ᠮᠦᠩᠬᠡ ᠭᠠᠯ ᠳᠤ ᠲᠤᠰᠤ ᠨᠡᠮᠡᠬᠦ ᠪᠡᠷ ᠢᠷᠡᠯ᠎ᠡ

ᠴᠠᠮᠴᠠ ᠵᠤᠵᠠᠭᠠᠨ ᠮᠤᠩᠭ᠋ᠤᠯ ᠭᠡᠷ ᠶᠢᠡᠨ

ᠴᠠᠭ ᠤᠨ ᠥᠩᠭᠡ ᠪᠠᠷ ᠴᠢᠮᠡᠭ᠍ᠰᠡᠨ

ᠴᠠᠢ᠌ᠳᠠᠮ ᠨᠤᠳᠤᠭ ᠲᠤ ᠠᠢ᠌ᠯᠴᠢᠯᠠᠬᠤ ᠪᠠᠷ ᠢᠷᠠᠯ᠎ᠠ

ᠴᠡᠯᠮᠡᠭ᠌ ᠳᠡᠭ᠍ᠷᠢ ᠳ᠋ᠤᠨᠢ ᠡᠭᠦᠯᠡ ᠭᠦᠪᠦᠯᠵᠡᠵᠤ

ᠴᠡᠴᠡᠭ᠍ᠳᠤ ᠳᠠᠯ᠎ᠠ ᠳ᠋ᠤᠨᠢ ᠰᠥᠷᠦᠭ᠌ ᠪᠠᠯᠴᠢᠭ᠍ᠰᠡᠨ

ᠴᠡᠯᠡᠭᠡᠷ ᠨᠤᠳᠤᠭ ᠤᠨ ᠦᠵᠡᠮᠵᠢ ᠶᠢ ᠰᠤᠨᠢᠷᠬᠠᠬᠤ ᠪᠠᠷ ᠢᠷᠠᠯ᠎ᠠ

ᠴᠠᠪᠠᠷ ᠠᠷᠢᠭᠤᠨ ᠮᠤᠩᠭ᠋ᠤᠯ ᠵᠠᠩᠰᠢᠯ ᠶᠢᠡᠨ

ᠴᠡᠭᠡᠵᠢᠨ ᠣᠭ ᠡᠴᠡ ᠪᠠᠨ ᠳᠡᠭᠡᠳᠦᠯᠡᠨ ᠰᠢᠳᠤᠵᠤ

ᠴᠠᠭᠯᠠᠰᠢ ᠦᠭᠡᠶ ᠶᠡᠭᠡ ᠳᠡᠦᠭᠡ ᠰᠤᠶᠤᠯ ᠲᠡᠶ

ᠣᠳᠤᠮ ᠣᠭᠰᠠᠭᠠᠨ ᠤ ᠣᠩᠭ᠋ᠤᠨ ᠰᠢᠳᠦᠭᠡᠨ

ᠡᠪᠦᠭᠡ ᠳᠡᠭᠡᠳᠦᠰ ᠡᠴᠡ ᠣᠠᠯᠠᠮᠵᠢᠯᠠᠭᠰᠠᠨ

ᠭᠠᠯ ᠭᠤᠯᠤᠮᠳᠠ ᠳᠠᠭᠠᠨ ᠮᠥᠷᠭᠦᠭᠦ ᠪᠠᠷ ᠢᠷᠠᠯ᠎ᠠ

ᠳᠤᠯᠭ᠎ᠠ ᠶᠢᠨ ᠭᠤᠷᠪᠠᠨ ᠴᠢᠯᠠᠭᠤᠨ ᠳᠠᠭᠠᠨ

ᠳᠤᠭᠤᠵᠢ ᠨᠠᠮᠳᠠᠷ ᠤᠨ ᠵᠤᠵᠠᠭᠠᠨ ᠦᠪ ᠲᠡᠶ

ᠮᠥᠩᠭᠡ ᠭᠠᠯ ᠭᠤᠯᠤᠮᠳᠠ ᠳᠠᠭᠠᠨ

ᠵᠠᠯᠢ ᠨᠡᠮᠡᠭᠦ ᠪᠠᠷ ᠢᠷᠠᠯ᠎ᠠ

ᠮᠥᠷᠥᠢᠴᠡᠭᠡᠨ ᠲᠡᠶ ᠡᠨᠡ ᠮᠥᠩᠭᠦᠨ ᠪᠦᠮᠪᠦᠷᠴᠡᠭ᠌ ᠤᠨ

ᠮᠦᠰᠤ ᠲᠡᠶ ᠭᠦᠢᠳᠡᠨ ᠰᠢᠭᠤᠷᠭ᠎ᠠ ᠰᠠᠯᠭᠢᠨ ᠳᠤ

ᠮᠥᠭᠦᠵᠤ ᠦᠨᠳᠦᠰᠦ ᠨᠢ ᠬᠤᠭᠤᠷᠠᠭ᠎ᠠ ᠦᠭᠡᠶ

ᠮᠥᠩᠭᠡ ᠶᠢᠨ ᠡᠨᠡ ᠡᠭᠡ ᠭᠡᠯᠡᠨ ᠳᠡᠭᠡᠨ

ᠮᠦᠨᠳᠤᠷ ᠬᠤᠷ᠎ᠠ ᠰᠢᠭ ᠠᠮᠢᠯᠠᠯ ᠤᠨ ᠭᠦᠴᠤᠨ ᠲᠡᠶ

ᠮᠥᠩᠭᠡ ᠭᠠᠯ ᠰᠤᠶᠤᠯ ᠶᠢᠡᠨ

ᠳᠤᠭᠤᠰᠤ ᠠᠳᠠᠯᠢ ᠵᠠᠮᠬᠠᠷᠠᠭᠤᠯᠬᠤ ᠦᠭᠡᠶ

ᠳᠤᠰᠤ ᠨᠠᠮᠠᠵᠤ ᠥᠯᠢᠶᠡᠭᠦ ᠪᠠᠷ ᠢᠷᠠᠯ᠎ᠠ

ᠬᠠᠷᠢ ᠭᠦᠷᠤᠨ ᠤ ᠭᠡᠯᠡᠨ ᠤ ᠥᠷᠢᠰᠦᠯᠳᠦᠭᠡᠨ ᠲᠡᠶ

ᠬᠠᠳᠠᠭᠤ ᠭᠡᠴᠡᠭᠦᠤ ᠡᠷᠡᠨ ᠤ ᠰᠢᠯᠭᠠᠯᠳᠠ ᠳᠤ

ᠬᠠᠢ᠌ᠷᠠᠳᠤ ᠮᠤᠩᠭ᠋ᠤᠯ ᠡᠭᠡ ᠭᠡᠯᠡ ᠪᠠᠨ

ᠬᠠᠶᠠᠵᠤ ᠭᠡᠭᠡᠭᠡᠤᠨ ᠣᠰᠤᠳᠤᠭ᠎ᠠ ᠦᠭᠡᠶ

ᠬᠠᠮᠤᠭ ᠮᠤᠩᠭ᠋ᠤᠯ ᠳᠠ ᠪᠦᠭᠦᠨ ᠤ

ᠬᠠᠳᠠᠨ ᠪᠠᠭᠠᠳᠤᠷ ᠰᠦᠰᠦ ᠵᠤᠷᠢᠭ ᠢ ᠪᠢᠰᠢᠷᠡᠭᠡᠤᠨ ᠢᠷᠠᠯ᠎ᠠ

ᠳᠦᠷᠪᠡᠨ ᠵᠥᠭ᠌ ᠨᠢ᠋ᠮᠠᠨ ᠵᠤᠪᠭᠢᠰ ᠡᠴᠡ

ᠳᠦᠷᠦᠭᠡ ᠵᠢᠭᠢᠨ ᠵᠢᠯᠤᠭᠤ ᠬᠤᠯᠪᠣᠵᠤ

ᠮᠥᠩᠭᠡ ᠭᠠᠯ ᠰᠤᠶᠤᠯ ᠶᠢᠡᠨ ᠵᠤᠷᠢᠭᠠᠤᠨ ᠢᠷᠡᠭ᠍ᠰᠡᠨ

ᠮᠤᠩᠭ᠋ᠤᠯ ᠠᠬ᠎ᠠ ᠳᠡᠭᠦᠤ ᠳᠠᠨᠠᠷ ᠤᠨ

ᠣᠭᠠᠯᠵᠠ ᠭᠡ ᠣᠷᠠᠯᠠᠭᠰᠠᠨ

ᠣᠷᠠᠯᠢᠭ ᠪᠦᠳᠦᠭᠡᠯ ᠢ ᠭᠠᠢ᠌ᠬᠠᠬᠤ ᠪᠠᠷ ᠢᠷᠠᠯ᠎ᠠ

ᠠᠭᠤᠯᠠ ᠶᠢᠨ ᠰᠤᠭᠤ ᠣᠶᠠᠷᠠᠭᠠᠤᠨ ᠡᠷᠭᠢᠮᠡᠷ

ᠣᠷᠳᠤ ᠶᠢᠨ ᠳᠠᠭᠤᠤ ᠶᠢ ᠰᠤᠨᠤᠰᠬᠤ ᠪᠠᠷ ᠢᠷᠠᠯ᠎ᠠ

ᠢᠷᠡᠭᠡᠳᠦᠢ ᠠᠯᠤᠰ ᠶᠢᠡᠨ ᠵᠥᠩᠨᠡᠭ᠍ᠰᠡᠨ

ᠢᠷᠦᠭᠡᠯ ᠮᠠᠭᠳᠠᠭᠠᠯ ᠢ ᠪᠠᠬᠠᠷᠬᠠᠬᠤ ᠪᠠᠷ ᠢᠷᠠᠯ᠎ᠠ

ᠠᠢ᠌ᠷᠠᠭ ᠰᠢᠭ ᠱᠤᠤᠭᠢᠵᠤ

ᠠᠮᠢᠯᠠᠯ ᠶᠢᠡᠷ ᠪᠢᠯᠬᠠᠭᠰᠠᠨ

ᠢᠷᠠᠭᠤ ᠨᠠᠢ᠌ᠷᠠᠭ ᠲᠤ ᠰᠤᠭᠳᠤᠭᠤᠷᠠᠬᠤ ᠪᠠᠷ

ᠢᠴᠢᠭᠡ ᠰᠤᠮᠤᠨ ᠳᠤ ᠢᠷᠠᠯ᠎ᠠ

ᠳᠡᠨᠢᠭᠡᠷ ᠳᠠᠯ᠎ᠠ ᠰᠢᠭ ᠠᠭᠤᠵᠢᠮ ᠰᠠᠤᠠᠭᠢᠯᠳᠤ

ᠳᠡᠭ᠍ᠷᠢᠯᠢᠭ᠌ ᠮᠤᠩᠭ᠋ᠤᠯ ᠳᠠᠨᠠᠷ ᠲᠡᠶ ᠪᠠᠨ ᠵᠢᠰᠤ ᠪᠠᠷ ᠶᠢᠡᠨ ᠪᠢᠰᠢ

ᠵᠢᠷᠦᠭᠡ ᠪᠠᠷ ᠶᠢᠡᠨ ᠳᠠᠨᠢᠯᠴᠠᠬᠤ ᠪᠠᠷ ᠢᠷᠠᠯ᠎ᠠ

ᠨᠠᠶᠠᠨ ᠨᠢᠭᠡᠨ ᠰᠦᠯᠵᠢᠶ᠎ᠠ ᠴᠡᠴᠡᠭ᠌ ᠰᠢᠭ᠌

ᠨᠠᠰᠤ ᠬᠤᠷᠠᠭ ᠳᠠᠨᠠᠷ ᠲᠡᠶ ᠪᠠᠨ ᠬᠠᠮᠳᠤ

ᠨᠠᠢ᠌ᠷᠠᠭ ᠤᠨ ᠢᠯᠴᠢ ᠲᠡᠶ ᠡᠨᠡ ᠭᠠᠯ ᠳᠤ

ᠳᠤᠯᠠᠭᠠᠴᠠᠬᠤ ᠪᠠᠷ ᠢᠷᠠᠯ᠎ᠠ︕


ᠵᠤᠬᠢᠶᠠᠭᠴᠢ᠄ ᠶᠢ᠊·ᠴᠠᠰᠤᠨᠬᠤᠸᠠᠷ
ᠬᠠᠷᠢᠶ᠎ᠠ᠄ ᠰᠢᠯᠦᠭ
ᠳᠠᠷᠤᠮ᠄ 2324
ᠴᠠᠭ᠄ 2006 ᠤᠨ ᠤ 10 ᠰᠠᠷ᠎ᠠ ᠶᠢᠨ 07