ᠪᠠᠶᠠᠨ ᠪᠣᠳᠠᠯᠠᠩ

ᠯᠠᠮ᠎ᠠ ᠨᠢ ᠶᠠᠪᠣᠭᠠᠤᠨ ᠰᠦᠮ᠎ᠡ ᠨᠢ ᠥᠯᠡᠳᠡᠭ᠍ᠰᠡᠨ ᡀᠠᠰᠠ ᠬᠤᠳᠠ ᠵᠢᠨ

ᠯᠠᠪᠷᠤᠩ ᠭᠡᠢ᠌ᠳ᠂ ᠪᠣᠳᠠᠯᠠᠩ ᠣᠷᠳᠤᠨ ᠨᠢ ᠶᠡᠭᠡᠮᠰᠦᠭ᠌ ᠰᠥᠭᠯᠥᠢᠨ᠎ᠡ

ᠯᠠᠩᠳᠠᠷᠮ᠎ᠠ ᠳᠠᠷᠤᠭᠠᠤᠨ ᠲᠦᠪᠡᠳ ᠢ ᠠᠪᠣᠷᠠᠭᠰᠠᠨ ᠰᠦᠷᠤᠩᠽᠠᠠᠺᠠᠮᠪᠣ ᠨᠢ

ᠯᠡᠭ᠍ᠱᠡᠨ ᠳᠦᠷᠢ ᠪᠠᠷ ᠬᠤᠤᠰ ᠳᠡᠷᠢᠭᠦᠨ ᠲᠡᠶ ᠭᠡᠭᠡᠮᠰᠦᠭ᠌ ᠵᠠᠯᠠᠷᠠᠨ᠎ᠠ᠃   


ᠳᠠᠯᠳᠠ ᠶᠢ ᠮᠡᠳᠡᠳᠡᠭ᠌ ᠳᠠᠯᠠᠢ ᠯᠠᠮᠠᠳᠠᠨ ᠤ ᠡᠪᠦᠯ ᠤᠨ ᠣᠷᠳᠤᠨ ᠭᠡᠵᠤ

ᠳᠠᠭᠠᠭᠤᠯᠵᠤ ᠵᠠᠮᠴᠢᠯᠠᠭ᠎ᠠ ᠵᠤᠭᠠᠴᠠᠯ ᠤᠨ ᠭᠦᠳᠦᠯᠦᠭ᠍ᠴᠢ ᠳᠠᠨᠢᠯᠴᠠᠭᠤᠯᠵᠤ ᠪᠠᠢ᠌ᠭ᠎ᠠ

ᠳᠠᠪᠬᠤᠷ ᠳᠠᠪᠬᠤᠷ ᠬᠠᠭᠠᠯᠭ᠎ᠠ ᠪᠣᠭᠤᠮᠳᠠ ᠲᠡᠶ ᠠᠭᠤᠯᠠᠨ ᠣᠷᠳᠤᠨ ᠳ᠋ᠤ

ᠳᠠᠪᠠᠭᠠᠤᠨ ᠳᠠᠪᠠᠭᠠᠤᠨ ᠭᠦᠷᠦᠰᠢ ᠦᠭᠡᠶ ᠮᠠᠴᠤᠵᠤ ᠪᠠᠢ᠌ᠬᠤ ᠳᠠᠭᠠᠨ᠂


ᠭᠠᠳᠠᠭᠤᠷ ᠳᠤᠭᠤᠷᠢᠭᠠᠤᠨ ᠭᠤᠷᠤᠭ᠎ᠠ ᠡᠷᠭᠢᠭ᠍ᠰᠡᠨ ᠦᠨᠡᠠᠴᠢ ᠰᠥᠰᠦᠭ᠍ᠳᠡᠨ ᠤ

ᠭᠠᠵᠠᠷ ᠭᠡᠮᠵᠢᠭ᠍ᠰᠡᠨ ᠣᠨᠠᠨ ᠮᠦᠷᠭᠦᠯ ᠢ ᠥᠵᠡᠭᠡᠳ ᠰᠤᠴᠢᠭᠰᠠᠨ ᠶᠤᠮ

ᠭᠠᠷ ᠳᠤᠨᠢ ᠪᠠᠷᠢᠭᠰᠠᠨ ᠮᠤᠳᠤᠨ ᠬᠠᠪᠳᠠᠰᠤᠨ ᠤ ᠡᠯᠡᠭ᠍ᠳᠡᠯ ᠢ ᠬᠠᠷᠠᠭᠠᠤᠨ

ᠭᠠᠵᠢᠬᠤ ᠶᠢ ᠮᠡᠳᠡᠭᠦ ᠦᠭᠡᠶ ᠴᠢᠭᠡ ᠠᠰᠬᠠᠨ ᠵᠤᠷᠢᠭ ᠢ ᠭᠠᠢ᠌ᠬᠠᠭᠰᠠᠨ ᠶᠤᠮ᠃   


ᠦᠨᠡᠨ ᠪᠣᠷᠬᠠᠨ ᠤ ᠵᠠᠯᠠᠷᠠᠨ ᠰᠠᠭᠠᠳᠠᠳᠠᠭ ᠪᠣᠳᠠᠯᠠᠩ ᠤᠨ ᠣᠷᠳᠤᠨ ᠳ᠋ᠤ

ᠦᠯᠮᠡᠢ ᠳᠠᠯᠪᠢᠬᠤ ᠶᠢᠨ ᠳᠡᠷᠡᠭᠡᠨ ᠠᠭᠱᠠᠨ ᠳᠤ ᠣᠤᠯᠭ᠎ᠠ ᠠᠯᠳᠠᠭᠰᠠᠨ ᠶᠤᠮ

ᠡᠷᠭᠦᠯ ᠮᠦᠷᠭᠦᠯ ᠲᠡᠶ ᠰᠦᠮ᠎ᠡ ᠶᠢᠨ ᠪᠣᠶᠠᠨ ᠢ ᠥᠵᠡᠭ᠍ᠰᠡᠨ ᠯᠠ ᠪᠣᠯᠪᠠᠴᠤ

ᠦᠨᠳᠦᠷ ᠠᠭᠤᠯᠠᠨ ᠤ ᠪᠣᠳᠠᠯᠠᠩ ᠰᠢᠭ ᠪᠠᠶᠠᠨ ᠢ ᠰᠤᠨᠤᠰᠤᠭ᠎ᠠ ᠴᠤ ᠦᠭᠡᠶ ︕


ᠠᠳᠠᠷ ᠳᠡᠭᠡᠪᠦᠷ ᠬᠠᠶᠠᠭ᠎ᠠ ᠬᠠᠨ᠎ᠠ ᠦᠭᠡᠶ ᠠᠯᠳᠠ ᠪᠠᠷ ᠭᠢᠯᠪᠠᠵᠤ

ᠠᠷᠢᠶᠠᠪᠠᠯᠤ ᠱᠠᠭᠵᠠᠮᠤᠨᠢ ᠳᠠᠯᠠᠢ ᠪᠠᠠᠴᠢᠨ ᠨᠡᠷ ᠰᠢᠵᠢᠷ ᠶᠢᠡᠷ ᠭᠢᠯᠠᠰᠤᠭᠠᠤᠨ

ᠠᠯᠬᠤᠬᠤ ᠭᠠᠵᠠᠷ ᠬᠤᠯᠬᠤᠬᠤ ᠭᠤᠳᠤᠮ ᠡᠷᠳᠡᠨᠢ ᠪᠠᠷ ᠰᠢᠭᠢᠳᠭᠡᠵᠤ

ᠠᠯᠮᠠᠰ ᠪᠣᠯᠤᠷ ᠢᠠᠳᠠᠷᠨᠢᠯᠠ ᠪᠢᠨᠳᠠᠷᠢᠶ᠎ᠠ ᠳᠤᠨ ᠶᠢᠡᠷ ᠳᠤᠭᠠᠯᠠᠭᠠᠤᠨ ᠁


ᠥᠭᠯᠢᠭᠡ ᠶᠢᠨ ᠡᠵᠡᠳ ᠤᠨ ᠭᠡᠮᠨᠡᠯᠳᠤ ᠠᠮᠢᠳᠤᠷᠠᠯ ᠲᠡᠶ ᠶᠠᠭ ᠣᠠᠳᠤᠤ

ᠥᠭᠡᠢ᠌ᠭᠦᠤ ᠠᠷᠠᠤᠨ ᠤᠨ ᠵᠤᠪᠠᠯᠠᠩᠳᠤ ᠠᠮᠢᠳᠤᠷᠠᠯ ᠲᠡᠶ ᠶᠠᠷᠢᠶᠠᠨ ᠦᠭᠡᠶ ᠣᠠᠳᠤᠤ

ᠡᠭᠡᠯ ᠭᠦᠮᠤᠨ ᠤ ᠵᠢᠷᠭᠠᠯᠳᠤ ᠠᠮᠢᠳᠤᠷᠠᠯ ᠲᠡᠶ ᠪᠠᠰᠠ ᠣᠠᠳᠤᠤ

ᠡᠷᠭᠡ ᠳᠠᠷᠬᠠᠳᠠᠨ ᠤ ᠪᠦᠷᠢᠯᠭᠡᠳᠤ ᠠᠮᠢᠳᠤᠷᠠᠯ ᠲᠡᠶ ᠴᠤ ᠪᠠᠬᠠᠨ ᠣᠠᠳᠤᠤ ᠁


ᠪᠣᠶᠠᠨ ᠢ ᠢᠪᠠᠭᠡᠭ᠍ᠴᠢ ᠪᠣᠷᠬᠠᠨ ᠪᠣᠭᠳᠠ ᠪᠠᠨ ᠭᠦᠡᠳᠦᠯᠡᠨ᠎ᠡ ᠭᠡᠭ᠍ᠰᠡᠭᠡᠷ

ᠪᠣᠳᠤᠯ ᠶᠢᠡᠷ ᠪᠢᠰᠢ ᠪᠣᠳᠠᠰ ᠶᠢᠡᠷ ᠳᠠᠭᠢᠳᠠᠭ ᠨᠢ ᠳᠠᠮᠠᠢ ᠴᠤ ᠶᠤᠮ ᠦᠦ ︖

ᠪᠣᠳᠠᠩᠳᠤ ᠬᠤᠷᠸ᠎ᠠ ᠶᠢᠨ ᠬᠠᠷ᠎ᠠ ᠳᠡᠷᠢᠭᠦᠳᠡᠳ ᠥᠪᠠᠷ ᠤᠨ ᠰᠢᠨᠤᠯ ᠵᠢᠠᠷ

ᠪᠣᠷᠬᠠᠨ ᠪᠠᠭᠰᠢ ᠶᠢᠨ ᠣᠶᠤᠨ ᠢ ᠭᠡᠮᠵᠢᠳᠡᠭ᠌ ᠨᠢ ᠠᠯᠳᠠᠰ ᠴᠤ ᠶᠤᠮ ᠦᠦ ︕


                                 2012.6.23


ᠵᠤᠬᠢᠶᠠᠭᠴᠢ ᠶᠢᠨ ᠬᠠ‍‌ᠶᠢᠭ ᠄ ᠪᠠᠭᠠᠷᠢᠨ ᠪᠠᠷᠠᠭᠤᠨ ᠬᠤᠰᠢᠭᠤᠨ ᠤ ᠣᠯᠤᠰ ᠳᠦᠷᠤ ᠶᠢᠨ ᠵᠥᠪᠯᠡᠯᠭᠡᠨ

ᠵᠤᠬᠢᠶᠠᠭᠴᠢ᠄ ᠡ᠊·ᠠᠯᠳᠠᠡᠰᠥ᠋ᠭᠡ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1648
ᠴᠠᠭ᠄ 2012 ᠤᠨ ᠤ 06 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ