ᠭᠦᠨ ᠰᠠᠭᠤᠭᠳᠠᠯ ᠭᠦᠡᠵᠡᠭᠡᠢ ᠭᠦᠷᠳᠡᠮᠵᠢ
᠊᠊᠊᠊᠊᠊᠊᠊᠊᠊᠊᠊᠊᠊᠊ ᠳᠦᠡᠭᠯᠢᠶ‍ᠦᠤ ᠬᠤᠳᠠ ᠶᠢᠨ ᠮᠤᠩᠭ᠋ᠤᠯ ᠰᠤᠷᠭᠠᠭᠤᠯᠢ ᠨᠤᠭᠤᠳ ᠶᠢᠡᠷ ᠳᠤᠭᠤᠷᠢᠨ ᠰᠤᠷᠤᠯᠴᠠᠭᠰᠠᠨ ᠳᠡᠮᠳᠡᠭᠯᠡᠯ

ᠳᠦᠡᠭᠯᠢᠶ‍ᠦᠤ ᠬᠤᠳᠠ ᠪᠣᠯ ᠮᠠᠨ ᠤ ᠣᠷᠤᠨ ᠤ ᠮᠤᠩᠭ᠋ᠤᠯᠴᠤᠳ ᠬᠠᠮᠤᠭ ᠤᠨ ᠣᠯᠠᠨ ᠳᠦᠪᠯᠡᠷᠡᠭ᠍ᠰᠡᠨ ᠭᠠᠵᠠᠷ᠂ ᠭᠤᠷᠪᠠᠨ ᠵᠠᠭᠤᠭᠠᠤᠨ ᠲᠦᠮᠡᠨ ᠭᠦᠮᠤᠨ ᠠᠮᠠ ᠳᠠᠭᠠᠨ 136 ᠲᠦᠮᠡᠨ ᠮᠤᠩᠭ᠋ᠤᠯᠴᠤᠳ ᠲᠡᠶ᠃ ᠶᠤᠰᠤᠳᠠᠢ ᠯᠠ ᠮᠤᠩᠭ᠋ᠤᠯ ᠭᠦᠮᠤᠨ ᠤ ᠥᠯᠦᠭᠡᠢ᠂ ᠮᠤᠩᠭ᠋ᠤᠯ ᠰᠤᠶᠤᠯ ᠤᠨ ᠳᠠᠯᠠᠢ ᠪᠣᠯᠤᠭᠰᠠᠨ ᠳᠠᠷᠬᠠᠨ ᠣᠷᠤᠨ ᠭᠡᠵᠤ ᠭᠡᠯᠡᠭᠦ ᠳᠤ ᠠᠬᠠᠳᠠᠬᠤ ᠪᠠᠷ ᠦᠭᠡᠶ ᠪᠢᠯᠠ᠃ ᠡᠨᠡᠭᠦ ᠮᠤᠩᠭ᠋ᠤᠯ ᠭᠦᠮᠤᠨ ᠤ ᠥᠯᠦᠭᠡᠢ᠂ ᠮᠤᠩᠭ᠋ᠤᠯ ᠰᠤᠶᠤᠯ ᠤᠨ ᠳᠠᠯᠠᠢ ᠪᠣᠯᠤᠭᠰᠠᠨ ᠳᠠᠷᠬᠠᠨ ᠣᠷᠤᠨ ᠳᠤ᠂ ᠮᠠᠨ ᠤ ᠰᠤᠷᠭᠠᠭᠤᠯᠢ ᠶᠢᠨ ᠶᠢᠡᠨ ᠮᠤᠩᠭ᠋ᠤᠯ ᠶᠢᠡᠷ ᠭᠢᠴᠢᠶᠠᠯᠯᠠᠵᠤ ᠪᠠᠢ᠌ᠭ᠎ᠠ ᠪᠠᠭᠰᠢ ᠨᠡᠷ ᠢ ᠵᠤᠬᠢᠶᠠᠨ ᠪᠠᠢ᠌ᠭᠤᠯᠵᠤ᠂ ᠡᠨᠡᠭᠦ ᠨᠤᠳᠤᠭ ᠤᠨ ᠨᠤᠳᠤᠭ ᠤᠨ ᠭᠢᠨᠢ ᠰᠠᠢ᠌ᠬᠠᠨ᠂ ᠭᠦᠮᠤᠨ ᠤ ᠭᠢᠨᠢ ᠠᠵᠢᠯᠰᠠᠭ᠂ ᠰᠤᠶᠤᠯ ᠤᠨ ᠭᠢᠨᠢ ᠪᠠᠶᠠᠯᠢᠭ᠂ ᠠᠮᠢᠳᠤᠷᠠᠯ ᠤᠨ ᠭᠢᠨᠢ ᠥᠪᠠᠷᠮᠢᠴᠢᠯᠢᠭ᠌ ᠵᠢᠴᠢ ᠰᠤᠷᠭᠠᠭᠤᠯᠢ ᠰᠤᠷᠳᠠᠯ ᠤᠨ ᠭᠢᠨᠢ ᠡᠷᠭᠢᠯᠡᠵᠤ ᠶᠠᠪᠣᠭᠳᠠᠭᠤᠯᠵᠤ ᠪᠠᠢ᠌ᠭ᠎ᠠ ᠣᠠᠴᠠᠯᠢᠭ ᠪᠠᠢ᠌ᠳᠠᠯ ᠢ ᠥᠵᠡᠭᠦᠯᠤᠨ ᠰᠤᠨᠢᠷᠬᠠᠭᠤᠯᠵᠤ ᠰᠤᠷᠤᠯᠴᠠᠭᠤᠯᠤᠨ ᠰᠤᠷᠳᠠᠯᠴᠢᠯᠠᠭᠤᠯᠤᠶ᠎ᠠ ᠭᠡᠳ ᠣᠨ ᠣᠳᠠᠭᠰᠠᠨ ᠪᠢᠯᠠ᠃ ᠡᠨᠡᠭᠦ ᠣᠨ ᠣᠳᠠᠭᠰᠠᠨ ᠭᠦᠰᠡᠯ ᠪᠣᠳᠤᠯ ᠮᠢᠨᠢ᠂ ᠡᠨᠡ ᠣᠨ (2008 ᠣᠨ) ᠊ᠤ ᠨᠠᠮᠤᠷ ᠤᠨ ᠰᠡᠭᠦᠯᠴᠢ᠂ ᠡᠪᠦᠯ ᠤᠨ ᠡᠭᠢ ᠪᠠᠷ᠂ ᠰᠤᠷᠭᠠᠭᠤᠯᠢ ᠶᠢᠨ ᠳᠤᠭᠢᠷᠭᠤᠯᠭ᠎ᠠ ᠪᠠᠷ᠂ ᠵᠢᠭᠠᠨ ᠵᠢᠯᠤᠭᠤᠤᠠᠬᠤ ᠭᠠᠵᠠᠷ ᠤᠨ ᠡᠷᠭᠢᠯᠡᠭ᠍ᠴᠢ ᠳᠠᠭᠤᠯᠠ ᠪᠠᠭᠰᠢ ᠪᠢᠳᠠ ᠬᠤᠶᠠᠭᠤᠯᠠ ᠶᠢᠨ ᠳᠠᠭᠠᠭᠤᠯᠭ᠎ᠠ ᠪᠠᠷ᠂ ᠮᠤᠩᠭ᠋ᠤᠯ ᠭᠡᠯᠡᠨ ᠤ ᠳᠤᠭᠣᠢ᠌ᠯᠠᠩ ᠤᠨ ᠯᠢᠩᠬᠸ᠎ᠠ᠂ ᠮᠡᠷᠭᠡᠨ᠂ ᠰᠤᠷᠤᠨ᠎ᠠ᠂ ᠰᠠᠷᠠᠠᠴᠠᠨ᠎ᠠ᠂ ᠮᠤᠩᠭ᠋ᠤᠯ ᠳᠤᠭᠠᠨ ᠤ ᠳᠤᠭᠣᠢ᠌ᠯᠠᠩ ᠤᠨ ᠡᠤ ᠰᠠᠴᠠᠨ᠂ ᠪᠠᠢ ᠢᠤᠢ ᠶ‍ᠢᠩ᠂ ᠬᠤᠸᠠᠩ ᠰᠠᠷᠠᠨ᠎ᠠ᠂ ᠭᠢᠳᠠᠤᠨ ᠭᠡᠯᠡᠨ ᠤ ᠳᠤᠭᠣᠢ᠌ᠯᠠᠩ ᠤᠨ ᠫᠧᠩ ᠰᠠᠴᠠᠨ ᠵᠡᠷᠭᠡ ᠨᠢ᠋ᠮᠠᠨ ᠪᠠᠭᠰᠢ ᠶᠢᠨ ᠣᠷᠤᠯᠴᠠᠯᠭ᠎ᠠ ᠲᠡᠶ ᠪᠠᠷ᠂ 《ᠳᠦᠡᠭᠯᠢᠶ‍ᠦᠤ ᠬᠤᠳᠠ ᠶᠢᠨ ᠮᠤᠩᠭ᠋ᠤᠯ ᠰᠤᠷᠭᠠᠭᠤᠯᠢ ᠨᠤᠭᠤᠳ ᠶᠢᠡᠷ ᠳᠤᠭᠤᠷᠢᠨ ᠰᠤᠷᠤᠯᠴᠠᠬᠤ》 ᠭᠡᠭᠦ 《ᠳᠤᠮᠤ》 ᠨᠠᠷ᠎ᠠ ᠶᠢᠨ ᠳᠤᠤᠷ᠎ᠠ ᠠᠩᠬᠠᠨ ᠤ ᠭᠠᠷᠭᠠᠭ᠎ᠠ (ᠡᠭᠡᠯᠵᠢ) ᠪᠠᠨ ᠠᠪᠴᠤ ᠪᠢᠯᠠ᠃

ᠨᠤᠳᠤᠭ ᠤᠨ ᠰᠠᠢ᠌ᠬᠠᠨ ᠢ ᠦᠵᠡᠨ ᠰᠤᠨᠢᠷᠬᠠᠵᠤ ᠭᠦᠮᠤᠨ ᠤ ᠰᠠᠢ᠌ᠨ ᠲᠡᠶ ᠳᠠᠨᠢᠯᠴᠠᠨ ᠨᠠᠢ᠌ᠵᠠᠯᠠᠵᠤ᠂ ᠭᠦᠳᠡᠯᠮᠦᠷᠢ ᠶᠢᠨ ᠭᠢᠨᠢ ᠪᠦᠳᠦᠮᠵᠢ ᠶᠢ ᠪᠠᠬᠠᠳᠤᠵᠤ ᠶᠠᠪᠣᠨ᠎ᠠ ᠭᠡᠭ᠍ᠴᠢ ᠭᠦᠮᠤᠨ ᠪᠦᠭᠦᠨ ᠤ ᠪᠠᠶᠠᠰᠤᠯ᠂ ᠪᠠᠬᠠᠳᠤᠯ ᠪᠠᠢ᠌ᠭ᠎ᠠ ᠪᠠᠢ᠌ᠯ᠎ᠠ᠃ ᠪᠢᠳᠠᠨ ᠤ ᠰᠤᠷᠤᠯᠴᠠᠯᠭ᠎ᠠ ᠊᠊᠊᠊᠊᠊᠊᠊᠊᠊᠊᠊᠊᠊᠊ 10 ᠳ᠋ᠤᠭᠠᠷ ᠰᠠᠷ᠎ᠠ ᠵᠢᠨ13 ᠊ᠤ ᠬᠤᠷᠴᠢᠨ ᠵᠡᠭᠦᠨ ᠭᠠᠷ ᠤᠨ ᠬᠣᠢ᠌ᠳᠤ ᠬᠤᠰᠢᠭᠤᠨ ᠤ ᠮᠤᠩᠭ᠋ᠤᠯ ᠳᠤᠷᠰᠢᠯᠳᠠ ᠶᠢᠨ ᠪᠠᠭ᠎ᠠ ᠰᠤᠷᠭᠠᠭᠤᠯᠢ ᠳ᠋ᠠᠭᠢ ᠳᠤᠭᠤᠷᠢᠨ ᠰᠤᠷᠤᠯᠴᠠᠯᠭ᠎ᠠ᠂ 10 ᠳ᠋ᠤᠭᠠᠷ ᠰᠠᠷ᠎ᠠ ᠶᠢᠨ 14 ᠊ᠤ ᠬᠤᠷᠴᠢᠨ ᠵᠡᠭᠦᠨ ᠭᠠᠷᠤᠨ ᠳᠤᠮᠳᠠᠳᠤ ᠬᠤᠰᠢᠭᠤᠨ ᠤ ᠮᠤᠩᠭ᠋ᠤᠯ ᠰᠤᠷᠭᠠᠭᠤᠯᠢ ᠳ᠋ᠠᠭᠢ ᠳᠤᠭᠤᠷᠢᠨ ᠰᠤᠷᠤᠯᠴᠠᠯᠭ᠎ᠠ᠂ 10 ᠳ᠋ᠤᠭᠠᠷ ᠰᠠᠷ᠎ᠠ ᠶᠢᠨ 15 ᠊ᠤ ᠳᠦᠡᠭᠯᠢᠶ‍ᠦᠤ ᠬᠤᠳᠠ ᠶᠢᠨ ᠮᠤᠩᠭ᠋ᠤᠯ ᠰᠤᠷᠭᠠᠭᠤᠯᠢ ᠳ᠋ᠠᠭᠢ ᠳᠤᠭᠤᠷᠢᠨ ᠰᠤᠷᠤᠯᠴᠠᠯᠭ᠎ᠠ ᠭᠡᠭᠦ ᠭᠤᠷᠪᠠᠨ ᠡᠳᠦᠷ ᠤᠨ ᠳᠤᠭᠤᠷᠢᠨ ᠰᠤᠷᠤᠯᠴᠠᠯᠭ᠎ᠠ ᠪᠠᠷ ᠡᠭᠢ ᠠᠳᠠᠭ ᠲᠡᠶ᠂ ᠡᠮᠭᠢ ᠳᠠᠷᠠᠮᠪᠠ ᠲᠡᠶ᠂ ᠡᠷᠴᠡᠰ ᠭᠦᠴᠤᠨ ᠲᠡᠶ ᠶᠠᠪᠣᠭᠳᠠᠵᠤ ᠪᠢᠯᠠ᠃

ᠳᠦᠡᠭᠯᠢᠶ‍ᠦᠤ ᠬᠤᠳᠠ ᠭᠡᠵᠤ ᠢᠳᠡᠷᠭᠡᠭ᠌᠂ ᠶᠡᠭᠡ ᠬᠤᠳᠠ ᠳᠦᠡᠭᠯᠢᠶ‍ᠦᠤ ᠶᠢᠨ ᠮᠤᠩᠭ᠋ᠤᠯᠴᠤᠳ ᠭᠡᠵᠤ ᠠᠵᠢᠯᠰᠠᠭ᠂ ᠬᠠᠯᠠᠭᠤᠮᠰᠠᠭ ᠮᠤᠩᠭ᠋ᠤᠯᠴᠤᠳ ᠳᠦᠡᠭᠯᠢᠶ‍ᠦᠤ ᠶᠢᠨ (ᠬᠤᠷᠴᠢᠨ ᠤ) ᠰᠤᠶᠤᠯ ᠭᠡᠵᠤ ᠪᠠᠶᠠᠯᠢᠭ᠂ ᠵᠤᠵᠠᠭᠠᠨ ᠰᠤᠶᠤᠯ ᠳᠦᠡᠭᠯᠢᠶ‍ᠦᠤ ᠶᠢᠨ ᠮᠤᠩᠭ᠋ᠤᠯ ᠰᠤᠷᠭᠠᠨ ᠭᠦᠮᠦᠵᠢᠯ ᠭᠡᠵᠤ ᠪᠠᠳᠠᠷᠠᠭᠤᠨ᠂ ᠴᠡᠴᠡᠭᠯᠡᠭᠦᠨ ᠰᠤᠷᠭᠠᠨ ᠭᠦᠮᠦᠵᠢᠯ᠃ ᠪᠢᠳᠠ ᠡᠨᠡ ᠪᠦᠭᠦᠨ ᠢ ᠵᠠᠬ᠎ᠠ ᠳᠠᠷᠠᠭᠠᠯᠠᠭᠤᠯᠤᠨ᠂ ᠵᠠᠮ ᠳᠠᠭᠠᠭᠤᠯᠤᠭᠤᠯᠤᠨ ᠰᠤᠷᠠᠵᠤ ᠰᠤᠨᠢᠷᠬᠠᠵᠤ ᠶᠠᠪᠣᠯ᠎ᠠ᠂ ᠰᠤᠨᠤᠰᠴᠤ ᠰᠢᠩᠭᠡᠭᠡᠵᠤ ᠶᠠᠪᠣᠯ᠎ᠠ᠂ ᠰᠤᠳᠤᠯᠵᠤ ᠰᠢᠠᠵᠢᠯᠠᠵᠤ ᠶᠠᠪᠣᠯ᠎ᠠ᠃

ᠪᠢᠳᠠᠨ ᠤ ᠰᠤᠷᠤᠯᠴᠠᠯᠭ᠎ᠠ ᠭᠤᠷᠪᠠᠨ ᠡᠳᠦᠷ ᠭᠡᠵᠤ ᠭᠡᠯᠡᠭᠦ ᠡᠴᠡ ᠳ᠋ᠡ᠂ ᠭᠤᠷᠪᠠᠨ ᠬᠠᠭᠠᠰ ᠡᠳᠦᠷ ᠭᠡᠵᠤ ᠭᠡᠯᠡᠭᠦ ᠯᠠ ᠪᠢᠯᠠ᠃ ᠣᠴᠢᠷ ᠨᠢ᠂ ᠵᠠᠮ ᠠᠯᠤᠰ᠂ ᠴᠠᠭ ᠪᠠᠴᠢᠮ ᠤᠨ ᠰᠢᠯᠳᠠᠭ ᠶᠢᠡᠷ ᠰᠤᠷᠭᠠᠭᠤᠯᠢ ᠪᠣᠯᠭᠠᠨ ᠳ᠋ᠠᠭᠢ ᠰᠤᠷᠤᠯᠴᠠᠯᠭ᠎ᠠ ᠪᠠᠨ ᠪᠢᠳᠠ᠂ ᠬᠠᠭᠠᠰᠬᠠᠨ ᠡᠳᠦᠷ ᠲᠤ ᠪᠠᠭᠳᠠᠭᠠᠨ ᠳᠤᠭᠢᠷᠠᠭᠠᠵᠤ᠂ ᠨᠥᠭᠦᠭᠡ ᠬᠠᠭᠠᠰ ᠡᠳᠦᠷ ᠳᠤᠨᠢ ᠡᠨᠡ ᠬᠤᠰᠢᠭᠤ᠂ ᠡᠨᠡ ᠰᠤᠷᠭᠠᠭᠤᠯᠢ ᠡᠴᠡ ᠳᠠᠷᠠ ᠬᠤᠰᠢᠭᠤ᠂ ᠳᠠᠷᠠ ᠰᠤᠷᠭᠠᠭᠤᠯᠢ ᠵᠥᠭ᠌ ᠨᠢ ᠶᠠᠪᠣᠬᠤ ᠶᠠᠪᠣᠳᠠᠯ ᠶᠢᠡᠨ ᠳᠤᠭᠢᠷᠠᠭᠠᠵᠤ ᠪᠢᠯᠠ᠃

ᠪᠢᠳᠠ ᠰᠤᠷᠭᠠᠭᠤᠯᠢ ᠪᠣᠯᠭᠠᠨ ᠳ᠋ᠠᠭᠢ ᠰᠤᠷᠤᠯᠴᠠᠯᠭ᠎ᠠ ᠪᠠᠨ ᠭᠡᠳᠥᠢᠪᠠᠷ ᠬᠠᠭᠠᠰᠬᠠᠨ ᠡᠳᠦᠷ ᠲᠤ ᠳᠤᠭᠢᠷᠠᠭᠠᠭᠰᠠᠨ ᠪᠣᠯᠪᠠᠴᠤ᠂ ᠴᠤᠬᠤᠮ ᠬᠠᠭᠠᠰᠬᠠᠨ ᠡᠳᠦᠷ ᠲᠤ ᠪᠠᠭᠳᠠᠭᠠᠵᠤ ᠰᠤᠷᠴᠤ ᠦᠯᠦ ᠳᠠᠢ᠌ᠯᠤᠮ᠎ᠠ ᠭᠡᠮᠡᠷ ᠣᠯᠠᠨ ᠶᠠᠭᠤᠮ᠎ᠠ ᠣᠯᠵᠤ ᠰᠤᠷᠤᠭᠰᠠᠨ᠂ ᠣᠯᠠᠨ ᠶᠠᠭᠤᠮ᠎ᠠ ᠣᠯᠵᠤ ᠭᠦᠷᠳᠡᠭ᠍ᠰᠡᠨ᠃

ᠳᠦᠡᠭᠯᠢᠶ‍ᠦᠤ ᠬᠤᠳᠠ ᠶᠢᠨ ᠮᠤᠩᠭ᠋ᠤᠯ ᠰᠤᠷᠭᠠᠭᠤᠯᠢ ᠨᠤᠭᠤᠳ ᠭᠡᠵᠤ ᠭᠦᠷᠢᠶ᠎ᠡ ᠬᠠᠰᠢᠶ᠎ᠠ ᠠᠭᠤᠵᠢᠮ᠂ ᠭᠦᠮᠤᠨ ᠠᠮᠠ ᠢᠳᠡᠭᠡᠨ ᠰᠤᠷᠭᠠᠭᠤᠯᠢ ᠨᠤᠭᠤᠳ ᠪᠠᠢ᠌ᠯ᠎ᠠ᠃ ᠪᠢᠳᠠᠨ ᠤ ᠳᠤᠭᠤᠷᠢᠨ ᠰᠤᠷᠤᠯᠴᠠᠭᠰᠠᠨ ᠭᠤᠷᠪᠠᠨ ᠮᠤᠩᠭ᠋ᠤᠯ ᠰᠤᠷᠭᠠᠭᠤᠯᠢ ᠠᠯᠢ ᠨᠢ ᠴᠤ ᠭᠡᠰᠡᠨ ᠵᠠᠭᠤ ᠬᠤᠷᠢ ᠭᠤᠴᠢ ᠡᠴᠡ ᠵᠠᠭᠤ ᠳᠦᠴᠢ ᠳᠠᠪᠢᠨ ᠪᠠᠭᠰᠢ ᠠᠵᠢᠯᠳᠠᠨ ᠲᠡᠶ᠂ ᠮᠢᠩᠭ᠋᠎ᠠ ᠳᠠᠪᠣ ᠵᠢᠷᠭᠤᠭᠠᠨ ᠵᠠᠭᠤ ᠡᠴᠡ ᠬᠤᠶᠠᠷ ᠮᠢᠩᠭ᠋᠎ᠠ ᠳᠠᠪᠣ ᠵᠢᠷᠭᠤᠭᠠᠨ ᠵᠠᠭᠤᠨ ᠰᠤᠷᠤᠭᠴᠢ ᠲᠡᠶ᠂ ᠴᠤᠯᠤ ᠮᠤᠩᠭ᠋ᠤᠯ ᠶᠢᠡᠷ ᠶᠢᠡᠨ ᠭᠡᠯᠡᠵᠤ ᠶᠠᠷᠢᠵᠤ᠂ ᠴᠤᠯᠤ ᠮᠤᠩᠭ᠋ᠤᠯ ᠶᠢᠡᠷ ᠶᠢᠡᠨ ᠭᠢᠴᠢᠶᠠᠯᠯᠠᠵᠤ ᠰᠤᠷᠭᠠᠵᠤ᠂ ᠴᠤᠯᠤ ᠮᠤᠩᠭ᠋ᠤᠯ ᠶᠢᠡᠷ ᠶᠢᠡᠨ ᠭᠦᠭᠡᠷᠴᠤ ᠱᠤᠤᠭᠢᠳᠠᠭ ᠰᠤᠷᠭᠠᠭᠤᠯᠢ ᠨᠤᠭᠤᠳ ᠪᠠᠢ᠌ᠯ᠎ᠠ᠃ ᠰᠤᠷᠭᠠᠭᠤᠯᠢ ᠪᠦᠷᠢ ᠶᠢᠨ ᠪᠠᠷᠢᠯᠭ᠎ᠠ᠂ ᠳᠦᠭᠦᠭᠡᠷᠦᠮᠵᠢ ᠪᠦᠷᠢᠨ ᠪᠠᠢ᠌ᠷᠢᠰᠢᠭᠤᠯᠭ᠎ᠠ᠂ ᠳᠤᠭᠢᠷᠠᠭᠤᠯᠤᠮᠵᠢ ᠭᠦᠢᠴᠡᠳ ᠣᠷᠢᠶᠠᠯᠭ᠎ᠠ᠂ ᠬᠠᠷᠠᠯᠳᠠ ᠳᠤᠳᠤ ᠣᠳᠤᠷᠢᠳᠤᠯᠭ᠎ᠠ᠂ ᠬᠠᠮᠢᠶᠠᠷᠠᠯᠳᠠ ᠳᠡᠭᠦᠰ ᠡᠳᠡᠭᠡᠷ ᠢ ᠪᠢᠳᠠ ᠭᠢᠴᠢᠶᠠᠯ ᠰᠤᠨᠤᠰᠴᠤ᠂ ᠭᠡᠯᠡᠯᠴᠡᠵᠤ ᠵᠤᠭᠤᠭᠳᠠᠵᠤ ᠶᠠᠪᠣᠬᠤ ᠳᠤᠮᠳᠠ ᠪᠠᠨ᠂ ᠣᠳᠤᠷᠢᠳᠤᠯᠭ᠎ᠠ ᠶᠢᠨ ᠭᠢᠨᠢ ᠠᠭᠤᠳᠠᠮ ᠪᠠᠭᠳᠠᠭᠠᠮᠵᠢᠳᠤ ᠣᠪᠣᠷ᠂ ᠪᠠᠭᠰᠢ ᠨᠡᠷ ᠤᠨ ᠭᠢᠨᠢ ᠪᠠᠬᠠᠳᠤᠯ ᠰᠤᠨᠢᠷᠬᠠᠯᠳᠤ ᠭᠢᠴᠢᠶᠡᠯᠯᠡᠭᠡ᠂ ᠰᠤᠷᠤᠭᠴᠢᠳ ᠤᠨ ᠭᠢᠨᠢ ᠰᠢᠭᠤᠤᠠᠮᠠᠭᠠᠢ ᠢᠳᠡᠭᠡᠮᠵᠢᠳᠤ ᠰᠤᠷᠤᠯᠴᠠᠯᠭ᠎ᠠ᠂ ᠰᠤᠷᠭᠠᠭᠤᠯᠢ ᠶᠢᠨ ᠭᠢᠨᠢ ᠦᠪᠡᠷᠮᠢᠴᠠ ᠰᠡᠪᠠᠭᠦᠨ ᠣᠠᠴᠠᠯᠢᠭ ᠵᠡᠷᠭᠡ ᠡᠴᠡ ᠳᠤᠳᠤ ᠣᠯᠵᠤ ᠬᠠᠷᠠᠭᠰᠠᠨ᠂ ᠳᠤᠳᠤᠷᠬᠠᠢ ᠰᠠᠷᠠᠵᠤ ᠣᠢ᠌ᠯᠭᠠᠭᠰᠠᠨ᠃

ᠪᠢᠳᠠ ᠰᠤᠷᠭᠠᠭᠤᠯᠢ ᠪᠦᠭᠦᠨ ᠳ᠋ᠠᠭᠢ ᠬᠠᠭᠠᠰ ᠡᠳᠦᠷ ᠲᠡᠭᠡᠨ ᠳᠦᠷᠦᠭᠦᠤ ᠭᠤᠷᠪᠠᠨ ᠴᠠᠭ ᠳᠤᠨᠢ ᠭᠢᠴᠢᠶᠠᠯ ᠰᠤᠨᠤᠰᠴᠤ᠂ ᠰᠡᠭᠦᠯ ᠤᠨ ᠨᠢᠭᠡ ᠴᠠᠭ ᠳᠤᠨᠢ ᠳᠤᠷᠰᠢᠯᠭ᠎ᠠ ᠰᠠᠨᠠᠯ ᠶᠢᠡᠨ ᠰᠤᠯᠢᠯᠴᠠᠬᠤ ᠱᠠᠭᠠᠷᠳᠠᠯᠭ᠎ᠠ᠂ ᠰᠠᠨᠠᠭᠠᠴᠢᠯᠭ᠎ᠠ ᠳᠤᠷᠠᠳᠤᠭᠰᠠᠨ᠃ ᠳᠠᠳᠠ ᠴᠤ ᠶᠠᠮᠠᠷ ᠴᠤ ᠨᠥᠭᠦᠴᠡᠯ ᠵᠥᠪᠯᠡᠯᠴᠡᠭᠡ ᠦᠭᠡᠶ ᠪᠠᠷ᠂ ᠪᠢᠳᠠᠨ ᠤ ᠡᠨᠡᠭᠦ ᠱᠠᠭᠠᠷᠳᠠᠯᠭ᠎ᠠ᠂ ᠰᠠᠨᠠᠭᠠᠴᠢᠯᠭ᠎ᠠ ᠪᠠᠷ ᠠᠯᠢᠪᠠ ᠣᠴᠢᠷ ᠢ ᠴᠦᠮ ᠪᠦᠷᠢᠨ ᠳᠦᠭᠦᠷ ᠵᠤᠭᠢᠴᠠᠭᠤᠯᠤᠭᠰᠠᠨ᠃ ᠳᠠᠷᠠᠴᠢᠯᠠᠨ ᠵᠠᠷᠢᠮ ᠨᠢᠭᠡ ᠳᠤᠭᠢᠷᠠᠭᠤᠯᠭ᠎ᠠ᠂ ᠵᠤᠭᠢᠴᠠᠭᠤᠯᠭ᠎ᠠ ᠨᠢ ᠪᠢᠳᠠᠨ ᠤ ᠰᠠᠨᠠᠭᠰᠠᠨ ᠭᠦᠰᠡᠭ᠍ᠰᠡᠨ ᠡᠴᠡ ᠴᠤ ᠲᠤᠩ ᠡᠪᠯᠢᠭ᠌ ᠵᠤᠭᠢᠴᠠᠯ ᠲᠡᠶ ᠳᠤᠭᠢᠷᠠᠭᠤᠯᠭ᠎ᠠ᠂ ᠵᠤᠭᠢᠴᠠᠭᠤᠯᠭ᠎ᠠ ᠪᠣᠯᠤᠭᠰᠠᠨ ᠪᠠᠢ᠌ᠭᠰᠠᠨ᠃ ᠪᠣᠳᠠᠳᠠᠢ ᠰᠢᠭ ᠶᠠᠷᠢᠪᠠᠯ᠂ ᠬᠤᠷᠴᠢᠨ ᠵᠡᠭᠦᠨ ᠭᠠᠷᠤᠨ ᠬᠣᠢ᠌ᠳᠤ ᠬᠤᠰᠢᠭᠤᠨ ᠤ ᠮᠤᠩᠭ᠋ᠤᠯ ᠳᠤᠷᠰᠢᠯᠳᠠ ᠶᠢᠨ ᠪᠠᠭ᠎ᠠ ᠰᠤᠷᠭᠠᠭᠤᠯᠢ ᠶᠢᠨ ᠭᠢᠨ ᠭᠡᠯᠡ ᠪᠢᠴᠢᠭ᠌ 3 ᠭᠢᠴᠢᠶᠠᠯ᠂ ᠳᠤᠭᠠᠨ ᠤ ᠣᠬᠠᠭᠠᠨ 3 ᠭᠢᠴᠢᠶᠠᠯ᠂ ᠭᠢᠳᠠᠤᠨ ᠭᠡᠯᠡ 1 ᠭᠢᠴᠢᠶᠠᠯ ᠬᠤᠷᠴᠢᠨ ᠵᠡᠭᠦᠨ ᠭᠠᠷᠤᠨ ᠳᠤᠮᠳᠠᠳᠤ ᠬᠤᠰᠢᠭᠤᠨ ᠤ ᠮᠤᠩᠭ᠋ᠤᠯ ᠰᠤᠷᠭᠠᠭᠤᠯᠢ ᠶᠢᠨ ᠭᠢᠨᠢ ᠭᠡᠯᠡ ᠪᠢᠴᠢᠭ᠌ 5 ᠭᠢᠴᠢᠶᠠᠯ᠂ ᠳᠤᠭᠠᠨ ᠤ ᠣᠬᠠᠭᠠᠨ 4 ᠭᠢᠴᠢᠶᠠᠯ᠂ ᠭᠢᠳᠠᠤᠨ ᠭᠡᠯᠡ 2 ᠭᠢᠴᠢᠶᠠᠯ ᠳᠦᠡᠭᠯᠢᠶ‍ᠦᠤ ᠬᠤᠳᠠ ᠶᠢᠨ ᠮᠤᠩᠭ᠋ᠤᠯ ᠰᠤᠷᠭᠠᠭᠤᠯᠢ ᠶᠢᠨ ᠭᠢᠨᠢ ᠭᠡᠯᠡ ᠪᠢᠴᠢᠭ᠌ 2 ᠭᠢᠴᠢᠶᠠᠯ᠂ ᠳᠤᠭᠠᠨ ᠤ ᠣᠬᠠᠭᠠᠨ 1 ᠭᠢᠴᠢᠶᠠᠯ᠂ ᠭᠢᠳᠠᠤᠨ ᠭᠡᠯᠡ 1 ᠭᠢᠴᠢᠶᠠᠯ᠂ ᠠᠩᠭ᠍ᠯᠢ ᠭᠡᠯᠡ 1 ᠭᠢᠴᠢᠶᠠᠯ ᠭᠡᠭᠦ ᠮᠠᠳᠤ ᠪᠠᠷ ᠲᠤᠩ ᠭᠦᠢᠴᠡᠳ ᠬᠠᠩᠭ᠋ᠠᠮᠵᠢᠳᠠᠢ ᠳᠤᠭᠢᠷᠠᠭᠤᠯᠵᠤ ᠦᠭ‍ᠭᠦᠭ᠍ᠰᠡᠨ᠃ ᠡᠭᠦᠨ ᠳᠤ᠂ ᠪᠢᠳᠠ ᠪᠦᠭᠦᠨ (ᠭᠢᠴᠢᠶᠠᠯ ᠰᠤᠨᠤᠰᠬᠤ ᠪᠠᠷ ᠣᠴᠢᠭᠰᠠᠨ ᠪᠠᠭᠰᠢ ᠪᠦᠭᠦᠳᠡ) ᠲᠤᠩ ᠢᠳᠡᠭᠡᠯ ᠪᠠᠬᠠᠳᠤᠯ ᠲᠡᠶ᠂ ᠰᠡᠳᠭᠢᠯ ᠬᠠᠨᠤᠮᠵᠢᠳᠠᠢ ᠪᠠᠷ ᠰᠤᠨᠤᠰᠴᠤ ᠰᠤᠨᠢᠷᠬᠠᠵᠤ ᠰᠤᠷᠴᠤ ᠨᠢᠭᠳᠠᠯᠠᠵᠤ ᠰᠠᠭᠤᠭᠰᠠᠨ᠃

ᠣᠯᠤᠯᠳᠠ ᠳᠦᠷᠦᠭ᠍ᠳᠡᠯ ᠭᠡᠪᠠᠯ᠂ ᠣᠪᠣᠭ᠎ᠠ ᠳᠤᠪᠣᠭ᠎ᠠ᠃

ᠪᠢᠳᠠᠨ ᠳᠤ ᠭᠢᠴᠢᠶᠠᠯ ᠰᠤᠨᠤᠰᠬᠠᠭᠰᠠᠨ ᠠᠯᠢ ᠴᠤ ᠪᠠᠭᠰᠢ ᠶᠢᠨ ᠭᠢᠨᠢ ᠪᠡᠯᠡᠳᠭᠡᠯ ᠲᠤᠩ ᠭᠦᠢᠴᠡᠳ᠃ ᠪᠠᠭᠰᠢ ᠪᠦᠷᠢ ᠶᠢᠨ ᠭᠢᠨᠢ ᠭᠢᠴᠢᠶᠡᠯᠯᠡᠭᠡ ᠪᠣᠯᠭᠠᠨ ᠨᠢ ᠭᠤᠤᠯᠳᠠᠯᠭ᠎ᠠ ᠭᠦᠴᠢᠷᠳᠡᠯᠭᠡ ᠳᠤᠳᠤᠷᠬᠠᠢ᠂ ᠭᠤᠤᠯᠯᠠᠬᠤ ᠳᠡᠰᠯᠡᠭᠦ ᠵᠣᠢ᠌ᠯᠠᠰ ᠤᠨ ᠢᠯᠭᠠᠭ᠎ᠠ ᠢᠯᠡᠷᠭᠡᠢ ᠪᠠᠭᠰᠢ ᠶᠢᠨ ᠵᠢᠭᠠᠬᠤ ᠣᠪᠣᠷ ᠡᠶᠡᠯᠰᠡᠭ᠌᠂ ᠠᠷᠭ᠎ᠠ ᠡᠯᠪᠠᠭ᠌ ᠰᠤᠷᠤᠭᠴᠢᠳ ᠤᠨ ᠰᠤᠷᠬᠤ ᠣᠷᠮ᠎ᠠ ᠣᠷᠭᠢᠯᠤᠮ᠎ᠠ᠂ ᠰᠤᠷᠤᠯᠴᠠᠬᠤ ᠪᠠᠬ᠎ᠠ ᠭᠦᠭ᠍ᠵᠢᠩᠭᠦᠢ ᠭᠢᠴᠢᠶᠡᠯᠯᠡᠭᠡ ᠶᠢᠨ ᠪᠦᠳᠦᠴᠡ ᠵᠤᠭᠢᠮᠵᠢ ᠲᠡᠶ᠂ ᠶᠠᠪᠣᠴᠠ ᠠᠭᠢᠴᠠ ᠲᠡᠶ ᠵᠢᠭᠠᠬᠤ᠂ ᠰᠤᠷᠬᠤ ᠠᠷᠭ᠎ᠠ ᠵᠤᠭᠢᠴᠠᠩᠭ᠋ᠤᠢ ᠪᠠᠭᠰᠢ ᠶᠢᠨ ᠭᠡᠯᠡᠭᠦ ᠶᠠᠷᠢᠬᠤ ᠭᠡᠰᠡᠨ ᠵᠣᠢ᠌ᠯᠠᠰ ᠪᠠ ᠰᠤᠷᠤᠭᠴᠢᠳ ᠤᠨ ᠭᠡᠯᠡᠭᠦ ᠶᠠᠷᠢᠬᠤ ᠭᠡᠰᠡᠨ ᠵᠣᠢ᠌ᠯᠠᠰ ᠠᠪᠴᠠᠯᠳᠤᠩᠭ᠋ᠤᠢ᠂ ᠠᠮᠠ ᠰᠡᠭᠡᠷ ᠨᠠᠢ᠌ᠯᠠᠮᠵᠢ ᠲᠡᠶ ᠮᠡᠳᠡᠯᠭᠡ ᠶᠢᠨ ᠭᠦᠡᠳᠦᠴᠡ᠂ ᠴᠢᠳᠠᠪᠣᠷᠢ ᠶᠢᠨ ᠪᠣᠯᠪᠠᠰᠤᠷᠠᠯ ᠳᠡᠩᠴᠡᠩᠭᠦᠢ ᠮᠡᠳᠡᠭᠡ ᠴᠢᠮᠡᠭᠡ᠂ ᠰᠤᠷᠠᠭ ᠳᠤᠭᠢᠶ᠎ᠠ ᠶᠢ ᠣᠯᠠᠮᠯᠠᠵᠤ ᠵᠠᠯᠭᠠᠭᠤᠯᠬᠤ ᠪᠠᠷ ᠳᠤᠭᠢᠯᠢᠭ᠂ ᠳᠦᠷᠭᠡᠨ ᠭᠡᠪ ᠴᠢᠨᠠᠷ ᠤᠨ ᠰᠤᠷᠭᠠᠨ ᠭᠦᠮᠦᠵᠢᠯ ᠢ ᠭᠦᠡᠳᠦᠳᠭᠡᠵᠤ᠂ ᠰᠢᠨ᠎ᠠ ᠭᠢᠴᠢᠶᠡᠯᠯᠡᠭᠡ ᠶᠢᠨ ᠥᠭᠡᠷᠡᠴᠢᠯᠡᠯᠳᠡ ᠶᠢᠨ ᠪᠠᠷᠢᠮᠵᠢᠶ᠎ᠠ ᠶᠢ ᠭᠢᠴᠢᠶᠠᠯ ᠪᠦᠭᠦᠨ᠂ ᠮᠡᠳᠡᠯᠭᠡ᠂ ᠶᠠᠪᠣᠴᠠ ᠪᠣᠯᠭᠠᠨ ᠳᠠᠭᠠᠨ ᠨᠡᠪᠳᠡᠷᠭᠦᠯᠵᠤ ᠰᠢᠩᠭᠡᠭᠡᠵᠤ ᠨᠡᠪᠴᠢᠭᠦᠯᠵᠤ ᠢᠳᠡᠭᠡᠰᠢᠭᠦᠯᠵᠤ ᠪᠠᠢ᠌ᠭ᠎ᠠ ᠨᠢ ᠮᠡᠳᠡᠭ᠍ᠳᠡᠮ᠎ᠡ ᠳᠤᠪᠣᠭᠤᠷ᠂ ᠳᠤᠭᠢᠷᠠᠮᠵᠢᠳᠠᠢ ᠭᠤᠤᠯᠳᠠᠯᠭ᠎ᠠ ᠶᠢ ᠠᠳᠬᠤᠵᠤ ᠭᠦᠴᠢᠷᠳᠡᠯᠭᠡ ᠶᠢ ᠰᠢ᠌ᠤᠠᠪᠣᠷᠢᠯᠠᠵᠤ ᠰᠢᠨ᠎ᠠ ᠶᠢ ᠰᠠᠳᠭᠢᠵᠤ ᠰᠢᠨ᠎ᠠ ᠶᠢ ᠡᠭᠦᠳᠭᠦ ᠪᠠᠷ ᠮᠠᠷᠠᠢ᠌ᠨ ᠵᠢᠦᠡᠭᠦᠵᠤ ᠪᠠᠢ᠌ᠭ᠎ᠠ ᠨᠢ ᠢᠯᠠᠳᠳᠠ᠃ ᠶᠤᠰᠤᠳᠠᠢ ᠯᠠ ᠶᠠᠪᠣᠴᠠ ᠪᠦᠷᠢ ᠨᠢ ᠣᠤᠠᠬ᠎ᠠ ᠲᠡᠶ᠂ ᠠᠭᠢᠴᠠ ᠪᠦᠷᠢ ᠨᠢ ᠣᠴᠢᠷ ᠲᠡᠶ᠂ ᠥᠭᠡ ᠪᠦᠷᠢ ᠨᠢ ᠠᠭᠤᠯᠭ᠎ᠠ ᠲᠡᠶ᠂ ᠥᠭᠦᠯᠡᠪᠦᠷᠢ ᠪᠦᠷᠢ ᠨᠢ ᠪᠠᠭᠳᠠᠭᠠᠮᠵᠢᠳᠠᠢ ᠊᠊᠊᠊᠊᠊᠊᠊᠊᠊᠊᠊᠊᠊᠊ ᠠᠮᠵᠢᠯᠳᠠ ᠳᠦᠭᠦᠷᠡᠩ ᠭᠢᠴᠢᠶᠡᠯᠯᠡᠭᠡ ᠨᠤᠭᠦᠳ ᠭᠡᠵᠤ ᠶᠠᠷᠢᠬᠤ ᠳᠤ ᠠᠬᠠᠳᠠᠬᠤ ᠪᠠᠷ ᠦᠭᠡᠶ︕

ᠳᠠᠠᠳᠠᠭᠢ ᠪᠠᠭᠰᠢ᠂ ᠣᠳᠤᠷᠢᠳᠤᠯᠭ᠎ᠠ ᠨᠡᠷ ᠲᠤᠩ ᠳᠠᠷᠤᠤ᠂ ᠭᠦᠩᠭᠡᠮᠰᠦᠭ᠌᠃ ᠪᠢᠳᠠ ᠭᠤᠷᠪᠠᠨ ᠴᠠᠭ ᠤᠨ ᠭᠢᠴᠢᠶᠠᠯ ᠶᠢᠡᠨ ᠰᠤᠨᠤᠰᠴᠢᠬᠠᠭᠠᠤᠨ᠂ ᠳᠠᠳᠠᠨ ᠲᠡᠶ ᠰᠠᠨᠠᠯ ᠳᠤᠷᠰᠢᠯᠭ᠎ᠠ ᠪᠠᠨ ᠰᠤᠯᠢᠯᠴᠠᠨ᠎ᠠ ᠭᠡᠭᠦ ᠳᠤ᠂ ᠭᠡᠨ ᠨᠢ ᠴᠤ 《ᠡᠨᠡ ᠭᠡᠷᠡᠭ᠌ ᠲᠡᠶ》 《ᠳᠠᠷᠠ ᠭᠡᠷᠡᠭ᠌ ᠦᠭᠡᠶ》 ᠭᠡᠵᠤ ᠡᠯᠳᠡᠪᠯᠡᠵᠤ ᠶᠠᠷᠰᠢᠭᠯᠠᠭᠰᠠᠨ ᠦᠭᠡᠶ᠂ ᠳᠤᠭᠳᠠᠭᠰᠠᠨ ᠴᠠᠭ ᠲᠠᠭᠠᠨ ᠭᠦᠷᠦᠯᠴᠡᠨ ᠢᠷᠡᠭᠡᠳ᠂ ᠴᠢᠪ ᠴᠢᠮᠡᠭᠡ ᠦᠭᠡᠶ ᠰᠠᠭᠤᠯᠴᠠᠵᠤ ᠪᠠᠢ᠌ᠯ᠎ᠠ᠃ ᠪᠢᠳᠠ ᠳᠠᠳᠠᠨ ᠤ ᠭᠢᠴᠢᠶᠡᠯᠯᠡᠭᠡ ᠪᠣᠶᠤ ᠰᠤᠷᠭᠠᠭᠤᠯᠢ ᠶᠢᠨ ᠬᠠᠮᠢᠶᠠᠷᠤᠯᠳᠠ᠂ ᠪᠠᠢ᠌ᠭᠤᠯᠤᠯᠳᠠ᠂ ᠳᠦᠷᠰᠦ ᠪᠠᠢ᠌ᠳᠠᠯ ᠢ 《ᠲᠤᠩ ᠰᠠᠢ᠌ᠨ》᠂ 《ᠲᠤᠩ ᠳᠤᠭᠢᠯᠢᠭ》 ᠭᠡᠵᠤ ᠦᠨᠡᠯᠠᠨ ᠶᠠᠷᠢᠬᠤ ᠳᠤ᠂ ᠳᠠᠳᠠ 《ᠪᠢᠳᠠᠨ ᠤ ᠭᠦᠷᠦᠯᠴᠡᠭᠦ ᠦᠭᠡᠶ ᠳᠠᠯ᠎ᠠ ᠶᠢ ᠢᠯᠡᠭᠦᠤ ᠶᠠᠷᠢᠵᠠᠭᠠᠴᠢ︕》 ᠭᠡᠵᠤ ᠳᠠᠷᠤᠤ ᠭᠦᠩᠭᠡᠮᠰᠦᠭ᠌ ᠶᠢᠡᠷ ᠰᠠᠨᠠᠭᠠᠴᠢᠯᠠᠨ ᠭᠦᠰᠡᠵᠡᠭᠡᠵᠤ ᠪᠠᠢ᠌ᠯ᠎ᠠ᠃ ᠪᠢᠳᠠ ᠳᠠᠳᠠᠨ ᠳᠤ 《ᠠᠮᠵᠢᠯᠳᠠ ᠲᠡᠶ ᠳᠠᠯ᠎ᠠ ᠪᠠᠨ ᠣᠷᠢᠳᠠᠪᠠᠷ ᠬᠠᠷᠠᠵᠤ᠂ ᠠᠯᠳᠠᠭᠳᠠᠯ ᠲᠡᠶ ᠳᠠᠯ᠎ᠠ ᠪᠠᠨ ᠠᠶᠠᠠᠳᠠᠭᠠᠨ ᠵᠠᠯᠠᠷᠠᠭᠤᠯᠤᠶ᠎ᠠ︕ ᠳᠠᠩᠳᠠ ᠠᠮᠵᠢᠯᠳᠠ ᠲᠡᠶ ᠪᠠᠢ᠌ᠭ᠎ᠠ ᠪᠠᠨ ᠣᠮᠳᠠᠭᠠᠢ᠌ᠯᠠᠭᠠᠤᠨ᠂ ᠠᠯᠳᠠᠭᠳᠠᠯ ᠲᠡᠶ ᠳᠠᠯ᠎ᠠ ᠪᠠᠨ ᠶᠠᠷᠢᠭᠠᠤᠨ ᠪᠠᠢ᠌ᠬᠤ ᠨᠢ ᠠᠵᠢᠯ ᠶᠢᠡᠨ ᠣᠷᠤᠭᠰᠢᠳᠠᠢ ᠶᠠᠪᠣᠭᠳᠠᠭᠤᠯᠵᠤ ᠠᠮᠵᠢᠯᠳᠠ ᠡᠴᠡ ᠠᠮᠵᠢᠯᠳᠠ ᠳᠤ ᠭᠦᠷᠭᠦ ᠳᠤ ᠠᠰᠢᠭ ᠦᠭᠡᠶ ᠶᠤᠮ᠂ ᠬᠠᠷᠰᠢ ᠶᠤᠮ᠃ ᠬᠠᠰᠢᠯᠠ ᠪᠠᠶᠠᠰᠬᠠᠬᠤ᠂ ᠣᠷᠮᠠᠰᠢᠭᠤᠯᠬᠤ ᠵᠣᠢ᠌ᠯᠠᠰ ᠶᠢᠡᠨ ᠢᠯᠡᠭᠦᠤ ᠶᠠᠷᠢᠵᠤ 〈ᠪᠠᠭᠳᠠᠷᠠᠭᠤᠯᠵᠤ ᠪᠣᠭᠢᠨᠢᠳᠠᠭᠤᠯᠬᠤ〉 ᠵᠣᠢ᠌ᠯᠠᠰ ᠶᠢᠡᠨ ᠳᠠᠷᠠᠭ᠎ᠠ ᠨᠢ ᠪᠣᠯᠤᠶ᠎ᠠ ᠁》 ᠭᠡᠭᠦ ᠮᠠᠳᠤ ᠰᠢᠤ ᠬᠠᠷᠢᠭᠤ ᠦᠭ‍ᠭᠦᠭᠡᠳ ᠬᠤᠷᠠᠯ ᠊᠊᠊᠊᠊᠊᠊᠊᠊᠊᠊᠊᠊᠊᠊ ᠰᠤᠷᠤᠯᠴᠠᠯᠭ᠎ᠠ ᠪᠠᠨ ᠥᠡᠳᠦᠷᠯᠡᠭᠦᠯᠵᠤ ᠪᠠᠢ᠌ᠭᠰᠠᠨ᠃ 《ᠪᠢᠳᠠ ᠭᠦᠮᠤᠨ ᠡᠴᠡ ᠰᠤᠷᠬᠤ᠂ ᠰᠤᠷᠤᠯᠴᠠᠬᠤ ᠪᠠᠷ ᠭᠦᠷᠦᠭ᠍ᠰᠡᠨ ᠡᠴᠡ ᠪᠢᠰᠢ᠂ ᠶᠠᠮᠠᠷ ᠭᠦᠮᠤᠨ ᠢ ᠰᠢᠯᠭᠠᠬᠤ ᠪᠠᠷ᠂ ᠪᠠᠢ᠌ᠴᠠᠭᠠᠬᠤ ᠪᠠᠷ ᠣᠴᠢᠵᠤ ᠦᠦ ᠳ᠋ᠠ︕ ᠡᠢ᠌ᠮᠤ ᠡᠴᠡ ᠪᠣᠰᠤᠳ ᠤᠨ ᠰᠠᠢ᠌ᠠᠳᠠᠢ ᠳᠠᠯ᠎ᠠ ᠶᠢ ᠢᠯᠡᠭᠦᠤ ᠳᠤᠪᠣᠢ᠌ᠯᠭᠠᠨ ᠶᠠᠷᠢᠵᠤ ᠭᠦᠷᠦᠯᠴᠡᠭᠦ ᠦᠭᠡᠶ ᠵᠣᠢ᠌ᠯᠠᠰ ᠢ ᠨᠢ ᠪᠠᠭᠠᠬᠠᠨ ᠳᠤᠷᠠᠳᠬᠤ ᠨᠢ ᠵᠦᠪ ᠪᠠᠢ᠌ᠬ᠎ᠠ᠃ ᠡᠨᠡ ᠨᠢ ᠪᠢᠳᠠ ᠪᠦᠭᠦᠨ ᠤ ᠣᠷᠮ᠎ᠠ ᠴᠤᠭ ᠲᠡᠶ ᠪᠠᠷ (ᠬᠠᠮᠳᠤᠪᠠᠷ) ᠣᠷᠤᠭᠰᠢᠯᠠᠵᠤ ᠳᠠᠪᠰᠢᠬᠤ ᠳᠤ ᠣᠬᠠᠭᠠᠨ᠂ ᠳᠡᠪᠢᠰᠭᠡᠷ ᠪᠣᠯᠬᠤ ᠪᠠᠢ᠌ᠬ᠎ᠠ》 ᠭᠡᠵᠤ ᠪᠢ ᠰᠠᠮ ᠰᠠᠳᠭᠢᠵᠤ ᠪᠣᠳᠤᠵᠤ ᠰᠠᠭᠤᠭᠰᠠᠨ᠃ ᠰᠠᠳᠭᠢᠵᠤ ᠪᠣᠳᠤᠭᠰᠠᠨ ᠶᠢᠡᠷ ᠶᠢᠡᠨ ᠶᠠᠷᠢᠵᠤ ᠭᠡᠯᠡᠵᠤ ᠴᠤ ᠰᠠᠭᠤᠭᠰᠠᠨ ᠁

ᠳᠠᠳᠠ ᠪᠠᠰᠠ 《ᠪᠢᠳᠠᠨ ᠤ ᠭᠡᠯᠡ ᠪᠣᠯᠬᠤ ᠦᠭᠡᠶ᠂ ᠳᠠᠳᠠᠨᠤᠰ ᠤᠨ ᠠᠳᠠᠯᠢ (ᠳᠤᠮᠳᠠ᠂ ᠪᠠᠷᠠᠭᠤᠨ ᠣᠷᠤᠨ ᠤ ᠭᠦᠮᠦᠰ ᠤᠨ ᠠᠳᠠᠯᠢ) ᠳᠡᠭ᠍ᠰᠢ ᠶᠠᠷᠢᠵᠤ ᠴᠢᠳᠠᠬᠤ ᠦᠭᠡᠶ᠃ ᠮᠠᠨᠠᠢ᠌ᠭᠢᠨ ᠤ ᠬᠡᠦᠬᠡᠳ ᠪᠠᠷᠢᠮᠵᠢᠶ᠎ᠠ ᠠᠪᠢᠶ᠎ᠠ ᠶᠢ ᠰᠤᠷᠴᠤ ᠭᠡᠷᠡᠭᠯᠡᠭᠦ ᠳᠤ ᠲᠤᠩ ᠢᠳᠠ ᠣᠷᠤᠵᠤ ᠪᠣᠢ᠃ ᠡᠢ᠌ᠮᠤ ᠡᠴᠡ ᠮᠠᠨ ᠤ ᠦᠨᠦᠳᠤᠷ ᠤᠨ ᠭᠢᠴᠢᠶᠡᠯᠯᠡᠭᠡ ᠳᠠᠢ᠌ᠮᠤ ᠬᠠᠩᠭ᠋ᠠᠮᠵᠢᠳᠠᠢ ᠪᠣᠯᠵᠤ ᠴᠢᠳᠠᠭᠰᠠᠨ ᠦᠭᠡᠶ》 ᠭᠡᠵᠤ ᠪᠠᠷᠢᠮᠵᠢᠶ᠎ᠠ ᠠᠪᠢᠶ᠎ᠠ ᠶᠢ ᠰᠤᠷᠴᠤ ᠪᠠᠷᠢᠮᠵᠢᠶ᠎ᠠ ᠭᠡᠯᠡ ᠪᠠᠷ ᠭᠢᠴᠢᠶᠡᠯᠯᠡᠭᠦ ᠳᠤᠬᠠᠢ ᠶᠡᠭᠡᠳᠡ ᠰᠠᠨᠠᠭ᠎ᠠ ᠪᠣᠳᠤᠯᠭ᠎ᠠ ᠪᠣᠯᠵᠤ ᠶᠠᠷᠢᠵᠠᠭᠠᠵᠤ ᠪᠠᠢ᠌ᠯ᠎ᠠ᠃ ᠡᠭᠦᠨ ᠳᠤ ᠪᠢ 《ᠶᠠᠮᠠᠷ ᠭᠡᠯᠡ ᠪᠠᠷ ᠭᠢᠴᠢᠶᠡᠯᠯᠡᠭ᠍ᠰᠡᠨ ᠴᠤ ᠬᠠᠮᠢᠶ᠎ᠠ ᠦᠭᠡᠶ᠂ ᠦᠪᠡᠷ ᠤᠨ ᠪᠣᠳᠤᠵᠤ ᠰᠠᠨᠠᠭᠰᠠᠨ ᠶᠢᠡᠨ ᠰᠤᠷᠤᠭᠴᠢᠳ ᠲᠠᠭᠠᠨ ᠪᠦᠷᠢᠨ ᠭᠦᠢᠴᠡᠳ ᠡᠵᠡᠮᠰᠢᠭᠦᠯᠤᠨ ᠮᠡᠳᠡᠭᠦᠯᠪᠠᠯ ᠪᠣᠯᠴᠢᠬᠠᠨ᠎ᠠ᠃ ᠳᠠᠨᠤᠰ ᠤᠨ ᠭᠡᠯᠡ ᠭᠡᠯᠡᠯᠭᠡ ᠠᠨᠠᠢ ᠪᠢᠰᠢ᠂ ᠬᠠᠷᠢᠨ ᠲᠤᠩ ᠣᠨᠤᠪᠴᠠᠯᠢᠭ᠂ ᠪᠠᠶᠠᠯᠢᠭ ᠪᠠᠢ᠌ᠨ᠎ᠠ᠃ ᠬᠤᠷᠴᠢᠨ ᠭᠡᠯᠡ ᠮᠠᠭᠤ ᠭᠡᠯᠡ ᠪᠢᠰᠢ᠃ ᠬᠤᠷᠴᠢᠨ ᠭᠡᠯᠡ ᠪᠣᠯ ᠣᠳᠤᠮᠳᠤ ᠭᠡᠯᠡ᠂ ᠣᠳᠠᠭᠠᠨ ᠣᠨ ᠤ ᠳᠡᠦᠭᠡ ᠲᠡᠶ ᠭᠡᠯᠡ᠃ ᠬᠤᠷᠴᠢᠨ ᠭᠡᠯᠡ ᠶᠢ ᠮᠠᠭᠤ ᠭᠡᠯᠡ᠂ ᠠᠨᠠᠢ ᠭᠡᠯᠡ ᠪᠣᠯᠭᠠᠭᠰᠠᠨ ᠨᠢ ᠬᠤᠯᠢᠮᠠᠭ ᠭᠡᠯᠡ ᠪᠣᠯᠬᠤ ᠡᠴᠡ ᠪᠢᠰᠢ᠂ ᠬᠤᠷᠴᠢᠨ ᠭᠡᠯᠡ ᠊᠊᠊᠊᠊᠊᠊᠊᠊᠊᠊᠊᠊᠊᠊ ᠬᠤᠪᠢ ᠪᠠᠶ᠎ᠠ ᠨᠢ ᠪᠢᠰᠢ᠃ ᠬᠤᠯᠢᠮᠠᠭ ᠭᠡᠯᠡ ᠣᠳᠤ ᠬᠠᠮᠢᠭ᠎ᠠ ᠴᠤ ᠪᠦᠷ ᠭᠠᠷᠴᠤ ᠪᠠᠢ᠌ᠨ᠎ᠠ᠃ ᠬᠠᠮᠤᠭ ᠮᠤᠩᠭ᠋ᠤᠯ ᠤᠨ ᠳᠤᠮᠳᠠ ᠳᠦᠭᠡᠭᠡᠵᠤ ᠪᠠᠢ᠌ᠨ᠎ᠠ᠃ ᠳᠠᠳᠠᠨᠤᠰ ᠬᠤᠷᠴᠢᠨ ᠭᠡᠯᠡ ᠪᠠᠨ ᠬᠠᠮᠠᠭᠠᠯᠠᠬᠤ ᠭᠡᠷᠡᠭ᠍ᠳᠡᠢ᠂ ᠬᠠᠳᠠᠭᠠᠯᠠᠬᠤ ᠭᠡᠷᠡᠭ᠍ᠳᠡᠢ᠃ ᠳᠠᠳᠠᠨᠤᠰ ᠬᠤᠷᠴᠢᠨ ᠭᠡᠯᠡ ᠪᠠᠷ ᠶᠢᠡᠨ ᠶᠠᠷᠢᠵᠤ ᠭᠢᠴᠢᠶᠠᠯᠯᠠᠵᠤ ᠪᠣᠯᠤᠨ᠎ᠠ᠃ ᠬᠤᠷᠴᠢᠨ ᠭᠡᠯᠡ ᠪᠠᠷ ᠶᠢᠡᠨ ᠶᠠᠷᠢᠵᠤ ᠭᠢᠴᠢᠶᠠᠯᠯᠠᠪᠠᠯ ᠳᠠᠨ ᠤ ᠰᠤᠷᠤᠭᠴᠢᠳ ᠤᠨ ᠰᠤᠷᠴᠤ ᠣᠢ᠌ᠯᠠᠭᠠᠬᠤ ᠳᠤ ᠣᠢ᠌ᠷ᠎ᠠ᠂ ᠳᠦᠳᠠ ᠪᠠᠢ᠌ᠬ᠎ᠠ︕ ᠪᠢᠳᠠ ᠣᠢ᠌ᠷ᠎ᠠ᠂ ᠳᠦᠳᠠ ᠵᠠᠮ ᠢ ᠨᠢ ᠣᠷᠢᠳᠠᠪᠠᠷ ᠶᠠᠪᠣᠶ᠎ᠠ᠃ ᠪᠠᠷᠢᠮᠵᠢᠶ᠎ᠠ ᠠᠪᠢᠶ᠎ᠠ ᠶᠢ ᠪᠠᠭ᠎ᠠ ᠪᠠᠭ᠎ᠠ ᠪᠠᠷ ᠠᠯᠭᠤᠷ ᠶᠢᠡᠷ ᠰᠤᠷᠴᠤ ᠭᠡᠷᠡᠭᠯᠡᠵᠤ ᠪᠣᠯᠤᠨ᠎ᠠ᠃ ᠨᠢᠭᠡᠯᠡ ᠳᠡᠭᠡᠷ᠎ᠡ ᠰᠤᠷᠤᠨ᠎ᠠ ᠭᠡᠵᠤ ᠶᠠᠭᠠᠷᠠᠵᠤ ᠪᠣᠯᠬᠤ ᠦᠭᠡᠶ》 ᠭᠡᠭᠦ ᠮᠠᠳᠤ ᠪᠠᠷ ᠬᠤᠷᠴᠢᠨ ᠭᠡᠯᠡ ᠶᠢ ᠬᠠᠮᠠᠭᠠᠯᠠᠬᠤ ᠰᠢᠭ᠂ ᠥᠮᠦᠭᠡᠷᠡᠭᠦ ᠰᠢᠭ᠌᠂ ᠳᠠᠳᠠᠨᠤᠰ ᠢ ᠳᠠᠢ᠌ᠤᠠᠬᠠᠷᠠᠭᠤᠯᠬᠤ ᠰᠢᠭ᠂ ᠵᠤᠷᠢᠭᠵᠢᠭᠤᠯᠬᠤ ᠰᠢᠭ ᠶᠠᠷᠢᠵᠤ 《ᠮᠡᠷᠭᠡᠯᠡᠵᠤ》 ᠭᠠᠷᠴᠤ ᠪᠢᠯᠠ︕ ᠳᠡᠭᠡᠭ᠍ᠰᠡᠨ ᠴᠤ ᠳᠠᠳᠠ ᠬᠤᠷᠴᠢᠨ ᠭᠡᠯᠡ ᠪᠠᠷ ᠭᠡᠯᠡᠵᠤ ᠶᠠᠷᠢᠵᠤ ᠭᠢᠴᠢᠶᠠᠯᠯᠠᠵᠤ ᠵᠢᠭᠠᠵᠤ ᠪᠠᠢ᠌ᠭ᠎ᠠ ᠳᠠᠭᠠᠨ ᠨᠠᠯᠢᠶᠠᠤᠨ ᠡᠭᠡᠳᠡᠷᠭᠡᠨ ᠲᠡᠶ ᠡᠷᠡᠭᠡᠯᠵᠡᠭᠡᠨ ᠲᠡᠶ ᠪᠠᠢ᠌ᠵᠠᠭᠠᠵᠤ ᠪᠠᠢ᠌ᠯ᠎ᠠ᠃

ᠥᠨᠡᠭᠡᠷ ᠪᠢᠳᠠ ᠶᠠᠮᠠᠷ ᠭᠡᠯᠡ ᠪᠠᠷ ᠭᠢᠴᠢᠶᠡᠯᠯᠡᠭ᠍ᠰᠡᠨ ᠴᠤ ᠬᠠᠮᠢᠶ᠎ᠠ ᠦᠭᠡᠶ᠂ ᠭᠢᠴᠢᠶᠠᠯ ᠭᠦᠮᠦᠵᠢᠯ ᠶᠢᠡᠨ ᠭᠢᠴᠢᠶᠠᠯ ᠭᠦᠮᠦᠵᠢᠯ ᠶᠠᠪᠣᠭᠳᠠᠭᠤᠯᠬᠤ ᠪᠠᠷᠢᠮᠵᠢᠶ᠎ᠠ ᠱᠠᠭᠠᠷᠳᠠᠯᠭ᠎ᠠ ᠶᠤᠰᠤᠭᠠᠷ ᠶᠢᠡᠨ ᠶᠠᠪᠣᠭᠳᠠᠭᠤᠯᠵᠤ ᠭᠦᠢᠴᠡᠳᠭᠡᠪᠠᠯ ᠪᠣᠯᠴᠢᠬᠠᠨ᠎ᠠ᠃ ᠬᠤᠯᠢᠮᠠᠭ ᠭᠡᠯᠡ ᠪᠠᠷ ᠭᠢᠴᠢᠶᠡᠯᠯᠡᠭᠦ ᠦᠭᠡᠶ᠂ ᠶᠠᠷᠢᠬᠤ ᠦᠭᠡᠶ ᠯᠠ ᠪᠣᠯ ᠪᠣᠯᠴᠢᠬᠠᠨ᠎ᠠ ᠰᠢᠤ︕

ᠳᠦᠡᠭᠯᠢᠶ‍ᠦᠤ ᠳᠤ ᠣᠴᠢᠭᠠᠤᠨ᠂ ᠪᠢᠳᠠ ᠥᠵᠡᠭ᠍ᠰᠡᠨ᠂ ᠰᠤᠨᠢᠷᠬᠠᠭᠰᠠᠨ ᠵᠣᠢ᠌ᠯᠠᠰ ᠣᠯᠠᠨ ᠰᠤᠷᠤᠭᠰᠠᠨ᠂ ᠰᠡᠳᠭᠢᠭ᠍ᠰᠡᠨ ᠵᠣᠢ᠌ᠯᠠᠰ ᠠᠷᠪᠢᠨ᠃ ᠳᠦᠡᠭᠯᠢᠶ‍ᠦᠤ ᠡᠴᠡ ᠪᠢᠳᠠ ᠰᠤᠷᠬᠤ᠂ ᠰᠤᠷᠤᠯᠴᠠᠬᠤ ᠵᠣᠢ᠌ᠯᠠᠰ ᠨᠠᠩ ᠴᠤ ᠣᠯᠠᠨ ᠠᠷᠪᠢᠨ᠃

ᠪᠢᠳᠠ ᠳᠦᠡᠭᠯᠢᠶ‍ᠦᠤ ᠶᠢᠨ ᠮᠤᠩᠭ᠋ᠤᠯ ᠰᠤᠷᠭᠠᠭᠤᠯᠢ ᠨᠤᠭᠤᠳ ᠤᠨ ᠰᠤᠷᠭᠠᠭᠤᠯᠢ ᠡᠷᠭᠢᠯᠡᠵᠤ ᠪᠠᠢ᠌ᠭ᠎ᠠ ᠬᠠᠷᠠᠯᠳᠠ ᠰᠠᠳᠭᠢᠴᠠ᠂ ᠬᠠᠮᠢᠶᠠᠷᠤᠯᠳᠠ ᠳᠤᠭᠢᠷᠠᠭᠤᠯᠤᠯᠳᠠ᠂ ᠣᠠᠴᠠᠯᠢᠭ ᠥᠪᠠᠷᠮᠢᠴᠢᠯᠢᠭ᠌ ᠢ ᠨᠢ ᠠᠩᠬᠠᠷᠤᠨ ᠰᠤᠷᠤᠯᠴᠠᠪᠠᠯ ᠵᠤᠭᠢᠰᠳᠠᠢ᠃ ᠳᠠᠳᠠᠨᠤᠰ ᠤᠨ ᠰᠤᠷᠭᠠᠭᠤᠯᠢ ᠡᠷᠭᠢᠯᠡᠭᠦ ᠬᠠᠷᠠᠯᠳᠠ ᠰᠠᠳᠭᠢᠴᠠ ᠳᠤᠳᠤ ᠦᠪᠡᠷ ᠤᠨ ᠦᠨᠳᠦᠰᠦᠳᠠᠨ ᠤ ᠭᠡᠯᠡ ᠪᠠᠷ ᠭᠢᠴᠢᠶᠠᠯᠯᠠᠵᠤ᠂ ᠦᠷᠡᠰ ᠬᠣᠢ᠌ᠴᠢᠰ ᠲᠠᠭᠠᠨ ᠡᠷᠳᠡᠮ ᠮᠡᠳᠡᠯᠭᠡ ᠶᠢ ᠭᠦᠢᠴᠡᠳ ᠡᠵᠡᠮᠰᠢᠭᠦᠯᠵᠤ᠂ ᠦᠨᠳᠦᠰᠦᠳᠠᠨ ᠤ ᠪᠠᠨ ᠦᠪ ᠰᠤᠶᠤᠯ ᠢ ᠬᠠᠢ᠌ᠷᠠᠯᠠᠨ ᠬᠠᠮᠠᠭᠠᠯᠠᠨ᠎ᠠ᠂ ᠬᠠᠳᠠᠭᠠᠯᠠᠨ ᠭᠦᠭ᠍ᠵᠢᠭᠦᠯᠦᠨ᠎ᠡ᠃ ᠳᠠᠳᠠᠨ ᠤ ᠰᠤᠷᠭᠠᠭᠤᠯᠢ ᠪᠦᠷᠢ ᠶᠢᠨ ᠬᠠᠮᠢᠶᠠᠷᠤᠯᠳᠠ ᠳᠤᠭᠢᠷᠠᠭᠤᠯᠤᠯᠳᠠ ᠲᠦᠪ ᠴᠢᠩᠭ᠋᠎ᠠ᠂ ᠡᠪᠯᠢᠭ᠌ ᠳᠤᠭᠢᠷᠠᠮᠵᠢᠳᠠᠢ ᠭᠦᠮᠤᠨ ᠪᠦᠭᠦᠨ ᠤ ᠡᠭᠦᠷᠭᠡ ᠬᠠᠷᠢᠭᠤᠴᠠᠯᠭ᠎ᠠ ᠳᠤᠳᠤᠷᠬᠠᠢ᠂ ᠦᠵᠡᠯᠳᠠ ᠪᠠᠷᠢᠮᠳᠠᠯᠠᠯ ᠰᠢᠨᠠᠪᠳᠤᠷ᠂ ᠣᠷᠮ᠎ᠠ ᠴᠤᠭ ᠭᠦᠭ᠍ᠵᠢᠩᠭᠦᠢ᠃ ᠳᠠᠳᠠᠨ ᠤ ᠰᠤᠷᠭᠠᠭᠤᠯᠢ ᠪᠦᠷᠢ ᠶᠢᠨ ᠣᠠᠴᠠᠯᠢᠭ ᠥᠪᠠᠷᠮᠢᠴᠢᠯᠢᠭ᠌ ᠳᠤᠪᠣᠢ᠌ᠮ᠎ᠠ ᠦᠨᠳᠦᠰᠦᠳᠠᠨ ᠤ ᠪᠠᠨ ᠥᠭᠡ ᠭᠡᠯᠡ᠂ ᠵᠠᠩ ᠵᠠᠩᠰᠢᠯ᠂ ᠵᠢᠷᠤᠭ ᠣᠷᠠᠯᠠᠯ ᠶᠢᠡᠷ ᠰᠤᠷᠭᠠᠭᠤᠯᠢ ᠪᠦᠷᠢ ᠶᠢᠨ ᠶᠢᠡᠨ ᠠᠯᠢᠪᠠ ᠶᠢ ᠴᠢᠮᠠᠵᠤ᠂ ᠦᠷ᠎ᠡ ᠬᠣᠢ᠌ᠴᠢᠰ ᠲᠠᠭᠠᠨ ᠦᠨᠳᠦᠰᠦᠳᠠᠨ ᠭᠡᠭ᠍ᠴᠢ ᠶᠠᠮᠠᠷ᠂ ᠥᠭᠡ ᠭᠡᠯᠡ᠂ ᠥᠰᠦᠭ᠌ ᠪᠢᠴᠢᠭ᠌᠂ ᠦᠨᠳᠦᠰᠦᠳᠠᠨ ᠤ ᠣᠠᠴᠠᠯᠢᠭ ᠭᠡᠭ᠍ᠴᠢ ᠶᠠᠭᠤ ᠶᠢ ᠥᠵᠡᠭᠦᠯᠵᠤ ᠳᠠᠨᠢᠭᠤᠯᠤᠨ᠎ᠠ᠂ ᠥᠯᠢᠭᠡᠷᠯᠡᠵᠤ ᠰᠤᠷᠭᠠᠨ᠎ᠠ᠃ ᠡᠨᠡ ᠪᠣᠯ ᠳᠦᠡᠭᠯᠢᠶ‍ᠦᠤ ᠶᠢᠨ ᠮᠤᠩᠭ᠋ᠤᠯ ᠰᠤᠷᠭᠠᠭᠤᠯᠢ ᠨᠤᠭᠤᠳ ᠤᠨ ᠰᠤᠷᠭᠠᠭᠤᠯᠢ ᠡᠷᠭᠢᠯᠡᠭᠦ ᠬᠠᠷᠠᠯᠳᠠ ᠰᠠᠳᠭᠢᠴᠠ᠂ ᠬᠠᠮᠢᠶᠠᠷᠤᠯᠳᠠ ᠳᠤᠭᠢᠷᠠᠭᠤᠯᠤᠯᠳᠠ᠂ ᠣᠠᠴᠠᠯᠢᠭ ᠥᠪᠠᠷᠮᠢᠴᠢᠯᠢᠭ᠌᠃ ᠪᠢᠳᠠ ᠡᠨᠡ ᠪᠦᠭᠦᠨ ᠢ ᠠᠩᠬᠠᠷᠤᠯ ᠳᠠᠭᠠᠨ ᠠᠪᠴᠤ᠂ ᠲᠠᠭᠠᠨ ᠰᠤᠷᠴᠤ᠂ ᠦᠪᠡᠷ ᠤᠨ ᠰᠤᠷᠭᠠᠭᠤᠯᠢ ᠶᠢᠨ ᠶᠢᠡᠨ ᠦᠪᠡᠷ ᠤᠨ ᠭᠡᠰᠡᠨ ᠰᠤᠷᠭᠠᠭᠤᠯᠢ ᠡᠷᠭᠢᠯᠡᠭᠦ ᠦᠵᠡᠯᠳᠠ ᠳᠠᠨᠢᠯᠳᠠ᠂ ᠬᠠᠷᠠᠯᠳᠠ ᠵᠤᠷᠢᠯᠳᠠ᠂ ᠬᠠᠮᠢᠶᠠᠷᠤᠯᠳᠠ ᠳᠤᠭᠢᠷᠠᠭᠤᠯᠤᠯᠳᠠ᠂ ᠣᠠᠴᠯᠢᠭ ᠥᠪᠠᠷᠮᠢᠴᠢᠯᠢᠭ᠌ ᠢ ᠪᠣᠢ ᠪᠣᠯᠭᠠᠪᠠᠯ ᠵᠤᠭᠢᠨ᠎ᠠ᠃

ᠪᠢᠳᠠ ᠳᠦᠡᠭᠯᠢᠶ‍ᠦᠤ ᠶᠢᠨ ᠮᠤᠩᠭ᠋ᠤᠯ ᠰᠤᠷᠭᠠᠭᠤᠯᠢ ᠨᠤᠭᠤᠳ ᠤᠨ ᠳᠠᠰᠪᠣᠷᠢ ᠬᠠᠳᠠᠭᠤᠵᠢᠯᠳᠠᠢ ᠪᠠᠷ ᠳᠡᠮᠡᠴᠡᠭᠦ ᠵᠤᠷᠢᠭ ᠰᠠᠨᠠᠭ᠎ᠠ ᠶᠢ ᠭᠢᠴᠢᠶᠠᠨ ᠰᠤᠷᠤᠯᠴᠠᠪᠠᠯ ᠵᠤᠭᠢᠨ᠎ᠠ᠃ ᠳᠠᠳᠠᠨ ᠤ ᠰᠤᠷᠤᠭᠴᠢ ᠣᠯᠠᠨ᠂ ᠰᠤᠷᠤᠯᠴᠠᠬᠤ ᠣᠷᠴᠢᠨ ᠪᠠᠷᠤᠭᠳᠠᠢ ᠪᠠᠭᠰᠢ ᠨᠡᠷ ᠤᠨ ᠭᠦᠯᠦᠰᠤ ᠣᠯᠭᠤᠮᠵᠢ ᠳᠤᠤᠷ᠎ᠠ᠂ ᠡᠭᠦᠷᠭᠡ ᠳᠠᠷᠤᠭᠠᠰᠤ ᠭᠦᠡᠳᠤ᠃ ᠭᠡᠪᠠᠴᠤ ᠳᠠᠳᠠ ᠦᠨᠳᠦᠰᠦᠳᠠᠨ ᠤ ᠪᠠᠨ ᠦᠷ᠎ᠡ ᠬᠣᠢ᠌ᠴᠢᠰ ᠢ ᠭᠦᠮᠤᠨ ᠪᠣᠯᠭᠠᠨ᠎ᠠ᠂ ᠭᠦᠮᠦᠵᠢᠯ ᠪᠦᠷᠢᠨ ᠭᠦᠷᠳᠡᠭᠡᠨ᠎ᠡ ᠬᠤᠯᠠ ᠶᠠᠪᠣᠭᠤᠯᠤᠨ᠎ᠠ᠂ ᠬᠤᠤᠰ ᠦᠭᠡᠶ ᠴᠢᠳᠠᠪᠣᠷᠢᠳᠠᠨ ᠪᠣᠯᠭᠠᠨ᠎ᠠ ᠭᠡᠳ ᠥᠭᠡ ᠳᠠᠭᠤ ᠦᠭᠡᠶ ᠪᠠᠷ ᠮᠠᠷᠠᠢ᠌ᠨ ᠵᠢᠦᠡᠭᠦᠵᠤ ᠯᠠ ᠪᠠᠢ᠌ᠨ᠎ᠠ᠂ ᠦᠰᠦ ᠪᠠᠨ ᠴᠠᠢ᠌ᠳᠠᠯ᠎ᠠ ᠮᠠᠬᠠᠷᠠᠨ ᠳᠠᠮᠠᠴᠠᠵᠤ ᠯᠠ ᠪᠠᠢ᠌ᠨ᠎ᠠ᠃ ᠡᠨᠡ ᠵᠤᠷᠢᠭ ᠰᠠᠨᠠᠭ᠎ᠠ ᠠᠭᠤᠤ ᠶᠡᠭᠡ ᠵᠤᠷᠢᠭ ᠰᠠᠨᠠᠭ᠎ᠠ ᠡᠨᠡ ᠵᠤᠷᠢᠭ ᠰᠠᠨᠠᠭ᠎ᠠ ᠠᠯᠳᠠᠷ ᠭᠦᠡᠳᠦᠳᠡᠢ ᠵᠤᠷᠢᠭ ᠰᠠᠨᠠᠭ᠎ᠠ ᠡᠨᠡ ᠵᠤᠷᠢᠭ ᠰᠠᠨᠠᠭ᠎ᠠ ᠪᠢᠳᠠᠨ ᠪᠦᠭᠦᠨ ᠳᠤ ᠭᠡᠷᠡᠭ᠌ ᠲᠡᠶ ᠵᠤᠷᠢᠭ ᠰᠠᠨᠠᠭ᠎ᠠ ᠡᠨᠡ ᠵᠤᠷᠢᠭ ᠰᠠᠨᠠᠭ᠎ᠠ ᠪᠢᠳᠠ ᠪᠦᠭᠦᠨ ᠢ ᠭᠢᠴᠢᠶᠠᠨ ᠳᠠᠪᠰᠢᠭᠤᠯᠬᠤ ᠵᠤᠷᠢᠭ ᠰᠠᠨᠠᠭ᠎ᠠ᠃

ᠪᠢᠳᠠ ᠳᠦᠡᠭᠯᠢᠶ‍ᠦᠤ ᠶᠢᠨ ᠮᠤᠩᠭ᠋ᠤᠯ ᠰᠤᠷᠭᠠᠭᠤᠯᠢ ᠨᠤᠭᠤᠳ ᠡᠴᠡ ᠰᠤᠷᠴᠤ᠂ ᠰᠤᠷᠤᠯᠴᠠᠬᠤ ᠶᠠᠭᠤᠮ᠎ᠠ ᠥᠨᠡᠭᠡᠷ ᠣᠯᠠᠨ︕ ᠁ ᠰᠤᠷᠬᠤ᠂ ᠰᠤᠷᠤᠯᠴᠠᠬᠤ ᠴᠢᠬᠤᠯᠠ ᠲᠡᠶ ᠵᠣᠢ᠌ᠯᠠᠰ ᠢ ᠨᠢ ᠪᠢᠳᠠ ᠰᠤᠷᠴᠤ᠂ ᠰᠤᠷᠤᠯᠴᠠᠵᠤ ᠯᠠ ᠶᠠᠪᠣᠶ᠎ᠠ︕ ᠳᠠᠷᠠ ᠪᠦᠭᠦᠨ ᠴᠦᠮ ᠪᠢᠳᠠᠨ ᠳᠤ ᠠᠰᠢᠭᠳᠠᠢ ᠶᠤᠮ᠂ ᠭᠡᠷᠡᠭ᠍ᠴᠡᠭᠡᠳᠡᠢ ᠶᠤᠮ︕


2008 ᠣᠨ ᠤ 11 ᠳ᠋ᠦᠭᠡᠷ ᠰᠠᠷ᠎ᠠ ᠶᠢᠨ 17 ᠊ᠤ ᠦᠳᠡᠰᠢ᠂ ᠬᠦᠬᠡᠬᠤᠲᠠᠨ᠎ᠡ

ᠬᠠᠶ‍ᠢᠭ ᠄ ᠬᠦᠬᠡᠬᠤᠲᠠ ᠶᠢᠨ ᠭᠢᠩᠭ᠋ᠠᠨ ᠵᠠᠮ ᠤᠨ ᠦᠨᠳᠦᠰᠦᠳᠠᠨ ᠤ ᠪᠠᠭ᠎ᠠ ᠰᠤᠷᠭᠠᠭᠤᠯᠢ

ᠵᠤᠬᠢᠶᠠᠭᠴᠢ᠄ ᠭᠦᠷᠵᠡᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠥᠭᠥᠯᠡᠯ ᠰᠢᠭᠦᠮᠵᠢ
ᠳᠠᠷᠤᠮ᠄ 5079
ᠴᠠᠭ᠄ 2008 ᠤᠨ ᠤ 12 ᠰᠠᠷ᠎ᠠ ᠶᠢᠨ 30
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁