ᠬᠠᠪᠣᠷ ᠤᠨ ᠰᠠᠨᠠᠭ᠎ᠠ ᠳᠦᠷᠭᠦ

ᠬᠤᠤᠰ ᠪᠣᠯᠵᠤᠮᠤᠷ

ᠬᠤᠪᠬᠠᠢ ᠰᠠᠯᠠᠭᠠᠨ ᠳᠡᠭᠡᠷ᠎ᠡ

ᠨᠠᠭᠢᠶᠠᠯᠠᠨ ᠰᠠᠭᠤᠨ᠎ᠠ


ᠭᠠᠭᠴᠠ ᠥᠭᠡᠷ

ᠭᠠᠩᠭ᠋ᠠᠩ ᠡᠪᠠᠷ ᠶᠢᠡᠷ ᠵᠢᠠᠨ

ᠭᠠᠷᠬᠤ ᠨᠠᠷᠠ ᠶᠢ ᠵᠢᠷᠤᠨ᠎ᠠ


ᠢᠰᠢᠭᠡ ᠬᠤᠷᠠᠭ᠎ᠠ

ᠡᠪᠠᠰᠤ ᠨᠠᠪᠴᠢᠨ ᠤ ᠵᠡᠭᠦᠳᠤᠨ ᠳᠤᠳᠤᠷ

ᠡᠪᠠᠷ ᠣᠷᠭᠤᠳᠠᠯ᠎ᠠ ᠪᠦᠵᠢᠭᠯᠡᠨ᠎ᠡ


ᠪᠠᠯᠳᠤ ᠵᠥᠭᠡᠢ

ᠪᠠᠭᠴᠠ ᠴᠡᠴᠡᠭ᠌ ᠤᠨ ᠳᠤᠮᠳᠠ

ᠪᠠᠭᠰᠢᠷᠠᠳᠠᠯ᠎ᠠ ᠳᠡᠯᠭᠡᠷᠡᠨ᠎ᠡ


ᠵᠤᠬᠢᠶᠠᠭᠴᠢ ᠶᠢᠨ ᠬᠠ‍‌ᠶᠢᠭ ᠄ ᠭᠦᠯᠤᠨ ᠪᠣᠢ᠌ᠷ ᠬᠤᠳᠠ ᠶᠢᠨ ᠰᠢᠨ᠎ᠡ ᠪᠠᠷᠭᠤ ᠵᠡᠭᠦᠨ ᠬᠤᠰᠢᠭᠤᠨ ᠤ ᠠᠵᠢᠯ ᠮᠡᠷᠭᠡᠵᠢᠯ ᠤᠨ ᠳᠤᠮᠳᠠᠳᠤ ᠰᠤᠷᠭᠠᠭᠤᠯᠢ

ᠵᠤᠬᠢᠶᠠᠭᠴᠢ᠄ ᠪᠣᠷᠵᠢᠭᠢᠨ ᠷᠢᠠᠴᠢᠨ
ᠬᠠᠷᠢᠶ᠎ᠠ᠄ ᠰᠢᠯᠦᠭ
ᠳᠠᠷᠤᠮ᠄ 1879
ᠴᠠᠭ᠄ 2012 ᠤᠨ ᠤ 04 ᠰᠠᠷ᠎ᠠ ᠶᠢᠨ 26