤ》᠂ 《ᠴᠠᠪ ᠴᠠᠢ》 ᠭᠡᠳᠡᠭ᠌ ᠭᠠᠵᠠᠷ ᠤᠨ ᠨᠠᠷ᠎ᠠ ᠶᠢᠨ ᠢᠷᠠᠯᠳᠠ ᠶᠢ ᠳᠠᠢ᠌ᠯᠪᠣᠷᠢᠯᠠᠵᠠᠢ᠃ ᠳᠤᠰ ᠬᠤᠶᠠᠷ ᠳᠤᠮᠤᠭ ᠡᠴᠡ ᠦᠵᠡᠪᠠᠯ 《ᠵᠢᠩᠰᠠᠳᠤ》 ᠭᠡᠳᠡᠭ᠌ ᠭᠠᠵᠠᠷ ᠲᠤ ᠭᠤᠷᠪᠠᠳᠤᠭᠠᠷ ᠳᠠᠯᠠᠢ ᠯᠠᠮᠠ ᠶᠢ ᠳᠤᠰᠴᠤ ᠠᠪᠬᠤ ᠦᠶ᠎ᠡ ᠳᠤ ᠣᠳᠤᠭ᠎ᠠ ᠵᠢᠩᠰᠠ ᠲᠡᠶ ᠣᠯᠠᠨ ᠮᠤᠩᠭ᠋ᠤᠯ ᠨᠤᠶᠠᠤᠨ ᠲᠦᠰᠢᠮᠠᠤᠨ ᠴᠤᠭᠯᠠᠷᠠᠭᠰᠠᠨ ᠡᠴᠡ ᠵᠢᠩᠰᠠᠳᠤ ᠭᠡᠵᠤ ᠨᠡᠷᠡᠯᠡᠭ᠍ᠰᠡᠨ ᠭᠡᠳᠡᠭ᠌ ᠨᠢ ᠳᠡᠦᠭᠡᠨ ᠦᠨᠡᠨ ᠲᠡᠶ ᠨᠡᠢ᠌ᠴᠡᠭᠦ ᠦᠨᠳᠦᠰᠦ ᠪᠠᠷᠢᠮᠳᠠ ᠲᠡᠶ ᠭᠡᠯᠯᠭᠡ ᠭᠡᠵᠤ ᠦᠵᠡᠨ᠎ᠠ᠃ 《ᠴᠠᠪ ᠴᠠᠢ》 ᠭᠡᠳᠡᠭ᠌ ᠭᠠᠵᠠᠷ ᠤᠨ ᠨᠠᠷ᠎ᠠ ᠶᠢᠨ ᠢᠷᠠᠯᠳᠠ ᠶᠢ ᠳᠠᠢ᠌ᠯᠪᠣᠷᠢᠯᠠᠬᠤ ᠳᠠᠭᠠᠨ ᠠᠯᠳᠠᠨ ᠬᠠᠨ ᠡ᠊ᠨᠳᠡ ᠭᠤᠷᠪᠠᠳᠤᠭᠠᠷ ᠳᠠᠯᠠᠢ ᠯᠠᠮᠠ ᠳᠤ ᠦᠳᠡ ᠳᠦᠭᠦᠷᠭᠡᠵᠤ ᠴᠠᠪ ᠴᠠᠢ ᠵᠤᠭᠤᠭᠯᠠᠭᠤᠯᠤᠭᠰᠠᠨ ᠡᠴᠡ ᠡᠨᠡ ᠭᠠᠵᠠᠷ ᠢ ᠴᠠᠪ ᠴᠠᠢ ᠭᠡᠵᠤ ᠨᠡᠷᠡᠢ᠌ᠳᠦᠭ᠍ᠰᠡᠨ ᠭᠡᠵᠡᠢ᠃ ᠭᠡᠪᠠᠴᠤ 《ᠡᠷᠳᠡᠨᠢ ᠶᠢᠨ ᠳᠤᠪᠴᠢ》 ᠭᠡᠭᠦ ᠮᠤᠩᠭ᠋ᠤᠯ ᠰᠤᠷᠪᠣᠯᠵᠢ ᠪᠢᠴᠢᠭ᠌ ᠡᠴᠡ ᠦᠵᠡᠪᠠᠯ ᠴᠠᠪᠴᠢᠶᠠᠯ ᠭᠡᠳᠡᠭ᠌ ᠭᠠᠵᠠᠷ ᠤᠨ ᠨᠠᠷ᠎ᠠ ᠨᠢ ᠡᠨᠡ ᠣᠳᠠᠭ᠎ᠠ ᠶᠢᠨ ᠠᠭᠤᠯᠵᠠᠯᠳᠠ ᠡᠴᠡ ᠡᠮᠦᠨ᠎ᠡ ᠪᠠᠢ᠌ᠭᠰᠠᠨ ᠭᠠᠵᠠᠷ ᠤᠨ ᠨᠠᠷ᠎ᠠ ᠪᠣᠯᠤᠯᠳᠠᠢ᠃ ᠳᠤᠰ ᠨᠤᠮ ᠳᠤ ᠣᠯᠠᠭᠠᠨ ᠬᠤᠯᠤᠭᠠᠨ᠎ᠠ ᠵᠢᠯ ᠠᠯᠳᠠᠨ ᠬᠠᠭᠠᠨ ᠤ ᠡᠯᠴᠢᠰ ᠲᠦᠪᠡᠳ ᠡᠴᠡ ᠪᠣᠴᠠᠵᠤ ᠢᠷᠡᠭ᠍ᠰᠡᠨ ᠤ ᠳᠠᠷᠠᠭ᠎ᠠ᠂ 《ᠭᠤᠷᠪᠠᠨ ᠲᠦᠮᠡᠨ ᠶᠢᠡᠷ ᠭᠡᠯᠯᠡᠳᠤᠨ ᠭᠦᠭᠡ ᠨᠠᠭᠤᠷ ᠤᠨ ᠴᠠᠪᠴᠢᠶᠠᠯ ᠨᠠᠷᠠᠳᠤ ᠭᠠᠵᠠᠷ᠎ᠠ ᠰᠦᠮ᠎ᠡ ᠪᠠᠢ᠌ᠭᠤᠯᠵᠤ 》 ᠭᠡᠵᠤ ᠳᠡᠮᠳᠡᠭᠯᠡᠵᠤ ᠪᠠᠢ᠌ᠬᠤ ᠪᠦᠭᠡᠳ 《ᠬᠦᠬᠡ‍ᠨᠠᠭᠤᠷ ᠤᠨ ᠳᠡᠦᠭᠡ ᠶᠢᠨ ᠳᠤᠪᠴᠢ》 ᠭᠡᠭᠦ ᠭᠢᠳᠠᠤᠨ ᠨᠤᠮ ᠳᠤ 《ᠨᠠᠢ᠌ᠳᠠ ᠶᠢᠨ ᠣᠨ ᠳᠤᠭᠠᠯᠠᠯ ᠤᠨ1575 ᠣᠨ (ᠮᠢᠩ ᠱᠸᠠᠽᠤᠩ ᠬᠠᠭᠠᠨ ᠤ ᠸᠠᠨ ᠯᠢ ᠶᠢᠨ ᠭᠤᠷᠪᠠᠳᠤᠭᠠᠷ ᠣᠨ) ᠳ᠋ᠤ ᠪᠢᠩᠳᠤ ᠭᠦᠵᠢ ᠠᠰᠠᠭᠠᠨ ᠪᠢᠰᠢᠯᠭᠠᠯ ᠭᠢᠭᠦ ᠪᠠᠷ ᠰᠢᠯᠳᠠᠭ ᠪᠣᠯᠭᠠᠵᠤ ᠬᠦᠬᠡ‍ᠨᠠᠭᠤᠷ ᠤᠨ ᠴᠠᠪᠴᠢᠶᠠᠯ (ᠭᠢᠳᠠᠤᠨ ᠵᠢᠠᠷ 蔡卜齐雅勒 ᠭᠡᠵᠤ ᠳᠡᠮᠳᠡᠭᠯᠡᠵᠡᠢ) ᠭᠡᠳᠡᠭ᠌ ᠭᠠᠵᠠᠷ (ᠣᠳᠤ ᠶᠢᠨ ᠭᠦᠭᠡ ᠨᠠᠭᠤᠷ ᠤᠨ ᠡᠮᠦᠨ᠎ᠡ ᠭᠦᠪᠠᠭᠡ ᠳᠤ ᠪᠣᠢ) ᠲᠤ ᠪᠣᠷᠬᠠᠨ ᠤ ᠰᠦᠮ᠎ᠡ ᠶᠢ ᠪᠠᠢ᠌ᠭᠤᠯᠬᠤ ᠪᠠᠷ ᠮᠢᠩ ᠣᠯᠤᠰ ᠲᠤ ᠱᠠᠭᠠᠷᠳᠠᠯᠭ᠎ᠠ ᠭᠠᠷᠭᠠᠵᠠᠢ᠃》 ⑤ ᠭᠡᠵᠤ ᠳᠡᠮᠳᠡᠭᠯᠡᠵᠤ ᠪᠤᠢ᠃ ᠡᠳᠡᠭᠡᠷ ᠮᠤᠩᠭ᠋ᠤᠯ ᠰᠤᠷᠪᠣᠯᠵᠢ ᠪᠢᠴᠢᠭ᠌ ᠪᠣᠶᠤ ᠭᠢᠳᠠᠤᠨ ᠳᠡᠦᠭᠡ ᠶᠢᠨ ᠨᠤᠮ ᠡᠴᠡ ᠦᠵᠡᠪᠠᠯ ᠳᠠᠷᠠ ᠨᠢ ᠴᠠᠪ ᠴᠠᠢ ᠪᠢᠰᠢ᠂ ᠬᠠᠷᠢᠨ ᠴᠠᠪᠴᠢᠶᠠᠯ ᠪᠣᠯᠤᠯᠳᠠᠢ ᠭᠡᠵᠤ ᠦᠵᠡᠨ᠎ᠠ᠃ ᠭᠡᠯᠯᠭᠡᠨ ᠦᠭᠡᠶ ᠳᠡᠭᠦᠨ ᠢ ᠴᠢᠨᠠᠭᠰᠢᠳᠠ ᠰᠤᠳᠤᠯᠵᠤ ᠪᠣᠯᠤᠨ᠎ᠠ᠃

⑷ ᠭᠦᠦᠰᠢ ᠬᠠᠨ ᠲᠡᠶ ᠬᠤᠯᠪᠣᠭᠳᠠᠭᠰᠠᠨ ᠨᠤᠳᠤᠭ ᠣᠰᠤᠨ ᠤ ᠳᠤᠮᠤᠭ

ᠭᠦᠦᠰᠢ ᠬᠠᠨ ᠲᠡᠶ ᠬᠤᠯᠪᠣᠭᠳᠠᠭᠰᠠᠨ ᠨᠤᠳᠤᠭ ᠣᠰᠤᠨ ᠤ ᠳᠤᠮᠤᠭ ᠶᠠᠷᠢᠶ᠎ᠠ ᠳᠤ 《ᠮᠢᠩᠭ᠋ᠠᠨ ᠢᠮᠭᠠᠳᠤ》᠂ 《ᠭᠤᠷᠪᠠᠨ ᠢᠮᠭᠠᠳᠤ》 ᠵᠡᠷᠭᠡ ᠭᠡᠳᠤᠨ ᠳᠤᠮᠤᠭ ᠣᠯᠳᠠᠭᠠᠤᠨ ᠪᠣᠢ᠃ ᠡᠳᠡᠭᠡᠷ ᠳᠤᠮᠤᠭ ᠤᠳ ᠡᠴᠡ ᠪᠢᠳᠠ ᠭᠦᠦᠰᠢ ᠬᠠᠨ ᠬᠦᠬᠡ‍ᠨᠠᠭᠤᠷ ᠵᠥᠭ᠌ ᠮᠤᠷᠳᠠᠭᠰᠠᠨ ᠰᠢᠯᠳᠠᠭᠠᠨ᠂ ᠭᠦᠦᠰᠢ ᠬᠠᠨ ᠪᠣᠯᠤᠨ ᠴᠤᠭᠳᠤ ᠳᠠᠢ᠌ᠵᠢ ᠶᠢᠨ ᠬᠤᠭᠤᠷᠤᠠᠳᠤ ᠪᠣᠯᠤᠭᠰᠠᠨ ᠳᠠᠢ᠌ᠨ ᠪᠠᠢ᠌ᠯᠳᠤᠭᠠᠨ ᠤ ᠣᠯᠠ ᠮᠦᠷ ᠵᠡᠷᠭᠡ ᠶᠢ ᠣᠯᠵᠤ ᠬᠠᠷᠠᠬᠤ ᠪᠣᠯᠤᠨ᠎ᠠ᠃

⑸ ᠴᠤᠭᠳᠤ ᠳᠠᠢ᠌ᠵᠢ ᠲᠡᠶ ᠬᠤᠯᠪᠣᠭᠳᠠᠭᠰᠠᠨ ᠨᠤᠳᠤᠭ ᠣᠰᠤᠨ ᠤ ᠳᠤᠮᠤᠭ

ᠴᠤᠭᠳᠤ ᠳᠠᠢ᠌ᠵᠢ ᠲᠡᠶ ᠬᠤᠯᠪᠣᠭᠳᠠᠭᠰᠠᠨ ᠨᠤᠳᠤᠭ ᠣᠰᠤᠨ ᠤ ᠪᠣᠶᠤ ᠪᠠᠢ᠌ᠰᠢᠩ ᠪᠠᠷᠢᠯᠭ᠎ᠠ ᠶᠢᠨ ᠳᠤᠮᠤᠭ ᠶᠠᠷᠢᠶ᠎ᠠ ᠳᠤ 《ᠠᠩᠬᠠᠨ ᠠᠭᠤᠯᠠ ᠶᠢᠨ ᠳᠤᠮᠤᠭ ᠶᠠᠷᠢᠶ᠎ᠠ》᠂ 《ᠴᠤᠭᠳᠤ ᠳᠠᠢ᠌ᠵᠢ ᠶᠢᠨ ᠳᠤᠯᠤᠭᠠᠨ ᠴᠤᠠᠵᠢ》᠂ 《ᠴᠤᠭᠳᠤ ᠶᠢᠨ ᠭᠦᠡᠳᠡᠢ》 ᠭᠡᠭᠦ ᠵᠡᠷᠭᠡ ᠳᠤᠮᠤᠭ ᠪᠣᠢ᠃ ᠡᠭᠦᠨ ᠳᠤ 《ᠴᠤᠭᠳᠤ ᠶᠢᠨ ᠭᠦᠡᠳᠡᠢ》 ᠭᠡᠭᠦ ᠨᠤᠳᠤᠭ ᠣᠰᠤᠨ ᠤ ᠳᠤᠮᠤᠭ ᠨᠢ ᠳᠡᠦᠭᠡ ᠶᠢᠨ ᠣᠯᠠ ᠮᠦᠷ ᠶᠢᠡᠷ ᠢᠯᠠ ᠳᠤᠳᠤ ᠪᠠᠢ᠌ᠵᠤ ᠭᠦᠦᠰᠢ ᠬᠠᠨ ᠪᠣᠯᠤᠨ ᠴᠤᠭᠳᠤ ᠳᠠᠢ᠌ᠵᠢ ᠶᠢᠨ ᠬᠤᠭᠤᠷᠤᠠᠳᠤ ᠪᠣᠯᠤᠭᠰᠠᠨ ᠪᠠᠢ᠌ᠯᠳᠤᠭᠠᠨ ᠤ ᠶᠠᠪᠣᠴᠠ᠂ ᠪᠠᠢ᠌ᠯᠳᠤᠭᠠᠨ ᠭᠢᠭ᠍ᠰᠡᠨ ᠭᠠᠵᠠᠷ ᠪᠠ ᠴᠤᠭᠳᠤ ᠳᠠᠢ᠌ᠵᠢ ᠶᠢᠨ ᠨᠢᠭᠤᠭᠳᠠᠵᠤ ᠪᠠᠢ᠌ᠭᠰᠠᠨ ᠨᠥᠭᠡᠨ ᠭᠦᠡᠳᠡᠢ ᠵᠡᠷᠭᠡ ᠶᠢ ᠥᠭᠦᠯᠡᠭ᠍ᠰᠡᠨ ᠳᠤᠯᠠ ᠮᠠᠰᠢ ᠴᠢᠩᠭ᠎ᠠ ᠥᠨᠡᠮᠰᠢᠭᠦᠯᠭᠦ ᠭᠦᠴᠤᠨ ᠲᠡᠶ ᠪᠠᠢ᠌ᠵᠤ ᠳᠡᠦᠭᠡ ᠶᠢᠨ ᠦᠨ᠎ᠡ ᠴᠠᠨ᠎ᠠ ᠪᠠᠷ ᠨᠠᠯᠢᠶᠠᠤᠨ ᠦᠨᠳᠦᠷ ᠪᠠᠢ᠌ᠳᠠᠭ᠃

⑹ᠳᠠᠠᠵᠢᠨ ᠬᠤᠩ ᠳᠠᠢ᠌ᠵᠢ ᠲᠡᠶ ᠬᠤᠯᠪᠣᠭᠳᠠᠭᠰᠠᠨ ᠨᠤᠳᠤᠭ ᠣᠰᠤᠨ ᠤ ᠳᠤᠮᠤᠭ

ᠳᠠᠠᠵᠢᠨ ᠬᠤᠩ ᠳᠠᠢ᠌ᠵᠢ ᠲᠡᠶ ᠬᠤᠯᠪᠣᠭᠳᠠᠭᠰᠠᠨ ᠨᠤᠳᠤᠭ ᠣᠰᠤᠨ ᠤ ᠳᠤᠮᠤᠭ ᠶᠠᠷᠢᠶ᠎ᠠ ᠳᠤ 《ᠮᠠᠬᠠᠢ ᠨᠠᠭᠤᠷ》᠂ 《ᠳ᠋ᠠᠩ ᠤᠨ ᠭᠤᠤᠯ》᠂ 《ᠨᠤᠮᠤᠬᠠᠨ ᠬᠤᠳᠠ》 ᠵᠡᠷᠭᠡ ᠳᠤᠮᠤᠭ ᠤᠳ ᠪᠤᠢ᠃ ᠡᠳᠡᠭᠡᠷ ᠨᠤᠳᠤᠭ ᠣᠰᠤᠨ ᠤ ᠳᠤᠮᠤᠭ ᠲᠤ ᠶᠠᠷᠢᠵᠤ ᠪᠠᠢ᠌ᠭ᠎ᠠ ᠳ᠋ᠠᠠᠵᠢᠨ ᠬᠤᠩ ᠳᠠᠢ᠌ᠵᠢ ᠭᠡᠳᠡᠭ᠌ ᠮᠦᠨ ᠯᠠ ᠴᠢᠩ ᠣᠯᠤᠰ ᠢ ᠡᠰᠡᠷᠭᠦᠴᠡᠭ᠍ᠰᠡᠨ ᠯᠤᠪᠰᠠᠩᠳᠠᠠᠵᠢᠨ ᠢ ᠵᠢᠭᠠᠵᠤ ᠪᠠᠢ᠌ᠭ᠎ᠠ ᠶᠤᠮ᠃ ᠡᠳᠡᠭᠡᠷ ᠳᠤᠮᠤᠭ ᠶᠠᠷᠢᠶ᠎ᠠ ᠶᠢᠨ ᠣᠯᠠᠩᠭᠢ ᠣᠢ᠌ᠯᠠ ᠶᠠᠪᠣᠳᠠᠯ ᠨᠢ ᠪᠦᠷ ᠳ᠋ᠠᠠᠵᠢᠨ ᠬᠤᠩ ᠳᠠᠢ᠌ᠵᠢ ᠶᠢᠨ ᠴᠢᠩ ᠣᠯᠤᠰ ᠢ ᠡᠰᠡᠷᠭᠦᠴᠡᠭ᠍ᠰᠡᠨ ᠳᠡᠦᠭᠡᠳᠤ ᠣᠢ᠌ᠯᠠ ᠶᠠᠪᠣᠳᠠᠯ ᠲᠡᠶ ᠰᠢᠭᠤᠳ ᠬᠤᠯᠪᠣᠭᠳᠠᠵᠤ ᠪᠠᠢ᠌ᠳᠠᠭ ᠳᠤᠯᠠ ᠵᠤᠭᠢᠬᠤ ᠳᠡᠦᠭᠡᠨ ᠦᠨ᠎ᠡ ᠴᠠᠨ᠎ᠠ ᠲᠡᠶ ᠪᠠᠢ᠌ᠳᠠᠭ᠃

⑺ ᠴᠠᠭᠠᠠᠳᠠᠠᠵᠢᠨ ᠲᠡᠶ ᠬᠤᠯᠪᠣᠭᠳᠠᠭᠰᠠᠨ ᠨᠤᠳᠤᠭ ᠣᠰᠤᠨ ᠤ ᠳᠤᠮᠤᠭ

ᠴᠠᠭᠠᠠᠳᠠᠠᠵᠢᠨ ᠲᠡᠶ ᠬᠤᠯᠪᠣᠭᠳᠠᠭᠰᠠᠨ ᠨᠤᠳᠤᠭ ᠣᠰᠤᠨ ᠤ ᠳᠤᠮᠤᠭ ᠶᠠᠷᠢᠶ᠎ᠠ ᠳᠤ 《ᠳ᠋ᠦᠩ ᠡᠤ ᠭᠤᠤᠯ》᠂ 《ᠵᠢᠨᠤᠩ ᠠᠭᠤᠯᠠ》 ᠭᠡᠭᠦ ᠵᠡᠷᠭᠡ ᠳᠤᠮᠤᠭ ᠪᠣᠢ᠃ ᠴᠠᠭᠠᠠᠳᠠᠠᠵᠢᠨ ᠪᠣᠯ ᠬᠦᠬᠡ‍ᠨᠠᠭᠤᠷ ᠤᠨ ᠬᠤᠱᠤᠳ ᠮᠤᠩᠭ᠋ᠤᠯᠴᠤᠳ ᠤᠨ ᠳᠤᠳᠤᠷ᠎ᠠ ᠡᠴᠡ ᠬᠠᠮᠤᠭ ᠳᠦᠷᠦᠭᠦᠤ ᠮᠠᠠᠵᠤ ᠴᠢᠩ ᠣᠯᠤᠰ ᠲᠤ ᠪᠠᠭᠤᠵᠤ ᠦᠭ‍ᠭᠦᠭ᠍ᠰᠡᠨ ᠭᠦᠮᠤᠨ ᠪᠣᠯᠬᠤ ᠪᠦᠭᠡᠳ ᠣᠤᠯ ᠤᠨ ᠡᡁᠸᠨᠡᠨ ᠴᠢᠨ ᠸᠠᠩ ᠬᠤᠰᠢᠭᠤᠨ (ᠣᠳᠤ ᠶᠢᠨ ᠡᡁᠸᠨᠡᠨ ᠰᠢᠶᠠᠨ) ᠊ᠤ ᠠᠩᠬᠠᠳᠠᠭᠴᠢ ᠴᠢᠨ ᠸᠠᠩ ᠪᠣᠯᠤᠨ᠎ᠠ᠃ ᠲ᠋ᠠᠷᠠ ᠪᠠᠰᠠᠴᠤ ᠯᠠᠪᠷᠤᠩ ᠭᠡᠢ᠌ᠤᠨ ᠢ ᠠᠩᠬ᠎ᠠ ᠪᠠᠢ᠌ᠭᠤᠯᠤᠭᠰᠠᠨ ᠭᠦᠮᠤᠨ ᠪᠣᠯᠤᠨ᠎ᠠ᠃ ᠡᠳᠡᠭᠡᠷ ᠳᠤᠮᠤᠭ ᠶᠠᠷᠢᠶ᠎ᠠ ᠨᠢ ᠪᠠᠰᠠᠴᠤ ᠳᠡᠦᠭᠡ ᠶᠢᠨ ᠣᠯᠠ ᠮᠦᠷ ᠶᠢᠡᠷ ᠢᠯᠠ ᠳᠤᠳᠤ ᠪᠠᠢ᠌ᠳᠠᠭ᠃ ᠢᠯᠩᠭ᠋ᠤᠶ᠎ᠠ 《ᠵᠢᠨᠤᠩ ᠠᠭᠤᠯᠠ》 ᠭᠡᠳᠡᠭ᠌ ᠳᠤᠮᠤᠭ ᠶᠠᠷᠢᠶ᠎ᠠ ᠨᠢ ᠳᠡᠦᠭᠡᠨ ᠭᠦᠮᠤᠨ ᠴᠠᠭᠠᠠᠳᠠᠠᠵᠢᠨ ᠤ ᠠᠪᠣ ᠳᠠᠷᠵᠠ ᠪᠣᠱᠤᠭᠳᠤ ᠵᠢᠨᠤᠩ ᠤᠨ ᠨᠠᠷ᠎ᠠ ᠲᠡᠶ ᠰᠢᠭᠤᠳ ᠬᠤᠯᠪᠣᠭᠳᠠᠵᠤ ᠪᠠᠢ᠌ᠳᠠᠭ ᠳᠤᠯᠠ ᠳᠡᠦᠭᠡᠯᠢᠭ᠌ ᠰᠢᠠᠵᠢ ᠪᠠᠷ ᠶᠡᠭᠡ ᠪᠠᠢ᠌ᠳᠠᠭ᠃

2᠂ ᠭᠡᠰᠡᠷ ᠲᠡᠶ ᠬᠤᠯᠪᠣᠭᠳᠠᠭᠰᠠᠨ ᠨᠤᠳᠤᠭ ᠣᠰᠤᠨ ᠤ ᠳᠤᠮᠤᠭ

ᠬᠦᠬᠡ‍ᠨᠠᠭᠤᠷ ᠪᠣᠯ ᠮᠤᠩᠭ᠋ᠤᠯ ᠭᠡᠰᠡᠷ ᠤᠨ ᠳᠤᠭᠤᠵᠢ ᠶᠢᠨ ᠠᠩᠬ᠎ᠠ ᠡᠭᠦᠰᠴᠤ ᠪᠣᠢ ᠪᠣᠯᠤᠭᠰᠠᠨ ᠥᠯᠦᠭᠡᠢ ᠨᠤᠳᠤᠭ ᠪᠣᠯᠬᠤ ᠪᠦᠭᠡᠳ ᠳᠤᠭᠤᠵᠢ ᠶᠢᠨ ᠪᠠᠭᠠᠳᠤᠷ ᠭᠡᠰᠡᠷ (ᠦᠨᠡᠨ ᠳᠡᠭᠡᠨ ᠣᠷᠠᠨ ᠳᠦᠷᠢ ᠪᠣᠯᠤᠯᠳᠠᠢ) ᠊ᠤᠨ ᠮᠡᠡᠳᠦᠯᠡᠭ᠍ᠰᠡᠨ ᠳᠦᠷᠤᠯᠭᠢ ᠨᠤᠳᠤᠭ ᠭᠡᠵᠤ ᠵᠠᠷᠢᠮ ᠡᠷᠳᠡᠮᠳᠡᠳ ᠥᠵᠡᠳᠡᠭ᠌ ᠳᠤᠯᠠ ᠬᠦᠬᠡ‍ᠨᠠᠭᠤᠷ ᠲᠤ ᠭᠡᠰᠡᠷ ᠲᠡᠶ ᠬᠤᠯᠪᠣᠭᠳᠠᠭᠰᠠᠨ ᠨᠤᠳᠤᠭ ᠣᠰᠤᠨ ᠤ ᠳᠤᠮᠤᠭ ᠮᠠᠰᠢ ᠠᠷᠪᠢᠨ ᠪᠠᠢ᠌ᠳᠠᠭ ᠨᠢ ᠳᠠᠢ᠌ᠮᠤ ᠰᠤᠨᠢᠷᠬᠠᠯᠳᠠᠢ ᠶᠠᠪᠣᠳᠠᠯ ᠪᠢᠰᠢ ᠶᠤᠮ᠃ ᠣᠴᠢᠷ ᠨᠢ ᠬᠦᠬᠡ‍ᠨᠠᠭᠤᠷ ᠤᠨ ᠮᠤᠩᠭ᠋ᠤᠯᠴᠤᠳ ᠭᠡᠳᠤᠨ ᠵᠠᠭᠤᠨ ᠵᠢᠯ ᠤᠨ ᠳᠤᠷᠰᠢᠳᠠ ᠲᠦᠪᠡᠳ ᠦᠨᠳᠦᠰᠦᠳᠠᠨ ᠲᠡᠶ ᠭᠦᠷᠰᠢ ᠵᠡᠷᠭᠡᠯᠡᠳᠡᠭᠡ ᠣᠷᠤᠰᠢᠨ ᠠᠮᠢᠳᠤᠷᠠᠬᠤ ᠶᠠᠪᠣᠴᠠ ᠳᠠᠭᠠᠨ ᠳᠠᠳᠠᠨ ᠤ 《ᠭᠡᠰᠡᠷ ᠸᠠᠩ ᠤᠨ ᠳᠤᠭᠤᠵᠢ》 ᠶ᠋ᠢᠨ ᠨᠥᠯᠦᠭᠡ ᠶᠢ ᠭᠦᠨ ᠭᠦᠷᠳᠡᠵᠤ ᠢᠷᠡᠭ᠍ᠰᠡᠨ ᠳᠤᠯᠠ ᠳᠡᠷᠡᠭᠦ ᠨᠥᠯᠦᠭᠡᠨ ᠤ ᠰᠠᠭᠤᠷᠢᠨ ᠳᠡᠭᠡᠷ᠎ᠡ ᠮᠤᠩᠭ᠋ᠤᠯ ᠦᠨᠳᠦᠰᠦᠳᠠᠨ ᠤ ᠳᠡᠦᠭᠡ ᠰᠤᠶᠤᠯ᠂ ᠵᠠᠩ ᠵᠠᠩᠰᠢᠯ᠂ ᠠᠵᠤ ᠠᠮᠢᠳᠤᠷᠠᠯ᠂ ᠰᠠᠳᠭᠢᠴᠠ ᠵᠦᠢ᠌ ᠶᠢᠨ ᠣᠠᠴᠠᠯᠢᠭ ᠰᠢᠠᠵᠢ ᠶᠢ ᠪᠦᠷᠢᠯᠳᠦᠭᠦᠯᠦᠭ᠍ᠰᠡᠨ ᠮᠤᠩᠭ᠋ᠤᠯ ᠭᠡᠰᠡᠷ ᠤᠨ ᠳᠤᠭᠤᠵᠢ ᠶᠢ ᠡᠭᠦᠳᠤᠨ ᠪᠦᠳᠦᠭᠡᠵᠤ ᠪᠠᠶᠠᠯᠢᠭᠵᠢᠭᠤᠯᠤᠨ ᠳᠡᠭᠦᠯᠳᠡᠷᠵᠢᠭᠦᠯᠵᠤ ᠢᠷᠡᠭ᠍ᠰᠡᠨ ᠪᠦᠭᠡᠳ ᠭᠡᠰᠡᠷ ᠲᠡᠶ ᠬᠤᠯᠪᠣᠭᠳᠠᠭᠰᠠᠨ ᠨᠤᠳᠤᠭ ᠣᠰᠤᠨ ᠤ ᠳᠤᠮᠤᠭ ᠢ ᠴᠤ ᠮᠠᠰᠢ ᠠᠷᠪᠢᠨ ᠵᠤᠬᠢᠶᠠᠨ ᠪᠦᠳᠦᠭᠡᠵᠡᠢ᠃ ᠲ᠋ᠡᠭᠡᠳᠤ ᠮᠤᠩᠭ᠋ᠤᠯ ᠤᠨ ᠨᠤᠳᠤᠭ ᠣᠰᠤᠨ ᠤ ᠳᠤᠮᠤᠭ ᠳᠤᠳᠤᠷ᠎ᠠ ᠭᠡᠰᠡᠷ ᠲᠡᠶ ᠬᠤᠯᠪᠣᠭᠳᠠᠭᠰᠠᠨ ᠡᠳᠡᠭᠡᠷ ᠨᠤᠳᠤᠭ ᠣᠰᠤᠨ ᠤ ᠳᠤᠮᠤᠭ ᠨᠢ ᠳᠤᠮᠤᠭᠯᠢᠭ ᠰᠢᠠᠵᠢ ᠪᠠᠷ ᠬᠠᠮᠤᠭ ᠦᠳᠭᠡᠨ ᠵᠤᠵᠠᠭᠠᠨ ᠪᠠᠢ᠌ᠳᠠᠭ᠃ ᠭᠡᠰᠡᠷ ᠲᠡᠶ ᠬᠤᠯᠪᠣᠭᠳᠠᠭᠰᠠᠨ ᠡᠳᠡᠭᠡᠷ ᠨᠤᠳᠤᠭ ᠣᠰᠤᠨ ᠤ ᠳᠤᠮᠤᠭ ᠨᠢ ᠮᠠᠰᠢ ᠤᠬᠤᠷᠬᠠᠨ ᠮᠦᠷᠳᠡᠭᠡᠨ ᠣᠯᠠᠩᠭᠢ ᠨᠢ ᠪᠦᠷ ᠰᠢᠯᠳᠠᠭᠠᠨ ᠦᠷ᠎ᠡ ᠳ᠋ᠦ᠋ᠩ ᠤᠨ ᠭᠡᠯᠪᠠᠷᠢ ᠶᠢᠨ ᠭᠡᠳᠦᠭᠡᠨ ᠥᠭᠦᠯᠡᠪᠦᠷᠢ ᠶᠢᠡᠷ ᠪᠦᠷᠢᠯᠳᠦᠵᠤ᠂ ᠭᠡᠰᠡᠷ ᠪᠠ ᠳᠡᠭᠦᠨ ᠤ ᠮᠠᠭᠤᠰ ᠮᠠᠩᠭ᠋ᠤᠰ ᠲᠡᠶ ᠪᠠᠢ᠌ᠯᠳᠤᠨ ᠳᠤᠯᠤᠯᠳᠤᠭᠰᠠᠨ ᠣᠢ᠌ᠯᠠ ᠶᠠᠪᠣᠳᠠᠯ ᠲᠡᠶ ᠬᠤᠯᠪᠣᠭᠳᠠᠵᠤ ᠪᠠᠢ᠌ᠳᠠᠭ᠃ ᠡᠭᠦᠨ ᠳᠤ ᠡᠩ ᠤᠨ ᠮᠠᠯᠴᠢᠨ ᠠᠷᠠᠤᠨ ᠤᠨ ᠮᠠᠯ ᠮᠠᠯᠵᠢᠯ ᠪᠠ ᠠᠩ ᠠᠩᠨᠠᠯ ᠤᠨ ᠠᠮᠢᠳᠤᠷᠠᠯ ᠭᠤᠤᠯ ᠠᠭᠤᠯᠭ᠎ᠠ ᠪᠣᠯᠵᠤ ᠳᠤᠰᠬᠠᠭᠳᠠᠭᠰᠠᠨ ᠶᠢᠡᠷ ᠪᠠᠷᠠᠬᠤ ᠦᠭᠡᠶ ᠠᠷᠵᠠᠭᠠᠷ ᠬᠠᠷ᠎ᠠ ᠮᠠᠭᠤᠰ ᠮᠠᠩᠭ᠋ᠤᠰ ᠲᠡᠶ ᠪᠠᠢ᠌ᠯᠳᠤᠵᠤ᠂ ᠶ‍ᠢᠷᠳᠢᠠᠴᠤ ᠶᠢᠨ ᠰᠠᠮᠠᠭᠤᠨ ᠢ ᠳᠦᠪᠰᠢᠳᠭᠡᠨ᠂ ᠶᠠᠳᠠᠷ ᠳᠤᠷᠤᠢ ᠠᠮᠢᠳᠠᠤᠨ ᠢ ᠲᠡᠳᠬᠦᠨ ᠳᠠᠮᠵᠢᠵᠤ᠂ ᠠᠷᠠᠤᠨ ᠣᠯᠠᠨ ᠢ ᠠᠮᠤᠷᠵᠢᠭᠤᠯᠤᠨ ᠳᠡᠩᠭᠡᠷᠡᠭᠦᠯᠭᠦ ᠵᠡᠷᠭᠡ ᠠᠭᠤᠯᠭ᠎ᠠ ᠴᠤ ᠪᠠᠭ᠎ᠠ ᠰᠠᠭ᠎ᠠ ᠳᠤᠰᠬᠠᠭᠳᠠᠭᠰᠠᠨ ᠪᠠᠢ᠌ᠳᠠᠭ᠃ ᠭᠡᠰᠡᠷ ᠲᠡᠶ ᠬᠤᠯᠪᠣᠭᠳᠠᠭᠰᠠᠨ ᠡᠳᠡᠭᠡᠷ ᠳᠤᠮᠤᠭ ᠶᠠᠷᠢᠶ᠎ᠠ ᠶᠢᠨ ᠰᠠᠳᠤᠪ ᠠᠭᠤᠯᠭ᠎ᠠ ᠶᠢ ᠦᠨᠳᠦᠰᠦᠯᠠᠵᠤ ᠳᠤᠳᠤᠷ᠎ᠠ ᠨᠢ ᠪᠠᠰᠠ ᠭᠡᠰᠡᠷ ᠲᠡᠶ ᠬᠤᠯᠪᠣᠭᠳᠠᠭᠰᠠᠨ ᠠᠭᠤᠯᠠ ᠣᠰᠤᠨ ᠤ ᠳᠤᠮᠤᠭ᠂ ᠭᠡᠰᠡᠷ ᠲᠡᠶ ᠬᠤᠯᠪᠣᠭᠳᠠᠭᠰᠠᠨ ᠬᠠᠳᠠ ᠴᠢᠯᠠᠭᠤ ᠶᠢᠨ ᠳᠤᠮᠤᠭ᠂ ᠭᠡᠰᠡᠷ ᠲᠡᠶ ᠬᠤᠯᠪᠣᠭᠳᠠᠭᠰᠠᠨ ᠣᠷᠭᠤᠮᠠᠯ ᠤᠨ ᠳᠤᠮᠤᠭ᠂ ᠭᠡᠰᠡᠷ ᠲᠡᠶ ᠬᠤᠯᠪᠣᠭᠳᠠᠭᠰᠠᠨ ᠪᠣᠰᠤᠳ ᠵᠣᠢ᠌ᠯ ᠤᠨ ᠳᠤᠮᠤᠭ ᠭᠡᠵᠤ ᠳᠦᠷᠪᠠᠨ ᠳᠦᠷᠤᠯ ᠵᠣᠢ᠌ᠯ ᠬᠤᠪᠢᠶᠠᠵᠤ ᠪᠣᠯᠤᠨ᠎ᠠ᠃

3᠂ ᠪᠠᠢ᠌ᠭᠠᠯᠢ ᠶᠢᠨ ᠬᠠᠴᠢᠨ ᠰᠤᠨᠢᠨ ᠥᠵᠡᠭ᠍ᠳᠡᠯ ᠲᠡᠶ ᠬᠤᠯᠪᠣᠭᠳᠠᠭᠰᠠᠨ ᠨᠤᠳᠤᠭ ᠣᠰᠤᠨ ᠤ ᠳᠤᠮᠤᠭ

ᠪᠠᠢ᠌ᠭᠠᠯᠢ ᠶᠢᠨ ᠬᠠᠴᠢᠨ ᠰᠤᠨᠢᠨ ᠥᠵᠡᠭ᠍ᠳᠡᠯ ᠲᠡᠶ ᠬᠤᠯᠪᠣᠭᠳᠠᠭᠰᠠᠨ ᠨᠤᠳᠤᠭ ᠣᠰᠤᠨ ᠤ ᠳᠤᠮᠤᠭ ᠢ ᠴᠤᠬᠤᠮ ᠳᠤᠮᠤᠭ ᠲᠤ ᠪᠠᠭᠳᠠᠭᠠᠬᠤ ᠶᠤᠮ ᠤᠤ ︖ ᠳᠤᠮᠤᠭ ᠶᠠᠷᠢᠶ᠎ᠠ ᠳᠤ ᠣᠷᠤᠭᠤᠯᠬᠤ ᠶᠤᠮ ᠤᠤ ︖ ᠭᠡᠭᠦ ᠠᠰᠠᠭᠤᠳᠠᠯ ᠳᠤᠯᠭᠠᠷᠠᠨ᠎ᠠ᠃ ᠭᠡᠪᠠᠴᠤ ᠡᠳᠡᠭᠡᠷ ᠳᠤᠮᠤᠭ ᠲᠤ ᠭᠠᠷᠴᠤ ᠪᠠᠢ᠌ᠭ᠎ᠠ ᠭᠠᠵᠠᠷ ᠤᠨ ᠨᠠᠷ᠎ᠠ ᠨᠢ ᠪᠣᠳᠠᠳᠤ ᠣᠷᠤᠰᠢᠵᠤ ᠪᠠᠢ᠌ᠭ᠎ᠠ ᠭᠠᠵᠠᠷ ᠪᠣᠯᠬᠤ ᠳᠤᠯᠠ ᠳᠡᠭᠦᠨ ᠢ ᠳᠤᠮᠤᠭ ᠶᠠᠷᠢᠶ᠎ᠠ ᠳᠤ ᠣᠷᠤᠭᠤᠯᠵᠤ ᠳᠠᠨᠢᠯᠴᠠᠭᠤᠯᠵᠠᠢ᠃ ᠡᠳᠡᠭᠡᠷ ᠳᠤᠮᠤᠭ ᠶᠠᠷᠢᠶ᠎ᠠ ᠳᠤ ᠪᠠᠢ᠌ᠭᠠᠯᠢ ᠶᠢᠨ ᠶᠠᠮᠠᠷ ᠨᠢᠭᠡᠨ ᠰᠤᠨᠢᠨ ᠭᠠᠢ᠌ᠬᠠᠮᠠᠰᠢᠭ ᠪᠣᠶᠤ ᠳᠠᠢ᠌ᠯᠤᠭᠳᠠᠰᠢ ᠦᠭᠡᠶ ᠨᠢᠭᠤᠴᠠ᠂ ᠪᠠᠢ᠌ᠭᠠᠯᠢ ᠶᠢᠨ ᠶᠠᠮᠠᠷ ᠨᠢᠭᠡᠨ ᠣᠠᠴᠠᠯᠢᠭ ᠰᠢᠠᠵᠢ ᠪᠣᠶᠤ ᠥᠵᠡᠭ᠍ᠳᠡᠯ᠂ ᠪᠠᠢ᠌ᠭᠠᠯᠢ ᠶᠢᠨ ᠶᠠᠮᠠᠷ ᠨᠢᠭᠡᠨ ᠪᠣᠳᠠᠳᠤ ᠪᠣᠳᠠᠰ ᠤᠨ ᠳᠤᠬᠠᠢ ᠳᠠᠢ᠌ᠯᠪᠣᠷᠢ ᠭᠢᠭᠦ ᠪᠠᠷ ᠵᠤᠷᠢᠯᠭ᠎ᠠ ᠪᠠᠨ ᠪᠣᠯᠭᠠᠭᠰᠠᠨ ᠪᠠᠢ᠌ᠳᠠᠭ᠃ ᠵᠢᠱᠢᠶᠠᠯᠠᠪᠠᠯ᠂ 《ᠨᠠᠢ᠌ᠳᠠᠭᠤᠷ》᠂ 《ᠨᠤᠭᠤᠭᠠᠨ ᠭᠦᠪ》᠂ 《ᠡᠯᠡᠰᠦᠳᠡᠢ》 ᠵᠡᠷᠭᠡ ᠭᠠᠵᠠᠷ ᠤᠨ ᠨᠠᠷ᠎ᠠ ᠶᠢ ᠳᠤᠷᠠᠳᠴᠤ ᠪᠣᠯᠤᠨ᠎ᠠ᠃ ᠡᠳᠡᠭᠡᠷ ᠳᠤᠮᠤᠭ ᠤᠳ ᠡᠴᠡ ᠪᠢᠳᠠ ᠡᠷᠳᠡᠨ ᠤ ᠮᠤᠩᠭ᠋ᠤᠯᠴᠤᠳ ᠤᠨ ᠡᠭᠡ ᠪᠠᠢ᠌ᠭᠠᠯᠢ ᠶᠢᠨ ᠨᠢᠭᠤᠴᠠ ᠶᠢ ᠬᠠᠢ᠌ᠨ ᠰᠥᠪᠠᠭ᠍ᠴᠢᠯᠡᠭ᠍ᠰᠡᠨ᠂ ᠳᠡᠭᠦᠨ ᠤ ᠵᠢᠮ᠎ᠠ ᠬᠠᠤᠯᠢ ᠶᠢ ᠳᠠᠨᠢᠵᠤ ᠳᠠᠢ᠌ᠯᠪᠣᠷᠢᠯᠠᠬᠤ ᠪᠠᠷ ᠣᠷᠤᠯᠳᠤᠵᠤ ᠪᠠᠢ᠌ᠭᠰᠠᠨ ᠪᠠ ᠳᠡᠭᠦᠨ ᠤ ᠡᠭᠢ ᠪᠠᠶᠠᠯᠢᠭ ᠢ ᠨᠡᠭᠡᠭᠡᠨ ᠠᠰᠢᠭᠯᠠᠵᠤ ᠪᠠᠢ᠌ᠭᠰᠠᠨ ᠰᠤᠶᠤᠯ ᠳᠡᠦᠭᠡ ᠶᠢᠨ ᠣᠯᠠ ᠮᠦᠷ ᠢ ᠣᠯᠵᠤ ᠬᠠᠷᠠᠬᠤ ᠪᠣᠯᠤᠨ᠎ᠠ᠃

(ᠭᠤᠷᠪᠠ) ᠡᠳ᠋ ᠭᠡᠷᠡᠭ᠍ᠰᠡᠯ ᠤᠨ ᠳᠤᠮᠤᠭ ᠶᠠᠷᠢᠶ᠎ᠠ

ᠲ᠋ᠡᠭᠡᠳᠤ ᠮᠤᠩᠭ᠋ᠤᠯ ᠤᠨ ᠡᠳ᠋ᠯᠡᠯ ᠭᠡᠷᠡᠭ᠍ᠰᠡᠯ ᠤᠨ ᠳᠤᠮᠤᠭ ᠶᠠᠷᠢᠶ᠎ᠠ ᠳᠤ 《ᠵᠤᠤᠬ᠎ᠠ ᠶᠢᠨ ᠢᠷᠠᠯ》᠂ 《ᠮᠤᠩᠭ᠋ᠤᠯ ᠰᠢᠳᠠᠷ᠎ᠠ》 ᠵᠡᠷᠭᠡ ᠳᠤᠮᠤᠭ ᠪᠣᠢ᠃ ᠢᠯᠩᠭ᠋ᠤᠶ᠎ᠠ 《ᠵᠤᠤᠬ᠎ᠠ ᠶᠢᠨ ᠢᠷᠠᠯ》 ᠭᠡᠭᠦ ᠳᠤᠮᠤᠭ ᠶᠠᠷᠢᠶ᠎ᠠ ᠳᠤ ᠮᠤᠩᠭ᠋ᠤᠯᠴᠤᠳ ᠶᠠᠭᠠᠭᠢᠵᠤ ᠵᠤᠤᠬ᠎ᠠ ᠭᠢᠵᠤ ᠰᠤᠷᠤᠭᠰᠠᠨ ᠣᠢ᠌ᠯᠠ ᠶᠠᠪᠣᠳᠠᠯ ᠤᠨ ᠳᠤᠬᠠᠢ ᠥᠭᠦᠯᠡᠵᠡᠢ᠃ ᠳᠤᠰ ᠳᠤᠮᠤᠭ ᠶᠠᠷᠢᠶ᠎ᠠ ᠳᠤ ᠮᠤᠩᠭ᠋ᠤᠯᠴᠤᠳ ᠭᠡᠳᠤᠨ ᠵᠠᠭᠤᠨ ᠮᠢᠩᠭ᠋ᠠᠨ ᠵᠢᠯ ᠤᠨ ᠠᠩ ᠠᠩᠨᠠᠯ ᠪᠠ ᠮᠠᠯ ᠮᠠᠯᠵᠢᠯ ᠤᠨ ᠣᠢ᠌ᠯᠠᠳᠪᠣᠷᠢᠯᠠᠯ ᠤᠨ ᠶᠠᠪᠣᠴᠠ ᠳᠤᠮᠳᠠ ᠪᠠᠨ ᠪᠠᠢ᠌ᠭᠠᠯᠢ ᠳᠡᠯᠡᠭᠡᠢ ᠶᠢᠨ ᠠᠯᠢᠪᠠ ᠭᠡᠷᠡᠭ᠌ ᠪᠣᠳᠠᠰ ᠪᠠ ᠥᠵᠡᠭ᠍ᠳᠡᠯ ᠳᠤ ᠳᠠᠰᠤᠷᠯᠠᠳᠠ ᠦᠭᠡᠶ ᠡᠷᠢᠯᠳᠡ ᠬᠠᠢ᠌ᠯᠳᠠ ᠭᠢᠭᠦ ᠪᠠᠷ ᠳᠠᠮᠵᠢᠨ ᠳᠡᠭᠦᠨ ᠡᠴᠡ ᠰᠠᠷᠠᠯᠳᠠ ᠪᠣᠶᠤ ᠠᠷᠭ᠎ᠠ ᠣᠬᠠᠭᠠᠨ ᠣᠯᠵᠤ ᠦᠪᠡᠷ ᠤᠨ ᠠᠵᠢᠯ ᠠᠮᠢᠳᠤᠷᠠᠯ ᠳᠠᠭᠠᠨ ᠥᠢᠯᠡᠴᠢᠯᠡᠭᠦᠯᠵᠤ ᠪᠠᠢ᠌ᠭᠰᠠᠨ ᠰᠤᠶᠤᠯ ᠳᠡᠦᠭᠡ ᠶᠢᠨ ᠣᠯᠠ ᠮᠦᠷ ᠢᠯᠠ ᠳᠤᠳᠤᠷᠬᠠᠢ ᠳᠤᠰᠬᠠᠭᠳᠠᠭᠰᠠᠨ ᠳᠤᠯᠠ ᠥᠨᠡᠮᠰᠢᠭᠦᠯᠭᠦ ᠭᠦᠴᠤᠨ ᠶᠢᠡᠷ ᠴᠢᠩᠭ᠎ᠠ ᠪᠣᠯᠵᠠᠢ᠃

(ᠳᠦᠷᠪᠠ) ᠵᠠᠩ ᠵᠠᠩᠰᠢᠯ ᠤᠨ ᠳᠤᠮᠤᠭ ᠶᠠᠷᠢᠶ᠎ᠠ

ᠲ᠋ᠡᠭᠡᠳᠤ ᠮᠤᠩᠭ᠋ᠤᠯ ᠤᠨ ᠵᠠᠩ ᠵᠠᠩᠰᠢᠯ ᠤᠨ ᠳᠤᠮᠤᠭ ᠶᠠᠷᠢᠶ᠎ᠠ ᠳᠤ 《ᠳᠠᠯᠤ ᠶᠢᠨ ᠬᠠᠭᠤᠳᠠᠮ》᠂ 《ᠳᠦᠭᠡᠩ (ᠳᠣᠢ᠌ᠭ) ᠊ᠤᠨ ᠶᠠᠰᠤ ᠲᠦᠯᠡᠳᠡᠭ᠌ ᠣᠴᠢᠷ》 ᠵᠡᠷᠭᠡ ᠳᠤᠮᠤᠭ ᠤᠳ ᠢ ᠳᠤᠷᠠᠳᠴᠤ ᠪᠣᠯᠤᠨ᠎ᠠ᠃ ᠡᠳᠡᠭᠡᠷ ᠳᠤᠮᠤᠭ ᠶᠠᠷᠢᠶ᠎ᠠ ᠳᠤ ᠮᠤᠩᠭ᠋ᠤᠯ ᠦᠨᠳᠦᠰᠦᠳᠠᠨ ᠤ ᠵᠠᠷᠢᠮ ᠵᠠᠩ ᠣᠢ᠌ᠯᠠ ᠶᠢᠨ ᠢᠷᠠᠯᠳᠠ ᠶᠢᠨ ᠣᠴᠢᠷ ᠰᠢᠯᠳᠠᠭᠠᠨ ᠢ ᠳᠠᠢ᠌ᠯᠪᠣᠷᠢᠯᠠᠭᠰᠠᠨ ᠪᠠᠢ᠌ᠳᠠᠭ᠃

ᠭᠤᠷᠪᠠ᠂ ᠳᠡᠭᠡᠳᠤ ᠮᠤᠩᠭ᠋ᠤᠯ ᠤᠨ ᠳᠤᠮᠤᠭ ᠶᠠᠷᠢᠶ᠎ᠠ ᠶᠢᠨ ᠣᠠᠴᠠᠯᠢᠭ ᠰᠢᠠᠵᠢ

ᠲ᠋ᠡᠭᠡᠳᠤ ᠮᠤᠩᠭ᠋ᠤᠯ ᠤᠨ ᠡᠳᠡᠭᠡᠷ ᠳᠤᠮᠤᠭ ᠶᠠᠷᠢᠶ᠎ᠠ ᠨᠤᠭᠤᠳ ᠤᠨ ᠬᠠᠮᠤᠷᠤᠭᠰᠠᠨ ᠰᠠᠳᠤᠪ ᠠᠭᠤᠯᠭ᠎ᠠ ᠡᠴᠡ ᠦᠵᠡᠪᠠᠯ ᠨᠡᠢ᠌ᠭᠡᠮ ᠤᠨ ᠠᠮᠢᠳᠤᠷᠠᠯ ᠳᠠᠮᠠᠴᠠᠯ ᠢ ᠳᠤᠰᠬᠠᠨ ᠬᠠᠷᠠᠭᠤᠯᠤᠭᠰᠠᠨ ᠪᠠᠢ᠌ᠳᠠᠭ ᠪᠦᠭᠡᠳ ᠳᠦᠷᠢ ᠳᠦᠷᠰᠤᠯᠠᠯ ᠡᠴᠡ ᠨᠢ ᠥᠵᠡᠭ᠍ᠰᠡᠨ ᠴᠤ ᠵᠤᠬᠢᠶᠠᠯ ᠤᠨ ᠪᠠᠭᠠᠳᠤᠷ ᠤᠨ ᠣᠯᠠᠩᠭᠢ ᠨᠢ ᠴᠦᠮ ᠳᠡᠦᠭᠡᠳᠤ ᠦᠨᠡᠨ ᠭᠦᠮᠦᠰ ᠪᠠᠢ᠌ᠳᠠᠭ᠃ ᠡᠳᠡᠭᠡᠷ ᠳᠤᠮᠤᠭ ᠶᠠᠷᠢᠶ᠎ᠠ ᠨᠤᠭᠤᠳ ᠤᠨ ᠣᠠᠴᠠᠯᠢᠭ ᠰᠢᠠᠵᠢ ᠶᠢ ᠠᠵᠢᠭᠯᠠᠪᠠᠯ ᠳᠤᠤᠷᠠᠭᠢ ᠮᠠᠳᠤ ᠭᠡᠳᠤᠨ ᠳᠠᠯ᠎ᠠ ᠪᠠᠷ ᠢᠯᠠᠷᠠᠵᠤ ᠪᠣᠢ᠃

(ᠨᠢᠭᠡ)᠂ ᠳᠡᠦᠭᠡᠯᠢᠭ᠌ ᠰᠢᠠᠵᠢ ᠳᠠᠢ

ᠳᠤᠮᠤᠭ ᠶᠠᠷᠢᠶ᠎ᠠ ᠨᠢ ᠶᠠᠷᠤ ᠡᠴᠡ ᠳᠡᠦᠭᠡᠳᠤ ᠭᠦᠮᠤᠨ᠂ ᠳᠡᠦᠭᠡᠳᠤ ᠭᠡᠷᠡᠭ᠌ ᠶᠠᠪᠣᠳᠠᠯ᠂ ᠳᠡᠦᠭᠡᠨ ᠳᠤᠷᠰᠬᠠᠯᠳᠤ ᠵᠣᠢ᠌ᠯᠠᠰ ᠶᠢᠡᠷ ᠭᠤᠤᠯ ᠰᠡᠳᠦᠪᠯᠡᠭᠦᠨ ᠶᠢᠡᠨ ᠪᠣᠯᠭᠠᠳᠠᠭ ᠳᠤᠯᠠ ᠳᠡᠭᠦᠨ ᠳᠤ ᠳᠦᠷᠰᠤᠯᠠᠵᠤ ᠪᠠᠢ᠌ᠭ᠎ᠠ ᠳᠦᠷᠢ ᠨᠢ ᠳᠡᠦᠭᠡᠳᠤ ᠭᠦᠮᠤᠨ ᠤ ᠣᠯᠠ ᠮᠦᠷ ᠲᠡᠶ ᠪᠢᠰᠢ ᠪᠣᠯ ᠥᠭᠦᠯᠡᠵᠤ ᠪᠠᠢ᠌ᠭ᠎ᠠ ᠣᠢ᠌ᠯᠠ ᠶᠠᠪᠣᠳᠠᠯ ᠨᠢ ᠳᠡᠦᠭᠡ ᠶᠢᠨ ᠶᠠᠮᠠᠷ ᠨᠢᠭᠡᠨ ᠦᠨᠳᠦᠰᠦᠯᠠᠯ ᠲᠡᠶ᠂ ᠡᠰᠡᠭᠦᠯ᠎ᠡ ᠶᠠᠷᠢᠭᠳᠠᠵᠤ ᠪᠠᠢ᠌ᠭ᠎ᠠ ᠭᠠᠵᠠᠷ ᠣᠷᠤᠨ ᠦᠨᠡᠨ ᠪᠣᠳᠠᠳᠤ ᠰᠢᠠᠵᠢ ᠲᠡᠶ ᠪᠠᠢ᠌ᠳᠠᠭ᠃ ᠡᠨᠡ ᠨᠢ ᠪᠠᠰᠠᠴᠤ ᠶᠠᠮᠠᠷᠪᠠ ᠣᠭᠰᠠᠭ᠎ᠠ ᠦᠨᠳᠦᠰᠦᠳᠠᠨ ᠤ ᠳᠤᠮᠤᠭ ᠶᠠᠷᠢᠶ᠎ᠠ ᠶᠢᠨ ᠨᠡᠢ᠌ᠳᠡᠯᠢᠭ᠌ ᠰᠢᠠᠵᠢ ᠪᠣᠯᠤᠯᠳᠠᠢ᠃ ᠳᠡᠭᠡᠳᠤ ᠮᠤᠩᠭ᠋ᠤᠯ ᠤᠨ ᠳᠤᠮᠤᠭ ᠶᠠᠷᠢᠶ᠎ᠠ ᠨᠢ ᠴᠤ ᠡᠢ᠌ᠮᠦᠷᠭᠦ ᠳᠡᠦᠭᠡᠯᠢᠭ᠌ ᠰᠢᠠᠵᠢ ᠲᠡᠶ ᠪᠠᠢ᠌ᠳᠠᠭ᠃

ᠡᠡᠭ᠌ ᠳᠡᠷᠢᠭᠦᠨ ᠳᠤ ᠪᠢᠳᠠ ᠡᠳᠡᠭᠡᠷ ᠳᠤᠮᠤᠭ ᠶᠠᠷᠢᠶ᠎ᠠ ᠨᠤᠭᠤᠳ ᠡᠴᠡ ᠳᠡᠭᠡᠳᠤ ᠮᠤᠩᠭ᠋ᠤᠯ ᠤᠨ ᠳᠡᠦᠭᠡᠨ ᠳ᠋ᠠᠭᠢ ᠳᠡᠳᠡᠭᠡᠷ ᠳᠡᠦᠭᠡᠳᠤ ᠭᠦᠮᠦᠰ ᠤᠨ ᠵᠠᠷᠢᠮ ᠣᠯᠠ ᠮᠦᠷ ᠪᠣᠶᠤ ᠳᠡᠦᠭᠡᠳᠤ ᠣᠢ᠌ᠯᠠ ᠶᠠᠪᠣᠳᠠᠯ ᠢ ᠣᠯᠵᠤ ᠬᠠᠷᠠᠬᠤ ᠪᠣᠯᠤᠨ᠎ᠠ᠃ ᠢᠯᠩᠭ᠋ᠤᠶ᠎ᠠ ᠳᠡᠭᠡᠳᠤ ᠮᠤᠩᠭ᠋ᠤᠯ ᠤᠨ ᠡᠳᠡᠭᠡᠷ ᠳᠤᠮᠤᠭ ᠶᠠᠷᠢᠶ᠎ᠠ ᠳᠤᠳᠤᠷ᠎ᠠ ᠳᠡᠦᠭᠡᠨ ᠳᠤᠮᠤᠭ ᠶᠠᠷᠢᠶ᠎ᠠ ᠪᠣᠯᠤᠨ ᠨᠤᠳᠤᠭ ᠣᠰᠤᠨ ᠤ ᠳᠤᠮᠤᠭ ᠶᠠᠷᠢᠶ᠎ᠠ ᠨᠢ ᠳᠡᠦᠭᠡᠯᠢᠭ᠌ ᠰᠢᠠᠵᠢ ᠪᠠᠷ ᠨᠠᠩ ᠳᠤᠪᠣᠢ᠌ᠮ᠎ᠠ ᠪᠠᠢ᠌ᠵᠤ ᠵᠠᠷᠢᠮ ᠳᠤᠮᠤᠭ ᠶᠠᠷᠢᠶ᠎ᠠ ᠨᠢ ᠪᠠᠷᠤᠭ ᠳᠠᠷᠠ ᠴᠢᠭ᠌ ᠶᠢᠡᠷ ᠶᠢᠡᠨ ᠳᠡᠦᠭᠡ ᠮᠠᠶ‍ᠢᠭ ᠲᠡᠶ ᠪᠠᠢ᠌ᠳᠠᠭ᠃ ᠡᠭᠦᠨ ᠳᠤ 《ᠭᠦᠦᠰᠢ ᠬᠠᠭᠠᠨ ᠤ ᠳᠤᠮᠤᠭ》 ᠨᠢ ᠡᠨᠡ ᠳᠠᠯ᠎ᠠ ᠶᠢᠨ ᠪᠣᠳᠠᠳᠤ ᠨᠢᠭᠡ ᠵᠢᠱᠢᠶ᠎ᠠ ᠪᠣᠯᠤᠨ᠎ᠠ᠃ ᠳᠤᠰ ᠳᠤᠮᠤᠭ ᠶᠠᠷᠢᠶ᠎ᠠ ᠨᠢ ᠳᠡᠦᠭᠡᠯᠢᠭ᠌ ᠰᠢᠠᠵᠢ ᠪᠠᠷ ᠮᠠᠰᠢ ᠦᠨᠳᠦᠷ ᠪᠠᠢ᠌ᠵᠤ ᠬᠦᠬᠡ‍ᠨᠠᠭᠤᠷ ᠤᠨ ᠣᠷᠤᠨ ᠨᠤᠳᠤᠭ ᠤᠨ ᠳᠡᠦᠭᠡ ᠶᠢ ᠰᠤᠳᠤᠯᠬᠤ ᠳᠤ ᠣᠯᠳᠠᠰᠢ ᠦᠭᠡᠶ ᠬᠤᠪᠣᠷ ᠨᠠᠠᠳᠢᠨ ᠮᠠᠲ᠋ᠸᠷᠢᠶᠠᠯ ᠪᠣᠯᠳᠠᠭ᠃ ᠬᠤᠶᠠᠷ ᠲᠤ᠂ ᠡᠳᠡᠭᠡᠷ ᠳᠤᠮᠤᠭ ᠶᠠᠷᠢᠶ᠎ᠠ ᠡᠴᠡ ᠳᠡᠳᠡᠭᠡᠷ ᠳᠡᠦᠭᠡᠳᠤ ᠭᠦᠮᠦᠰ ᠤᠨ ᠣᠯᠳᠠᠰᠢ ᠪᠠ ᠠᠯᠳᠠᠰᠢ ᠶᠢᠨ ᠳᠤᠬᠠᠢ ᠵᠤᠭᠢᠬᠤ ᠣᠢ᠌ᠯᠠᠭᠠᠯᠳᠠ ᠳᠠᠨᠢᠯᠳᠠ ᠲᠡᠶ ᠪᠣᠯᠵᠤ ᠳᠡᠳᠡᠭᠡᠷ ᠳᠡᠦᠭᠡᠳᠤ ᠭᠦᠮᠦᠰ ᠢ ᠦᠨᠡᠨ ᠵᠦᠪ ᠶᠢᠡᠷ ᠥᠨᠡᠯᠡᠭᠦ ᠳᠤ ᠵᠠᠷᠢᠮ ᠪᠣᠳᠠᠳᠤ ᠦᠨᠳᠦᠰᠦᠯᠠᠯ ᠢ ᠬᠠᠩᠭ᠋ᠠᠵᠤ ᠥᠭ᠍ᠳᠡᠭ᠌᠃ ᠤᠴᠢᠷ ᠨᠢ ᠶᠠᠮᠠᠷ ᠨᠢᠭᠡᠨ ᠦᠨᠳᠦᠰᠦᠳᠠᠨ ᠤ ᠳᠡᠦᠭᠡᠳᠤ ᠭᠦᠮᠦᠰ ᠢ ᠥᠨᠡᠯᠡᠭᠦ ᠳᠤ ᠳᠡᠷᠡᠭᠦ ᠦᠨᠳᠦᠰᠦᠳᠠᠨ ᠤ ᠠᠷᠠᠤᠨ ᠲᠦᠮᠡᠨ ᠭᠡᠷᠭᠢᠨ ᠦᠵᠡᠵᠤ ᠬᠠᠠᠳᠤᠵᠤ ᠪᠠᠢ᠌ᠭᠰᠠᠨ ᠢ ᠠᠵᠢᠭᠯᠠᠨ ᠰᠢᠡᠵᠢᠭᠦ ᠶᠤᠰᠤᠳᠠᠢ᠂ ᠢᠩᠭᠢᠪᠠᠯ ᠰᠠ‍‌ᠶᠢ ᠳᠡᠦᠭᠡ ᠶᠢᠨ ᠵᠠᠷᠢᠮ ᠭᠦᠮᠦᠰ ᠲᠤ ᠣᠨᠤᠪᠴᠢᠳᠠᠢ ᠦᠨᠡᠯᠠᠯᠳᠠ ᠥᠭ᠍ᠴᠤ ᠴᠢᠳᠠᠨ᠎ᠠ᠃ ᠢᠯᠩᠭ᠋ᠤᠶ᠎ᠠ ᠯᠤᠪᠰᠠᠩᠳᠠᠠᠵᠢᠨ᠂ ᠴᠤᠭᠳᠤ ᠳᠠᠢ᠌ᠵᠢ ᠵᠡᠷᠭᠡ ᠳᠡᠦᠭᠡᠳᠤ ᠭᠦᠮᠦᠰ ᠢ ᠭᠡᠷᠭᠢᠨ ᠥᠨᠡᠯᠡᠭᠦ ᠳᠠᠯ᠎ᠠ ᠪᠠᠷ ᠡᠳᠡᠭᠡᠷ ᠳᠤᠮᠤᠭ ᠶᠠᠷᠢᠶ᠎ᠠ ᠨᠤᠭᠤᠳ ᠡᠴᠡ ᠡᠷᠢᠨ ᠰᠥᠪᠠᠭ᠍ᠴᠢᠯᠡᠭᠦ ᠴᠢᠬᠤᠯᠠᠳᠠᠢ᠃ ᠭᠦᠮᠤᠨ ᠤ ᠨᠢᠭᠡ ᠨᠠᠰᠤᠨ ᠤ ᠣᠯᠳᠠᠰᠢ ᠪᠠ ᠠᠯᠳᠠᠰᠢ ᠶᠢ ᠶᠠᠷᠤ ᠨᠢ ᠳᠡᠭᠦᠨ ᠤ ᠦᠪᠡᠷ ᠤᠨ ᠣᠭᠰᠠᠭ᠎ᠠ ᠦᠨᠳᠦᠰᠦᠳᠠᠨ ᠪᠣᠶᠤ ᠡᠭᠡ ᠣᠷᠤᠨ ᠳᠠᠭᠠᠨ ᠭᠢᠷᠢ ᠵᠡᠷᠭᠡ ᠬᠤᠪᠢ ᠨᠠᠮᠠᠷᠢ ᠥᠵᠡᠭᠦᠯᠦᠭ᠍ᠰᠡᠨ ᠶᠢᠡᠷ ᠨᠢ ᠥᠨᠡᠯᠡᠳᠡᠭ᠌᠃ ᠭᠤᠷᠪᠠ ᠳᠤ᠂ ᠥᠰᠦᠭ᠌ ᠪᠢᠴᠢᠭ᠌ ᠲᠤ ᠳᠡᠮᠳᠡᠭᠯᠡᠭ᠍ᠳᠡᠭ᠍ᠰᠡᠨ ᠦᠭᠡᠶ ᠵᠠᠷᠢᠮ ᠳᠡᠦᠭᠡᠳᠤ ᠭᠦᠮᠤᠨ ᠪᠣᠶᠤ ᠳᠡᠦᠭᠡᠳᠤ ᠣᠢ᠌ᠯᠠ ᠶᠠᠪᠣᠳᠠᠯ ᠢ ᠳᠤᠳᠤᠯᠠᠨ ᠰᠢᠡᠵᠢᠯᠡᠭᠦ ᠳᠤ ᠰᠥᠪᠠᠭ᠍ᠴᠢ ᠯᠠᠪᠯᠠᠯᠳᠠ ᠪᠣᠶᠤ ᠴᠢᠬᠤᠯᠠ ᠦᠨᠳᠦᠰᠦ ᠪᠠᠷᠢᠮᠳᠠ ᠶᠢ ᠣᠯᠭᠤᠵᠤ ᠥᠭ᠍ᠳᠡᠭ᠌᠃ ᠢᠯᠩᠭ᠋ᠤᠶ᠎ᠠ 《ᠵᠢᠩᠰᠠᠳᠤ》᠂ 《ᠰᠢᠬᠠᠯᠠ》᠂ 《ᠴᠤᠭᠳᠤ ᠶᠢᠨ ᠭᠦᠡᠳᠡᠢ》 ᠭᠡᠭᠦ ᠵᠡᠷᠭᠡ ᠳᠤᠮᠤᠭ ᠶᠠᠷᠢᠶ᠎ᠠ ᠡᠴᠡ ᠳᠤᠬᠠᠢ ᠶᠢᠨ ᠦᠶ᠎ᠡ ᠶᠢᠨ ᠵᠠᠷᠢᠮ ᠦᠨᠡᠨ ᠣᠴᠢᠷ ᠶᠠᠪᠣᠳᠠᠯ ᠢ ᠣᠢ᠌ᠯᠠᠭᠠᠵᠤ ᠮᠡᠳᠡᠭᠦ ᠪᠣᠯᠤᠮᠵᠢ ᠲᠡᠶ ᠪᠠᠢ᠌ᠨ᠎ᠠ᠃ ᠳᠦᠷᠪᠠ ᠳᠤ᠂ ᠡᠳᠡᠭᠡᠷ ᠭᠠᠵᠠᠷ ᠣᠰᠤᠨ ᠤ ᠨᠠᠷ᠎ᠠ ᠶᠢᠨ ᠳᠤᠮᠤᠭ ᠨᠢ ᠳᠡᠭᠡᠳᠤ ᠮᠤᠩᠭ᠋ᠤᠯ ᠤᠨ ᠭᠠᠵᠠᠷ ᠵᠦᠢ᠌᠂ ᠭᠡᠯᠡ ᠰᠢᠠᠵᠢᠯᠠᠯ᠂ ᠳᠡᠦᠭᠡ ᠵᠦᠢ ᠵᠡᠷᠭᠡ ᠶᠢ ᠰᠤᠳᠤᠯᠬᠤ ᠳᠤ ᠣᠯᠳᠠᠰᠢ ᠦᠭᠡᠶ ᠬᠤᠪᠣᠷ ᠴᠤᠬᠠᠭ ᠡᠭᠢ ᠮᠠᠲ᠋ᠸᠷᠢᠶᠠᠯ ᠪᠣᠯᠳᠠᠭ᠃

(ᠬᠤᠶᠠᠷ) ᠳᠤᠮᠤᠭᠯᠢᠭ ᠰᠢᠠᠵᠢ ᠳᠠᠢ

ᠲ᠋ᠡᠭᠡᠳᠤ ᠮᠤᠩᠭ᠋ᠤᠯ ᠤᠨ ᠡᠳᠡᠭᠡᠷ ᠳᠤᠮᠤᠭ ᠶᠠᠷᠢᠶ᠎ᠠ ᠳᠤᠳᠤᠷ᠎ᠠ ᠭᠡᠰᠡᠷ ᠲᠡᠶ ᠬᠤᠯᠪᠣᠭᠳᠠᠭᠰᠠᠨ ᠨᠤᠳᠤᠭ ᠣᠰᠤᠨ ᠤ ᠳᠤᠮᠤᠭ ᠨᠢ ᠳᠤᠮᠤᠭᠯᠢᠭ ᠰᠢᠠᠵᠢ ᠪᠠᠷ ᠬᠠᠮᠤᠭ ᠦᠳᠭᠡᠨ ᠵᠤᠵᠠᠭᠠᠨ ᠪᠠᠢ᠌ᠵᠤ ᠡᠨᠡ ᠳᠠᠯ᠎ᠠ ᠶᠢᠨ ᠪᠣᠳᠠᠳᠤ ᠨᠢᠭᠡ ᠵᠢᠱᠢᠶ᠎ᠠ ᠪᠣᠯᠵᠤ ᠪᠠᠢ᠌ᠳᠠᠭ᠃ ᠡᠳᠡᠭᠡᠷ ᠳᠤᠮᠤᠭ ᠳᠠᠭᠢ ᠭᠡᠰᠡᠷ ᠤᠨ ᠪᠠᠭᠠᠵᠢ ᠵᠠᠪᠰᠩ ᠠᠭᠳᠠ ᠭᠦᠯᠦᠭ᠌ ᠡᠴᠡ ᠨᠢ ᠠᠪᠣᠭᠠᠤᠨ ᠣᠢ᠌ᠯᠠ ᠶᠠᠪᠣᠳᠠᠯ ᠳᠤᠨᠢ ᠭᠦᠷᠳᠡᠯ᠎ᠡ ᠪᠦᠷ ᠷᠢᠳᠢ ᠰᠢᠳᠢ ᠲᠡᠶ ᠪᠣᠯᠵᠤ ᠳᠤᠮᠤᠭᠯᠢᠭ ᠰᠢᠠᠵᠢ ᠪᠠᠷ ᠢᠯᠠ ᠳᠤᠳᠤ ᠪᠣᠯᠤᠭᠰᠠᠨ ᠪᠠᠢ᠌ᠳᠠᠭ᠃ ᠵᠢᠱᠢᠶᠠᠯᠠᠪᠠᠯ᠂ 《ᠳᠤᠯᠤᠭᠠᠢ ᠦᠭᠡᠶ ᠠᠭᠤᠯᠠ》᠂ 《ᠭᠡᠰᠡᠷ ᠤᠨ ᠴᠠᠭᠠᠨ ᠢᠮᠠᠭ᠎ᠠ》᠂ 《ᠨᠥᠭᠡᠨ ᠬᠠᠳᠠᠨ ᠤ ᠳᠤᠮᠤᠭ》 ᠵᠡᠷᠭᠡ ᠳᠤᠮᠤᠭ ᠲᠤ ᠳᠡᠭᠦᠨ ᠤ ᠵᠠᠷ ᠵᠠᠪᠰᠩ᠂ ᠣᠢ᠌ᠯᠠ ᠶᠠᠪᠣᠳᠠᠯ ᠢ ᠶᠠᠷᠤᠨᠢ ᠮᠠᠰᠢ ᠰᠤᠨᠢᠨ ᠭᠠᠢ᠌ᠬᠠᠮᠰᠢᠭ ᠲᠡᠶ᠂ ᠬᠠᠴᠢᠨ ᠵᠢᠭ᠍ᠳᠡᠢ ᠮᠦᠷᠳᠡᠭᠡᠨ ᠶᠠᠷᠤ ᠪᠣᠰᠤ ᠶᠢᠨ ᠣᠪᠠᠳᠢᠰ ᠲᠡᠶ ᠪᠣᠯᠭᠠᠭᠰᠠᠨ ᠪᠠᠢ᠌ᠳᠠᠭ᠃ 《ᠠᠯᠳᠠᠨ ᠪᠣᠯᠠᠭ》 ᠭᠡᠭᠦ ᠳᠤᠮᠤᠭ ᠶᠠᠷᠢᠶ᠎ᠠ ᠳ᠋ᠠᠭᠢ ᠴᠢᠩᠭᠢᠰ ᠬᠠᠭᠠᠨ ᠤ ᠠᠶᠠᠭ᠎ᠠ ᠨᠢ ᠴᠤ ᠬᠤᠪᠢᠯᠭᠠᠨ ᠣᠪᠠᠳᠢᠰ ᠲᠡᠶ ᠪᠠᠢ᠌ᠵᠤ ᠨᠥᠭᠡ ᠮᠠᠯᠳᠠᠵᠤ ᠠᠶᠠᠭ᠎ᠠ ᠪᠠᠨ ᠨᠠᠷᠠᠪᠠᠯ ᠣᠰᠤ ᠠᠶᠠᠠᠳᠠᠭᠠᠨ ᠭᠠᠷᠴᠢᠬᠠᠳᠠᠭ ᠷᠢᠳᠢ ᠰᠢᠳᠢ ᠲᠡᠶ ᠪᠠᠢ᠌ᠳᠠᠭ᠃ ᠡᠨᠡ ᠨᠢ ᠪᠠᠰᠠᠴᠤ ᠨᠠᠢ᠌ᠳᠠ ᠮᠤᠩᠭ᠋ᠤᠯ ᠳᠤᠮᠤᠭ ᠶᠠᠷᠢᠶ᠎ᠠ ᠶᠢᠨ ᠴᠢᠬᠤᠯᠠ ᠨᠢᠭᠡ ᠣᠠᠴᠠᠯᠢᠭ ᠰᠢᠠᠵᠢ ᠪᠣᠯᠤᠨ᠎ᠠ᠃

(ᠭᠤᠷᠪᠠ) ᠣᠷᠤᠨ ᠨᠤᠳᠤᠭ ᠤᠨ ᠦᠪᠡᠷᠮᠢᠴᠠ ᠣᠠᠴᠠᠯᠢᠭ ᠳᠠᠢ

ᠳᠡᠭᠡᠳᠤ ᠮᠤᠩᠭ᠋ᠤᠯ ᠤᠨ ᠡᠳᠡᠭᠡᠷ ᠳᠤᠮᠤᠭ ᠶᠠᠷᠢᠶ᠎ᠠ ᠨᠤᠭᠤᠳ ᠤᠨ ᠪᠠᠰᠠ ᠨᠢᠭᠡᠨ ᠳᠤᠪᠣᠢ᠌ᠮ᠎ᠠ ᠣᠠᠴᠠᠯᠢᠭ ᠭᠡᠪᠠᠯ ᠣᠷᠤᠨ ᠨᠤᠳᠤᠭ ᠤᠨ ᠦᠪᠡᠷᠮᠢᠴᠠ ᠣᠠᠴᠠᠯᠢᠭ ᠰᠢᠠᠵᠢ ᠪᠣᠯᠤᠨ᠎ᠠ᠃ ᠣᠷᠤᠨ ᠨᠤᠳᠤᠭ ᠤᠨ ᠦᠪᠡᠷᠮᠢᠴᠠ ᠣᠠᠴᠠᠯᠢᠭ ᠢ ᠶᠠᠷᠤ ᠨᠢ ᠭᠠᠵᠠᠷ ᠣᠷᠤᠨ ᠤ ᠣᠠᠴᠠᠯᠢᠭ ᠪᠠ ᠭᠡᠯᠡ ᠭᠡᠯᠯᠭᠡ ᠶᠢᠨ ᠣᠠᠴᠠᠯᠢᠭ ᠭᠡᠵᠤ ᠬᠤᠪᠢᠶᠠᠵᠤ ᠪᠣᠯᠤᠨ᠎ᠠ᠃ ᠳᠡᠭᠡᠳᠤ ᠮᠤᠩᠭ᠋ᠤᠯ ᠤᠨ ᠡᠳᠡᠭᠡᠷ ᠳᠤᠮᠤᠭ ᠶᠠᠷᠢᠶ᠎ᠠ ᠳᠤ ᠶᠠᠷᠢᠭᠳᠠᠵᠤ ᠪᠠᠢ᠌ᠭ᠎ᠠ ᠭᠦᠮᠦᠰ ᠤᠨ ᠣᠯᠠᠩᠭᠢ ᠪᠦᠷ ᠬᠦᠬᠡ‍ᠨᠠᠭᠤᠷ ᠲᠤ ᠠᠵᠢᠯᠯᠠᠭ᠎ᠠ ᠭᠢᠵᠤ ᠪᠠᠢ᠌ᠭᠰᠠᠨ ᠳᠡᠦᠭᠡᠳᠤ ᠦᠨᠡᠨ ᠭᠦᠮᠤᠨ ᠪᠣᠯᠤᠨ᠎ᠠ᠃ ᠡᠭᠦᠨ ᠶᠢᠡᠷ ᠪᠠᠷᠠᠬᠤ ᠦᠭᠡᠶ ᠡᠳᠡᠭᠡᠷ ᠳᠤᠮᠤᠭ ᠶᠠᠷᠢᠶ᠎ᠠ ᠳ᠋ᠠᠭᠢ ᠭᠠᠵᠠᠷ ᠣᠰᠤᠨ ᠤ ᠨᠠᠷ᠎ᠠ ᠡᠴᠡ ᠨᠢ ᠠᠪᠣᠭᠠᠤᠨ ᠭᠡᠯᠡ ᠭᠡᠯᠯᠭᠡ ᠳ᠋ᠤᠨᠢ ᠭᠦᠷᠳᠡᠯ᠎ᠡ ᠪᠦᠷ ᠳᠡᠭᠡᠳᠤ ᠮᠤᠩᠭ᠋ᠤᠯ ᠤᠨ ᠣᠷᠤᠨ ᠨᠤᠳᠤᠭ ᠤᠨ ᠦᠪᠡᠷᠮᠢᠴᠠ ᠣᠠᠴᠠᠯᠢᠭ ᠰᠢᠠᠵᠢ ᠪᠠᠷ ᠢᠯᠠ ᠳᠤᠳᠤ ᠪᠠᠢ᠌ᠳᠠᠭ᠃ ᠵᠢᠱᠢᠶᠠᠯᠠᠪᠠᠯ ᠭᠠᠵᠠᠷ ᠣᠰᠤᠨ ᠤ ᠨᠠᠷ᠎ᠠ ᠪᠠᠷ ᠠᠪᠴᠤ ᠭᠡᠯᠡᠪᠠᠯ᠂ ᠠᠯᠳᠠᠨ ᠪᠣᠯᠠᠭ᠂ ᠶᠡᠭᠡ ᠣᠯᠠᠭᠠᠨ ᠬᠤᠰᠢᠭᠤ᠂ ᠪᠠᠭ᠎ᠠ ᠣᠯᠠᠭᠠᠨ ᠬᠤᠰᠢᠭᠤ᠂ ᠠᠩᠬᠠᠨ ᠠᠭᠤᠯᠠ᠂ ᠭᠠᠠᠵᠤᠤᠷ ᠤᠨ ᠭᠦᠳᠦᠯ ᠵᠡᠷᠭᠡ ᠵᠥᠪᠭᠡᠨ ᠬᠦᠬᠡ‍ᠨᠠᠭᠤᠷ ᠲᠤ ᠯᠠ ᠪᠠᠢ᠌ᠳᠠᠭ ᠭᠠᠵᠠᠷ ᠤᠨ ᠨᠠᠷᠠᠰ ᠪᠣᠯᠬᠤ ᠮᠦᠷᠳᠡᠭᠡᠨ ᠳᠡᠳᠡᠭᠡᠷ ᠭᠠᠵᠠᠷ ᠤᠨ ᠨᠠᠷᠠᠰ ᠨᠢ ᠪᠦᠷ ᠯᠠ ᠬᠦᠬᠡ‍ᠨᠠᠭᠤᠷ ᠲᠤ ᠪᠣᠳᠠᠳᠤ ᠠᠵᠢᠯᠯᠠᠭ᠎ᠠ ᠭᠢᠵᠤ ᠪᠠᠢ᠌ᠭᠰᠠᠨ ᠳᠡᠳᠡᠭᠡᠷ ᠳᠡᠦᠭᠡᠳᠤ ᠭᠦᠮᠦᠰ ᠪᠣᠯᠬᠤ ᠠᠯᠳᠠᠨ ᠬᠠᠨ᠂ ᠭᠦᠦᠰᠢ ᠬᠠᠨ᠂ ᠴᠤᠭᠳᠤ ᠳᠠᠢ᠌ᠵᠢ᠂ ᠯᠤᠪᠰᠠᠩᠳᠠᠠᠵᠢᠨ ᠵᠡᠷᠭᠡ ᠭᠦᠮᠦᠰ ᠤᠨ ᠳᠡᠦᠭᠡᠳᠤ ᠣᠢ᠌ᠯᠠ ᠠᠵᠢᠯᠯᠠᠭ᠎ᠠ ᠲᠡᠶ ᠰᠢᠭᠤᠳ ᠬᠤᠯᠪᠣᠭᠳᠠᠵᠤ ᠪᠠᠢ᠌ᠳᠠᠭ᠃ ᠢᠯᠩᠭ᠋ᠤᠶ᠎ᠠ ᠭᠡᠯᠡ ᠭᠡᠯᠯᠭᠡ ᠶᠢᠨ ᠳᠠᠯ᠎ᠠ ᠪᠠᠷ ᠠᠪᠴᠤ ᠭᠡᠯᠡᠪᠠᠯ ᠡᠳᠡᠭᠡᠷ ᠳᠤᠮᠤᠭ ᠶᠠᠷᠢᠶ᠎ᠠ ᠨᠢ ᠶᠤᠰᠤᠳᠠᠢ ᠬᠦᠬᠡ‍ᠨᠠᠭᠤᠷ ᠮᠤᠩᠭ᠋ᠤᠯ ᠤᠨ ᠠᠮᠠᠨ ᠠᠶᠠᠯᠠᠭᠤᠨ ᠤ ᠥᠭᠡᠰ ᠤᠨ ᠰᠠᠩ ᠭᠦᠮᠦᠷᠭᠡ ᠭᠡᠵᠤ ᠭᠡᠯᠡᠵᠤ ᠪᠣᠯᠤᠨ᠎ᠠ᠃ ᠵᠢᠱᠢᠶᠠᠯᠠᠪᠠᠯ᠂ ᠮᠠᠭᠤᠰ (ᠮᠠᠭᠤᠰ ᠮᠠᠩᠭ᠋ᠤᠰ)᠂ ᠬᠠᠢ᠌ᠭᠢᠷᠠᠬᠤ (ᠬᠠᠰᠭᠢᠷᠡᠬᠤ)᠂ ᠵᠤᠯᠠᠬᠤ (ᠳᠤᠳᠠᠭᠠᠬᠤ)᠂ ᠬᠠᠷᠠᠩᠭ᠋ᠤᠯᠠᠬᠤ (ᠥᠯᠦᠰᠭᠦ)᠂ ᠮᠠᠯ ᠶᠢᠡᠨ ᠳᠠᠪᠢᠷᠠᠭᠤᠯᠬᠤ (ᠮᠠᠯ ᠶᠢᠡᠨ ᠭᠦᠭᠡᠭᠡᠭᠦ) ᠭᠡᠭᠦ ᠵᠡᠷᠭᠡ ᠵᠥᠪᠭᠡᠨ ᠬᠦᠬᠡ‍ᠨᠠᠭᠤᠷ ᠳᠡᠭᠡᠳᠤ ᠮᠤᠩᠭ᠋ᠤᠯ ᠤᠨ ᠠᠮᠠᠨ ᠠᠶᠠᠯᠠᠭᠤᠨ ᠳᠤ ᠯᠠ ᠪᠠᠢ᠌ᠳᠠᠭ ᠥᠭᠡᠰ ᠤᠳ ᠪᠠᠢ᠌ᠳᠠᠭ᠃ ᠡᠳᠡᠭᠡᠷ ᠨᠢ ᠪᠦᠷ ᠣᠷᠤᠨ ᠨᠤᠳᠤᠭ ᠤᠨ ᠣᠠᠴᠠᠯᠢᠭ ᠰᠢᠠᠵᠢ ᠪᠠᠨ ᠭᠦᠢᠴᠡᠳ ᠬᠠᠳᠠᠭᠠᠯᠠᠭᠰᠠᠨ ᠤ ᠪᠣᠳᠠᠳᠤ ᠵᠢᠱᠢᠶ᠎ᠠ ᠪᠣᠯᠬᠤ ᠪᠦᠭᠡᠳ ᠪᠠᠰᠠᠴᠤ ᠳᠡᠭᠡᠳᠤ ᠮᠤᠩᠭ᠋ᠤᠯ ᠤᠨ ᠳᠤᠮᠤᠭ ᠶᠠᠷᠢᠶ᠎ᠠ ᠶᠢᠨ ᠪᠣᠰᠤᠳ ᠭᠠᠵᠠᠷ ᠣᠷᠤᠨ ᠤ ᠳᠤᠮᠤᠭ ᠶᠠᠷᠢᠶ᠎ᠠ ᠡᠴᠡ ᠢᠯᠭᠠᠭᠳᠠᠬᠤ ᠦᠪᠡᠷᠮᠢᠴᠠ ᠣᠠᠴᠠᠯᠢᠭ ᠪᠣᠯᠤᠨ᠎ᠠ᠃

ᠬᠤᠷᠢᠶᠠᠩᠭ᠋ᠣᠢ᠌ᠯᠠᠪᠠᠯ᠂ ᠳᠡᠭᠡᠳᠤ ᠮᠤᠩᠭ᠋ᠤᠯ ᠤᠨ ᠳᠤᠮᠤᠭ ᠶᠠᠷᠢᠶ᠎ᠠ ᠨᠢ ᠳᠦᠷᠤᠯ ᠵᠣᠢ᠌ᠯ ᠶᠢᠡᠷ ᠣᠯᠠᠨ᠂ ᠬᠠᠮᠤᠷᠤᠭᠰᠠᠨ ᠰᠠᠳᠤᠪ ᠠᠭᠤᠯᠭ᠎ᠠ ᠪᠠᠷ ᠦᠷᠭᠡᠨ ᠮᠦᠷᠳᠡᠭᠡᠨ ᠨᠠᠢ᠌ᠳᠠ ᠮᠤᠩᠭ᠋ᠤᠯ ᠤᠨ ᠳᠤᠮᠤᠭ ᠶᠠᠷᠢᠶ᠎ᠠ ᠶᠢᠨ ᠵᠠᠷᠢᠮ ᠣᠠᠴᠠᠯᠢᠭ ᠰᠢᠠᠵᠢ ᠶᠢ ᠪᠦᠷᠢᠯᠳᠦᠭᠦᠯᠦᠭ᠍ᠰᠡᠨ ᠤ ᠬᠠᠮᠳᠤ ᠪᠠᠰᠠ ᠳᠡᠭᠡᠳᠤ ᠮᠤᠩᠭ᠋ᠤᠯ ᠤᠨ ᠳᠤᠮᠤᠭ ᠶᠠᠷᠢᠶ᠎ᠠ ᠶᠢᠨ ᠣᠷᠤᠨ ᠨᠤᠳᠤᠭ ᠤᠨ ᠣᠠᠴᠠᠯᠢᠭ ᠰᠢᠠᠵᠢ ᠪᠠᠨ ᠪᠦᠷᠢᠨ ᠭᠦᠢᠴᠡᠳ ᠬᠠᠳᠠᠭᠠᠯᠠᠵᠤ ᠪᠠᠢ᠌ᠳᠠᠭ᠃


ᠵᠡᠭᠦᠯᠲᠡ

① ᠪᠠᠶᠠᠰᠬᠠᠯ ᠭᠠᠪᠢ ᠨᠡᠷ ᠤᠨ ᠡᠮᠭᠢᠳᠭᠡᠨ ᠨᠠᠢ᠌ᠷᠠᠭᠤᠯᠤᠭᠰᠠᠨ 《ᠳᠡᠭᠡᠳᠤ ᠮᠤᠩᠭ᠋ᠤᠯ ᠤᠨ ᠳᠡᠦᠭᠡᠨ ᠰᠤᠷᠪᠣᠯᠵᠢ ᠪᠢᠴᠢᠭ᠌ ᠤᠳ》᠂ ᠯᠢᠶᠤᠤᠨᠢᠩ ᠤᠨ ᠦᠨᠳᠦᠰᠦᠳᠠᠨ ᠤ ᠭᠡᠪᠯᠡᠯ ᠤᠨ ᠬᠤᠷᠢᠶ᠎ᠠ᠂ 1997 ᠣᠨ ᠤ 12 ᠰᠠᠷ᠎ᠠ᠂ 274 ᠳ᠋ᠤᠭᠠᠷ ᠨᠢᠭᠤᠷ᠃

② ᠴᠢ᠊·ᠪᠦᠷᠢᠡᠪᠠᠶᠡᠷ ᠨᠡᠷ ᠤᠨ ᠣᠷᠴᠢᠭᠤᠯᠤᠭᠰᠠᠨ 《ᠬᠦᠬᠡ‍ᠨᠠᠭᠤᠷ ᠤᠨ ᠮᠤᠩᠭ᠋ᠤᠯᠴᠤᠳ ᠤᠨ ᠳᠤᠪᠴᠢ ᠳᠡᠦᠭᠡ》᠂ ᠦᠪᠣᠷ ᠮᠤᠩᠭ᠋ᠤᠯ ᠤᠨ ᠰᠢᠡᠵᠢᠯᠡᠭᠦ ᠣᠬᠠᠭᠠᠨ ᠳᠸᠭ᠍ᠨᠢᠭ᠌ ᠮᠡᠷᠭᠡᠵᠢᠯ ᠤᠨ ᠭᠡᠪᠯᠡᠯ ᠤᠨ ᠬᠤᠷᠢᠶ᠎ᠠ᠂ 1996 ᠣᠨ ᠤ 10 ᠰᠠᠷ᠎ᠠ᠂ 333 ᠳ᠋ᠤᠭᠠᠷ ᠨᠢᠭᠤᠷ᠃

③ ᠪᠠᠳᠠᠢ᠂ ᠡᠡᠯᠳᠡᠨ‍᠊ᠤ᠋ᠷᠭᠢᠯ᠂ ᠡᠷᠳᠡᠨᠢ ᠡᠮᠭᠢᠳᠭᠡᠨ ᠳᠠᠢ᠌ᠯᠪᠣᠷᠢᠯᠠᠭᠰᠠᠨ 《ᠤᠢ᠌ᠷᠠᠤᠨ ᠳᠡᠦᠭᠡᠨ ᠰᠤᠷᠪᠣᠯᠵᠢ ᠪᠢᠴᠢᠭ᠌》᠂ ᠦᠪᠣᠷ ᠮᠤᠩᠭ᠋ᠤᠯ ᠤᠨ ᠰᠤᠶᠤᠯ ᠤᠨ ᠭᠡᠪᠯᠡᠯ ᠤᠨ ᠬᠤᠷᠢᠶ᠎ᠠ᠂ 1985 ᠣᠨ ᠤ 9 ᠰᠠᠷ᠎ᠠ᠂ 87 ᠳ᠋ᠤᠭᠠᠷ ᠨᠢᠭᠤᠷ᠃

④ ᠭᠦᠷᠯᠦᠭ᠌ ᠬᠤᠰᠢᠭᠤᠨ ᠤ ᠣᠢ᠌ᠯᠠᠪᠣᠷᠢ ᠶᠢ ᠡᠮᠭᠢᠳᠭᠡᠨ ᠨᠠᠢ᠌ᠷᠠᠭᠤᠯᠬᠤ ᠺᠤᠮᠢᠰ ᠤᠨ ᠨᠠᠢ᠌ᠷᠠᠭᠤᠯᠤᠭᠰᠠᠨ 《ᠭᠦᠷᠯᠦᠭ᠌ ᠬᠤᠰᠢᠭᠤᠨ ᠤ ᠣᠢ᠌ᠯᠠᠪᠣᠷᠢ》᠂ ᠦᠨᠳᠦᠰᠦᠳᠠᠨ ᠤ ᠭᠡᠪᠯᠡᠯ ᠤᠨ ᠬᠤᠷᠢᠶ᠎ᠠ᠂ 2002 ᠣᠨ ᠤ 7 ᠰᠠᠷ᠎ᠠ᠂ 415 ᠳ᠋ᠤᠭᠠᠷ ᠨᠢᠭᠤᠷ᠃

ᠠᠰᠢᠭᠯᠠᠭᠰᠠᠨ ᠨᠤᠮ

1᠂ ᠬᠠᠢ᠌ᠰᠢ ᠵᠸᠤ ᠶᠢᠨ ᠰᠤᠶᠤᠯ ᠤᠨ ᠳᠤᠪᠴᠢᠶ᠎ᠠ᠂ ᠦᠨᠳᠦᠰᠦᠳᠠᠨ ᠤ ᠭᠡᠯᠡ ᠪᠢᠴᠢᠭ᠌ ᠤᠨ ᠠᠯᠪᠠᠨ ᠭᠡᠷ ᠡᠴᠡ ᠭᠡᠪᠯᠡᠭᠦᠯᠦᠭ᠍ᠰᠡᠨ 《ᠳᠡᠭᠡᠳᠤ ᠮᠤᠩᠭ᠋ᠤᠯ ᠤᠨ ᠠᠷᠠᠤᠨ ᠤᠨ ᠠᠮᠠᠨ ᠵᠤᠬᠢᠶᠠᠯ ᠤᠨ ᠳᠡᠭᠡᠵᠢ ᠪᠢᠴᠢᠭ᠌》 (ᠳᠤᠳᠤᠭᠠᠳᠤ ᠭᠡᠪᠯᠡᠯ᠂ 3 ᠳᠠᠪᠳᠠᠷ) ᠦᠪᠣᠷ ᠮᠤᠩᠭ᠋ᠤᠯ ᠤᠨ ᠴᠡᠷᠢᠭ᠌ ᠤᠨ ᠳᠤᠭᠤᠷᠢᠭ ᠤᠨ ᠭᠡᠪᠯᠡᠭᠦ ᠣᠢ᠌ᠯᠠᠳᠪᠣᠷᠢ ᠭᠡᠪᠯᠡᠪᠡ᠂ 1986 ᠣᠨ᠃

2᠂ ᠴᠡᠪᠰᠢᠭ᠌᠂ ᠰᠡᠷᠡᠡᠭᠡᠷᠡᠯ ᠤᠨ ᠡᠮᠭᠢᠳᠭᠡᠭ᠍ᠰᠡᠨ 《ᠳᠡᠭᠡᠳᠤ ᠮᠤᠩᠭ᠋ᠤᠯ ᠤᠨ ᠥᠯᠢᠭᠡᠷ ᠳᠤᠮᠤᠭ》᠂ ᠦᠨᠳᠦᠰᠦᠳᠠᠨ ᠤ ᠭᠡᠪᠯᠡᠯ ᠤᠨ ᠬᠤᠷᠢᠶ᠎ᠠ᠂ 1986 ᠣᠨ ᠤ 12 ᠰᠠᠷ᠎ᠠ᠃

3᠂ ᠣᠶᠤᠠᠪᠢᠯᠢᠭ᠌᠂ ᠶᠤᠵᠢᠨ ᠨᠡᠷ ᠤᠨ ᠭᠢᠳᠠᠳᠴᠢᠯᠠᠭᠰᠠᠨ 《ᠬᠠᠢ᠌ᠰᠢ ᠶᠢᠨ ᠠᠷᠠᠤᠨ ᠤᠨ ᠠᠮᠠᠨ ᠥᠯᠢᠭᠡᠷ》᠂ ᠰᠢᠨᠢᠭ᠌ ᠬᠤᠳᠠ ᠶᠢᠨ ᠬᠤᠳᠠ ᠶᠢᠨ ᠪᠠᠷᠠᠭᠤᠠᠳᠠᠭᠢ ᠦᠨᠳᠦᠰᠦᠳᠠᠨ ᠤ ᠭᠡᠪᠯᠡᠭᠦ ᠣᠢ᠌ᠯᠠᠳᠪᠣᠷᠢ᠂ 1990 ᠣᠨ ᠤ 7 ᠰᠠᠷ᠎ᠠ᠃

4᠂ ᠬᠠᠯᠢᠭᠤᠨ᠂ ᠤᠶᠤᠨᠴᠡᠴᠡᠭ᠌ ᠤᠨ ᠡᠮᠭᠢᠳᠭᠡᠭ᠍ᠰᠡᠨ 《ᠳᠡᠭᠡᠳᠤ ᠮᠤᠩᠭ᠋ᠤᠯ ᠤᠨ ᠭᠠᠵᠠᠷ ᠤᠨ ᠨᠠᠷ᠎ᠠ ᠶᠢᠨ ᠳᠤᠮᠤᠭ》᠂ ᠦᠪᠣᠷ ᠮᠤᠩᠭ᠋ᠤᠯ ᠤᠨ ᠠᠷᠠᠤᠨ ᠤᠨ ᠭᠡᠪᠯᠡᠯ ᠤᠨ ᠬᠤᠷᠢᠶ᠎ᠠ᠂ 2001 ᠣᠨ ᠤ 9 ᠰᠠᠷ᠎ᠠ᠃

5᠂ ᠯ·ᠥᠰᠦᠷᠦᠩᠭᠦᠢ ᠶᠢᠨ ᠡᠷᠭᠢᠯᠡᠨ ᠨᠠᠢ᠌ᠷᠠᠭᠤᠯᠤᠭᠰᠠᠨ 《ᠬᠦᠬᠡ‍ᠨᠠᠭᠤᠷ ᠮᠤᠩᠭ᠋ᠤᠯ ᠭᠡᠰᠡᠷ ᠤᠨ ᠥᠯᠢᠭᠡᠷ ᠳᠤᠮᠤᠭ》᠂ ᠦᠪᠣᠷ ᠮᠤᠩᠭ᠋ᠤᠯ ᠤᠨ ᠰᠤᠶᠤᠯ ᠤᠨ ᠭᠡᠪᠯᠡᠯ ᠤᠨ ᠬᠤᠷᠢᠶ᠎ᠠ᠂ 2003 ᠣᠨ ᠤ 6 ᠰᠠᠷ᠎ᠠ᠃

6᠂ ᠴᠡᠪᠰᠢᠭ᠌ ᠤᠨ ᠵᠤᠬᠢᠶᠠᠭᠰᠠᠨ 《ᠮᠡᠷᠭᠡᠨ ᠳᠠᠮᠠᠨ᠎ᠠ ᠶᠢᠨ ᠳᠤᠮᠤᠭ ᠤᠨ ᠰᠤᠳᠤᠯᠤᠯ》᠂ ᠦᠪᠣᠷ ᠮᠤᠩᠭ᠋ᠤᠯ ᠤᠨ ᠠᠷᠠᠤᠨ ᠤᠨ ᠭᠡᠪᠯᠡᠯ ᠤᠨ ᠬᠤᠷᠢᠶ᠎ᠠ᠂ 2004 ᠣᠨ ᠤ 1 ᠰᠠᠷ᠎ᠠ᠃


ᠵᠤᠬᠢᠶᠠᠭᠴᠢ ᠶᠢᠨ ᠬᠠ‍‌ᠶᠢᠭ ᠄ ᠬᠦᠬᠡ‍ᠨᠠᠭᠤᠷ ᠤᠨ ᠦᠨᠳᠦᠰᠦᠳᠠᠨ ᠤ ᠶᠡᠭᠡ ᠰᠤᠷᠭᠠᠭᠤᠯᠢ ᠶᠢᠨ ᠮᠤᠩᠭ᠋ᠤᠯ ᠭᠡᠯᠡ ᠣᠤᠠᠬ᠎ᠠ ᠵᠤᠬᠢᠶᠠᠯ ᠤᠨ ᠰᠠᠯᠪᠣᠷᠢ 

ᠵᠤᠬᠢᠶᠠᠭᠴᠢ᠄ ᠭᠦᠭᠡ
ᠬᠠᠷᠢᠶ᠎ᠠ᠄ ᠥᠭᠥᠯᠡᠯ ᠰᠢᠭᠦᠮᠵᠢ
ᠳᠠᠷᠤᠮ᠄ 6283
ᠴᠠᠭ᠄ 2011 ᠤᠨ ᠤ 07 ᠰᠠᠷ᠎ᠠ ᠶᠢᠨ 06