ᠬᠠᠳᠠᠮ ᠤᠨ ᠨᠤᠳᠤᠭ ᠡᠴᠠ ᠳᠡᠭᠦᠭ᠍ᠰᠡᠨ ᠤᠶᠠᠩ‍ᠭ᠎ᠠ ᠶᠢᠨ ᠭᠤᠷᠪᠠᠨ ᠭᠡᠯᠳᠡᠰ

  

               ᠢᠨᠳᠠᠷ ᠲᠤ ᠢᠷᠡᠭ᠍ᠰᠡᠨ ᠦᠷᠯᠦᠭᠡ


ᠢᠨᠳᠠᠷ ᠲᠤ ᠢᠷᠡᠭ᠍ᠰᠡᠨ ᠦᠷᠯᠦᠭᠡ      

           ᠮᠠᠨᠠᠨ ᠦᠳᠭᠡᠨ

ᠶ‍ᠢᠰᠤᠨ ᠠᠯᠬᠤᠮ ᠤᠨ ᠴᠠᠭᠠᠨ᠎ᠠ ᠡᠴᠠ

           ᠬᠤᠨᠤᠭᠰᠠᠨ ᠪᠠᠭᠤᠳᠠᠯ ᠡᠷᠢᠭ᠍ᠳᠡᠨ᠎ᠡ

ᠢᠨᠳᠠᠷ ᠲᠤ ᠢᠷᠡᠭ᠍ᠰᠡᠨ ᠦᠷᠯᠦᠭᠡ

           ᠮᠠᠨᠠᠨ ᠳᠠᠨᠢᠯᠬᠠᠨ

ᠢᠷᠡᠭ᠍ᠰᠡᠨ ᠵᠤᠴᠢᠳ ᠶᠢᠡᠨ ᠣᠭᠳᠤᠭᠠᠤᠨ

           ᠢᠨᠳᠠᠷ ᠤᠨ ᠭᠦᠮᠦᠰ ᠬᠠᠯᠠᠭᠤᠮᠰᠤᠭ

ᠢᠨᠳᠠᠷ ᠲᠤ ᠢᠷᠡᠭ᠍ᠰᠡᠨ ᠦᠷᠯᠦᠭᠡ

           ᠰᠡᠳᠭᠢᠯ ᠳᠡᠨᠢᠭᠦᠨ

ᠢᠨᠳᠠᠷ ᠤᠨ ᠦᠷᠯᠦᠭᠡ ᠭᠦᠮᠦᠰ

           ᠬᠠᠮᠳᠤ ᠶᠢᠨ ᠪᠦᠵᠢᠭ᠌ ᠲᠤ ᠠᠪᠢᠶᠠᠰᠤᠯᠢᠭ

ᠢᠨᠳᠠᠷ ᠲᠤ ᠢᠷᠡᠭ᠍ᠰᠡᠨ ᠦᠷᠯᠦᠭᠡ

           ᠰᠠᠨᠠᠭ᠎ᠠ ᠪᠠᠶᠠᠰᠤᠩᠭ᠋ᠤᠢ

ᠢᠨᠳᠠᠷ ᠤᠨ ᠦᠷᠯᠦᠭᠡ ᠳᠤᠷᠠᠯᠠᠯ

           ᠳᠠᠩᠳᠠ ᠰᠢᠨ᠎ᠠ ᠪᠠᠷ ᠶᠢᠡᠨ᠁   


        ᠪᠠᠶᠠᠨ ᠣᠯᠠᠭᠠᠨ


ᠪᠠᠶᠠᠨ ᠣᠯᠠᠭᠠᠨ ᠊᠊᠊᠊᠊᠊᠊᠊᠊᠊᠊᠊᠊᠊᠊ ᠪᠠᠶᠠᠯᠢᠭ ᠰᠠᠢ᠌ᠬᠠᠨ ᠬᠠᠳᠠᠮ ᠤᠨ ᠨᠤᠳᠤᠭ

ᠪᠠᠶᠠᠨ ᠣᠯᠠᠭᠠᠨ ᠊᠊᠊᠊᠊᠊᠊᠊᠊᠊᠊᠊᠊᠊᠊ ᠪᠠᠬᠠᠷᠤᠮ᠎ᠠ ᠰᠠᠢ᠌ᠬᠠᠨ ᠦᠵᠠᠮᠵᠢᠳᠤ ᠨᠤᠳᠤᠭ

ᠪᠠᠶᠠᠨ ᠣᠯᠠᠭᠠᠨ ᠊᠊᠊᠊᠊᠊᠊᠊᠊᠊᠊᠊᠊᠊᠊ ᠪᠠᠳᠠᠭᠯᠠᠵᠤ ᠰᠢᠯᠦᠭᠯᠡᠵᠤ ᠰᠠᠭᠤᠮᠠᠷ ᠨᠤᠳᠤᠭ

ᠪᠠᠶᠠᠨ ᠣᠯᠠᠭᠠᠨ ᠊᠊᠊᠊᠊᠊᠊᠊᠊᠊᠊᠊᠊᠊᠊ ᠪᠠᠢ᠌ᠭᠠᠯᠢ ᠶᠢᠨ ᠰᠠᠢ᠌ᠬᠠᠨ ᠳᠠᠩᠰᠤᠭ ᠨᠤᠳᠤᠭ

ᠪᠠᠶᠠᠨ ᠣᠯᠠᠭᠠᠨ ᠊᠊᠊᠊᠊᠊᠊᠊᠊᠊᠊᠊᠊᠊᠊ ᠪᠠᠢ᠌ᠭᠤᠯᠵᠤ ᠪᠠᠢ᠌ᠭ᠎ᠠ ᠮᠤᠩᠭ᠋ᠤᠯ ᠨᠤᠳᠤᠭ ᠡ ︕


           ᠴᠤᠤᠯ ᠭᠤᠤᠯ


ᠲ᠋ᠠᠨ ᠢ ᠵᠤᠷᠢᠵᠤ ᠢᠷᠡᠭᠦᠢ

           ᠴᠢᠳᠬᠤᠯᠠᠩ ᠳᠦᠭᠦᠷᠡᠩ ᠰᠡᠳᠭᠢᠯ ᠣᠷᠤᠰᠤᠨ᠎ᠠ

ᠲ᠋ᠠᠨ ᠢ ᠪᠠᠷᠠᠭᠠᠯᠠᠵᠤ ᠦᠵᠡᠭᠦᠢ

           ᠴᠤᠤᠷᠢᠶ᠎ᠠ ᠳᠠᠳᠠᠨ ᠬᠠᠢ᠌ᠷ᠎ᠠ ᠣᠷᠤᠰᠤᠨ᠎ᠠ

ᠲ᠋ᠠᠨ ᠢ ᠵᠢᠷᠤᠵᠤ ᠰᠢᠯᠦᠭᠯᠡᠭᠦᠢ

           ᠴᠡᠩᠭᠡᠷ ᠮᠠᠨᠠᠨ ᠭᠦᠰᠢᠭᠯᠡᠵᠤ ᠣᠷᠤᠰᠤᠨ᠎ᠠ

ᠲ᠋ᠠᠨ ᠢ ᠦᠵᠠᠵᠤ ᠳᠤᠭᠳᠤᠯᠬᠤᠢ

           ᠴᠢᠨᠤ ᠦᠯᠢᠭᠡᠷ ᠵᠢᠷᠦᠭᠡᠨ ᠳᠤ ᠣᠷᠤᠰᠤᠨ᠎ᠠ

          2012.7.30


ᠵᠤᠬᠢᠶᠠᠭᠴᠢ ᠶᠢᠨ ᠬᠠ‍‌ᠶᠢᠭ ᠄ ᠭᠦᠯᠤᠨ ᠪᠣᠢ᠌ᠷ ᠬᠤᠳᠠ ᠶᠢᠨ ᠰᠢᠨ᠎ᠡ ᠪᠠᠷᠭᠤ ᠵᠡᠭᠦᠨ ᠬᠤᠰᠢᠭᠤᠨ ᠤ ᠠᠵᠢᠯ ᠮᠡᠷᠭᠡᠵᠢᠯ ᠤᠨ ᠳᠤᠮᠳᠠᠳᠤ ᠰᠤᠷᠭᠠᠭᠤᠯᠢ

ᠵᠤᠬᠢᠶᠠᠭᠴᠢ᠄ ᠪᠣᠷᠵᠢᠭᠢᠨ ᠷᠢᠠᠴᠢᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1597
ᠴᠠᠭ᠄ 2012 ᠤᠨ ᠤ 07 ᠰᠠᠷ᠎ᠠ ᠶᠢᠨ 31
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ