ᠤᠯᠠᠭᠠᠢ ᠳᠤ ᠶᠠᠪᠣᠭᠳᠠᠭᠰᠠᠨ ᠪᠦᠭᠡ ᠶᠢᠨ ᠮᠠᠩᠯᠠᠢ ᠰᠢᠯᠭᠠᠷᠠᠭᠤᠯᠬᠤ ᠣᠷᠤᠯᠳᠤᠭᠠᠨ ᠳᠤ ᠰᠢᠯᠦᠭ᠌ ᠪᠠᠷᠢᠶ᠎ᠠ

ᠮᠤᠩᠭ᠋ᠤᠯ ᠨᠤᠳᠤᠭ ᠤᠨ ᠰᠠᠢ᠌ᠬᠠᠨ ᠡᠷᠡᠰ

ᠵᠤᠳᠤᠭ ᠳᠤᠭᠳᠤᠷᠴᠤ ᠪᠠᠷᠢᠯᠳᠤᠵᠤ ᠪᠠᠢ᠌ᠨ᠎ᠠ

ᠮᠤᠩᠭ᠋ᠤᠯ ᠭᠠᠵᠠᠷ ᠤᠨ ᠨᠠᠭᠠᠳᠤᠮ

ᠵᠤᠨ ᠣᠯᠠᠨ ᠳᠤ ᠳᠠᠭᠠᠯᠠᠭᠳᠠᠵᠤ ᠪᠠᠢ᠌ᠨ᠎ᠠ

ᠠᠷᠰᠯᠠᠨ ᠵᠠᠭᠠᠨ ᠰᠢᠭ ᠮᠠᠭᠰᠢᠬᠤ ᠪᠦᠭᠡᠴᠢᠳ ᠨᠢ

ᠠᠷᠠᠤᠨ ᠲᠦᠮᠡᠨ ᠳᠤ ᠪᠠᠨ ᠪᠠᠬᠠᠷᠬᠠᠭᠳᠠᠵᠤ ᠳᠡᠪᠭᠢᠭᠦ ᠶᠤᠮ

ᠠᠷᠪᠠᠨ ᠵᠥᠭ᠌ ᠤᠨ ᠬᠤᠷᠠᠭᠰᠠᠨ ᠪᠦᠭᠦᠳᠡ ᠵᠢᠨ

ᠠᠯᠠᠭ ᠨᠢᠳᠤ ᠶᠢ ᠨᠢ ᠭᠤᠶᠤᠳᠠᠭ ᠤᠨ ᠣᠴᠢᠷ ᠶᠤᠮ

ᠠᠷᠢᠭᠤᠨ ᠴᠡᠩᠭᠡᠭᠦᠨ ᠠᠭᠠᠷ ᠨᠢ ᠴᠠᠯᠭᠢᠭᠰᠠᠨ

ᠠᠢ᠌ᠷᠠᠭ ᠴᠡᠮᠴᠡᠭᠡᠨᠡᠮᠡᠷ ᠣᠯᠠᠭᠠᠢ ᠣᠷᠤᠨ ᠶᠤᠮ

ᠠᠯᠳᠠᠩᠬᠠᠨ ᠭᠦᠷᠦᠰᠤ ᠶᠢ ᠨᠢ ᠭᠦᠡᠳᠡᠨ ᠳᠡᠪᠢᠭ᠍ᠰᠡᠨ

ᠠᠯᠢ ᠴᠤ ᠬᠤᠰᠢᠭᠤᠨ ᠤ ᠪᠦᠭᠡᠴᠢᠳ ᠰᠦᠷᠯᠢᠭ᠌ ᠶᠤᠮ

ᠣᠭ ᠡᠴᠠ ᠴᠤᠤᠳᠤ ᠪᠦᠭᠡ ᠭᠠᠷᠳᠠᠭ ᠤᠨ

ᠣᠯᠠᠭᠠᠢ ᠶᠢᠨ ᠠᠪᠣᠷᠭᠤ ᠯᠠᠮ᠎ᠠ ᠶᠢᠨ ᠳᠦᠷᠦᠭ᠍ᠰᠡᠨ ᠨᠤᠳᠤᠭ ᠶᠤᠮ

ᠣᠬᠠᠭᠠᠨ ᠭᠦᠴᠤ ᠪᠦᠷᠢᠳᠦᠭ᠍ᠰᠡᠨ ᠮᠤᠩᠭ᠋ᠤᠯ ᠡᠷ᠎ᠡ ᠵᠢᠨ

ᠣᠳᠤᠮ ᠰᠤᠳᠤᠷ ᠲᠡᠶ ᠭᠦᠷᠦᠰᠤ ᠰᠢᠷᠤᠢ ᠶᠤᠮ

ᠣᠭᠠᠯᠵᠠᠯᠠᠨ ᠣᠷᠤᠰᠬᠤ ᠣᠯᠠᠭᠠᠢ ᠶᠢᠨ ᠳᠠᠠᠵᠢᠨ ᠳ᠋ᠤ

ᠣᠳᠤᠮᠰᠢᠯᠳᠤ ᠨᠠᠭᠠᠳᠤᠮ ᠤᠨ ᠨᠠᠢ᠌ᠷ ᠪᠣᠯᠵᠤ ᠪᠠᠢ᠌ᠨ᠎ᠠ

ᠭᠦᠮᠤᠨ ᠤ ᠨᠤᠳᠤᠭ ᠲᠤ ᠠᠯᠳᠠᠷ ᠶᠢᠡᠨ ᠳᠠᠭᠤᠳᠠᠭᠤᠯᠳᠠᠭ

ᠪᠦᠭᠡᠴᠢᠨ ᠭᠦᠮᠦᠰ ᠤᠨ ᠭᠡᠢ᠌ᠮᠦᠷᠢᠳᠡᠢ ᠳᠡᠮᠡᠴᠡᠭᠡᠨ ᠪᠠᠢ᠌ᠨ᠎ᠠ

ᠦᠯᠴᠢᠷ ᠮᠠᠯᠴᠢᠳ ᠤᠨ ᠮᠢᠨᠢ ᠬᠠᠷᠠᠭ᠎ᠠ ᠶᠢ ᠪᠠᠶᠠᠰᠬᠠᠭᠰᠠᠨ

ᠦᠨᠦᠳᠤᠷ ᠤᠨ ᠨᠠᠢ᠌ᠷ ᠵᠢᠷᠭᠠᠯ ᠶᠢᠡᠷ ᠱᠠᠭᠢᠨ᠎ᠠ

ᠦᠨᠢ ᠠᠰᠢᠳᠠ ᠶᠢᠨ ᠳᠠᠮᠪᠠᠷᠢᠯ ᠶᠢᠡᠷ ᠳᠠᠭᠤᠷᠢᠰᠴᠤ

ᠥᠭᠡᠳᠡ ᠪᠠᠨ ᠳᠦᠷᠡᠯᠵᠡᠭ᠍ᠰᠡᠨ ᠰᠤᠶᠤᠯ ᠮᠠᠨᠢ ᠢᠳᠡᠭᠡᠰᠢᠨ᠎ᠡ


ᠵᠤᠬᠢᠶᠠᠭᠴᠢ ᠶᠢᠨ ᠬᠠ‍‌ᠶᠢᠭ ᠄ ᠣᠯᠠᠭᠠᠢ ᠬᠠᠮᠢᠶᠠᠷᠤᠯᠳᠠ ᠶᠢᠨ ᠣᠷᠤᠨ ᠤ ᠮᠤᠩᠭ᠋ᠤᠯ ᠰᠤᠷᠭᠠᠭᠤᠯᠢ

ᠵᠤᠬᠢᠶᠠᠭᠴᠢ᠄ ᠪᠦᠭᠡᠴᠢᠯᠡᠭᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1622
ᠴᠠᠭ᠄ 2011 ᠤᠨ ᠤ 06 ᠰᠠᠷ᠎ᠠ ᠶᠢᠨ 15
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ