ᠪᠦᠰᠡᠭᠦᠢ᠌ᠴᠦᠳ ᠲᠡᠭᠡᠨ ᠣᠷᠮ᠎ᠠ ᠬᠠᠢ᠌ᠷᠠᠯᠠᠵᠤ ᠰᠤᠷᠤᠭᠠᠷᠠᠢ
᠊᠊᠊᠊᠊᠊᠊᠊᠊᠊᠊᠊᠊᠊᠊ 2009 ᠣᠨ ᠤ ᠳᠡᠯᠡᠭᠡᠢ ᠶᠢᠨ ᠡᠮᠡᠭ᠍ᠳᠡᠢ᠌ᠴᠦᠳ ᠤᠨ ᠪᠠᠶᠠᠷ ᠲᠤ

ᠮᠠᠷᠲ᠋ ᠶᠢᠨ ᠨᠢ᠋ᠮᠠ ᠳᠤ ᠯᠠ ᠪᠢᠰᠢ ᠥᠷᠭᠦᠯᠵᠢ ᠳᠡᠭᠡᠨ ᠪᠦᠰᠡᠭᠦᠢ᠌ᠴᠦᠳ ᠲᠡᠭᠡᠨ ᠣᠷᠮ᠎ᠠ ᠬᠠᠢ᠌ᠷᠠᠯᠠᠵᠤ ᠪᠠᠢ᠌ᠭᠠᠷᠠᠢ ᠭᠡᠵᠤ ᠭᠡᠯᠡᠭᠦ ᠳᠤ ᠢᠯᠡᠭᠦᠳᠡᠮᠡᠷ ᠭᠠᠵᠠᠷ ᠠᠯᠠᠭ᠎ᠠ᠃ ᠡᠷᠡᠴᠦᠦᠯ ᠢ ᠡᠷᠭᠡ ᠬᠤᠩᠭ᠋ᠤᠷ ᠠᠭᠠᠰᠢ ᠪᠠᠷ ᠶᠢᠡᠨ ᠣᠶᠠᠷᠠᠭᠠᠨ ᠨᠢᠯᠬᠠᠷᠠᠭᠤᠯᠬᠤ ᠳ᠋ᠤᠨᠢ ᠯᠠ ᠳᠡᠭᠡᠳᠤ ᠳᠡᠭ᠍ᠷᠢ ᠶᠢᠨ ᠭᠡᠰᠢᠭ᠌ ᠭᠦᠷᠳᠡᠭᠡᠭᠡᠭᠦ ᠰᠢᠭ᠌ ᠴᠠᠭ ᠬᠤᠷᠤᠮ ᠤᠨ ᠣᠷᠮ᠎ᠠ ᠬᠠᠢ᠌ᠷᠠᠯᠠᠬᠤ ᠶᠢᠨ ᠳᠠᠭᠢᠶᠠᠨ ᠬᠠᠷᠠᠩ ᠪᠣᠳᠤᠯ ᠶᠢᠡᠨ ᠣᠭᠢᠶᠠᠨ ᠠᠷᠢᠭᠤᠤᠬᠠᠬᠤ ᠶᠢ ᠪᠣᠳᠤᠯᠳᠠᠢ ᠭᠡᠵᠤ ᠡᠷ᠎ᠡ ᠭᠦᠢᠰᠦᠳᠡᠨ ᠳᠤ ᠰᠠᠨᠠᠭᠤᠯᠬᠤ ᠮᠢᠨᠢ ᠠᠵᠠ ᠲᠡᠶ᠃ 《ᠬᠠᠶᠠ ᠨᠢᠭᠡ ᠬᠠᠯᠠᠮᠴᠠᠭᠤᠬᠠᠨ ᠢᠷᠡᠭᠦ ᠳ᠋ᠤᠨᠢ᠁》 ᠭᠡᠵᠤ ᠮᠥᠩᠭᠡ ᠶᠢᠨ ᠪᠢᠯᠢᠭ᠍ᠰᠠᠢ᠌ᠬᠠᠨ ᠭᠤᠸᠠᠢ ᠡᠷᠡᠴᠦᠦᠯ ᠶᠢᠡᠨ ᠥᠮᠦᠭᠯᠡᠵᠤ ᠪᠢᠴᠢᠭ᠍ᠰᠡᠨ ᠢ ᠨᠢ ᠪᠦᠰᠡᠭᠦᠢ᠌ᠴᠦᠳ ᠭᠡᠳ ᠰᠤᠯᠢᠭᠠᠤᠨ ᠪᠣᠳᠤᠬᠤ ᠳᠤ ᠭᠡᠯᠡ ᠠᠮᠠᠨ ᠳᠤ ᠳᠤᠷᠬᠤ ᠵᠣᠢ᠌ᠯ ᠪᠠᠢ᠌ᠳᠠᠭ ᠦᠭᠡᠶ᠂ ᠪᠦᠰᠡᠭᠦᠢ᠌ᠴᠦᠳ ᠬᠠᠯ ᠭᠡᠳᠡᠯ᠎ᠡ ᠣᠤᠭᠤᠭᠠᠤᠨ᠂ ᠬᠠᠢ᠌ᠷ᠎ᠠ ᠶᠢᠨ ᠳᠠᠭᠤᠤ ᠠᠶᠠᠯᠵᠤ ᠢᠷᠡᠭᠦ ᠳᠤ᠂ ᠡᠷᠡᠴᠦᠦᠯ ᠡᠷᠡᠢ᠌ᠭ᠍ᠰᠡᠨ ᠨᠢᠳᠤ ᠥᠵᠡᠭᠦᠯᠦᠯ ᠦᠭᠡᠶ᠂ ᠬᠠᠯᠠᠭᠤᠨ ᠴᠠᠢ ᠶᠢ ᠭᠡᠯᠡᠯ ᠦᠭᠡᠶ ᠬᠠᠷ᠎ᠠ ᠣᠰᠤ ᠣᠢ᠌ᠷᠠᠳᠤᠭᠤᠯᠬᠤ ᠳᠤ ᠴᠢᠨᠢ ᠪᠠᠶᠠᠷᠯᠠᠳᠠᠭ ᠳ᠋ᠠ᠃

ᠰᠤᠭᠳᠤ︕ ᠪᠦᠰᠡᠭᠦᠢ᠌ᠴᠦᠳ ᠮᠢᠨᠢ᠂ ᠰᠤᠭᠳᠤᠬᠤ ᠦᠭᠡᠶ ᠶᠠᠭᠠᠭᠢᠬᠤ ᠪᠣᠢ︕ ᠰᠤᠭᠳᠤᠬᠤ ᠭᠡᠳᠡᠭ᠌ ᠨᠢ ᠡᠷᠡᠴᠦᠦᠯ ᠤᠨ ᠳᠤᠰᠬᠠᠢ ᠠᠰᠢᠭ ᠴᠤ ᠪᠢᠰᠢ᠂ ᠭᠡᠷ ᠶᠢᠡᠨ ᠰᠠᠭᠢᠵᠤ᠂ ᠵᠤᠤᠬ᠎ᠠ ᠪᠠᠨ ᠳᠤᠭᠤᠷᠢᠭᠰᠠᠨ ᠠᠮᠢᠳᠤᠷᠠᠯ ᠢ ᠮᠢᠨᠤ ᠡᠵᠢ ᠰᠢᠭ᠌ ᠪᠦᠰᠡᠭᠦᠢᠴᠦᠳ ᠳᠤᠷᠭᠠᠨ ᠮᠦᠷᠤ ᠪᠠᠷ ᠶᠢᠡᠨ ᠳᠡᠩᠨᠡᠭᠡᠳ ᠥᠩᠭᠡᠷᠡᠭᠦᠯᠦᠴᠢᠭᠡᠯ᠎ᠡ᠂ ᠳᠠᠳᠠ ᠭᠡᠵᠤ ᠦᠷᠦᠪᠳᠠᠯᠳᠠᠢ᠂ ᠭᠦᠭᠡᠷᠦᠭᠦᠢ᠌ᠯᠡᠯᠳᠡᠢ᠂ ᠳᠦᠷᠦᠭ᠍ᠰᠡᠨ ᠴᠠᠭ ᠦᠶ᠎ᠡ ᠶᠢᠨ ᠶᠢᠡᠨ ᠥᠷᠡᠭ᠍ᠳᠡᠯ ᠰᠢᠤ ᠳ᠋ᠠ︕ ᠭᠡᠳᠡᠯ᠎ᠡ ᠰᠢᠨ᠎ᠠ ᠣᠷᠤᠰᠬᠠᠯᠳᠤ᠂ ᠰᠢᠨ᠎ᠠ ᠭᠦᠰᠡᠯᠳᠤ ᠰᠠᠢ᠌ᠬᠠᠨ ᠴᠠᠭ ᠲᠤ ᠦᠰᠴᠦ ᠭᠦᠮᠦᠵᠢᠭ᠍ᠰᠡᠨ ᠪᠦᠰᠡᠭᠦᠢ᠌ᠴᠦᠳ ᠭᠡᠳᠡᠭ᠌ ᠳᠤᠭᠤᠨᠤᠳᠤ ᠭᠡᠷ ᠢ ᠳᠤᠯᠵᠤ ᠶᠠᠪᠣᠬᠤ ᠶᠢᠨ ᠣᠷ᠎ᠠ ᠣᠬᠠᠭᠠᠨ᠂ ᠳᠤᠳᠤᠷ ᠳᠠᠮᠢᠷ᠂ ᠴᠢᠨᠠᠷ ᠮᠦᠰᠤ ᠶᠢ ᠴᠠᠭ ᠦᠶ᠎ᠡ ᠶᠢᠨ ᠶᠢᠡᠨ ᠭᠠᠯᠪᠢᠷ ᠲᠡᠶ ᠴᠤᠭ ᠥᠪᠯᠡᠭᠦ ᠶᠢᠨ ᠳᠠᠪᠢᠯᠠᠩ ᠲᠤᠬᠢᠶᠠᠯᠳᠤᠯ ᠲᠡᠶ ᠵᠠᠶᠠᠭᠠᠭᠰᠠᠨ ᠪᠣᠯᠬᠤᠷ᠂ ᠭᠡᠨ ᠨᠢᠭᠡᠨ ᠢ ᠴᠢᠷᠠᠢ᠌ᠴᠢᠯᠠᠨ᠂ ᠠᠮᠢᠳᠤ ᠶᠠᠪᠣᠬᠤ ᠶᠢᠨ ᠳᠤᠭᠠᠴᠠᠭ᠎ᠠ ᠭᠢᠭᠦ ᠶᠢᠨ ᠴᠢᠬᠤᠯᠠ ᠦᠭᠡᠶ᠃ ᠪᠦᠰᠡᠭᠦᠢᠴᠦᠳ ᠡᠷᠭᠡ᠂ ᠡᠭᠦᠷᠭᠡ ᠪᠠᠨ ᠬᠠᠤᠯᠢ ᠶᠢᠨ ᠪᠦᠷᠢᠨ ᠬᠠᠷᠢᠭᠤᠴᠠᠯᠭ᠎ᠠ ᠲᠡᠶ ᠡᠳ᠋ᠯᠡᠵᠤ ᠭᠡᠷᠡᠭᠯᠡᠭᠦ ᠪᠣᠯᠵᠠᠢ᠃ ᠳᠤᠷᠴᠤ ᠪᠦᠳᠦᠷᠢᠭᠦ ᠳ᠋ᠤᠨᠢ᠂ ᠭᠤᠮᠤᠳᠠᠵᠤ ᠣᠶᠠᠷᠠᠬᠤ ᠳ᠋ᠤᠨᠢ ᠪᠦᠰᠡᠭᠦᠢ᠌ᠴᠦᠳ ᠲ᠋ᠡᠭᠡᠨ ᠣᠷᠮ᠎ᠠ ᠬᠠᠢ᠌ᠷᠠᠯᠠᠵᠤ ᠪᠠᠢ᠌ᠭᠠᠷᠠᠢ︕ ᠡᠨᠡ ᠳᠡᠯᠡᠭᠡᠢ ᠶᠢ ᠪᠦᠰᠡᠭᠦᠢ᠌ᠴᠦᠳ ᠯᠠ ᠣᠶᠠᠨ ᠵᠥᠭᠡᠯᠡᠨ᠂ ᠴᠠᠪᠠᠷ ᠢᠴᠢᠮᠡᠳᠡᠭᠡᠢ᠂ ᠥᠶ‍ᠦᠭ᠌ ᠳᠤᠯᠠᠭᠠᠨ ᠪᠣᠯᠭᠠᠵᠤ ᠪᠠᠢ᠌ᠳᠠᠭ ᠰᠢᠤ ᠳ᠋ᠠ︕ ᠴᠡᠴᠡᠭ᠌ ᠬᠤᠸᠠᠷ ᠦᠭᠡᠶ ᠳᠡᠯᠡᠭᠡᠢ ᠭᠡᠭ᠍ᠴᠢ ᠨᠢᠴᠦᠭᠦᠨ ᠬᠦᠵᠢᠭᠡᠷ ᠪᠠᠢ᠌ᠳᠠᠭ ᠲᠡᠶ ᠠᠳᠠᠯᠢ᠂ ᠪᠦᠰᠡᠭᠦᠢ᠌ᠴᠦᠳ ᠪᠠᠢ᠌ᠬᠤ ᠦᠭᠡᠶ ᠪᠣᠯ᠁ ᠭᠡᠳ ᠳᠡᠨᠡᠭ᠍ᠰᠢᠷᠡᠨ ᠪᠣᠳᠤᠪᠠᠯ᠂ ᠳᠡᠯᠡᠭᠡᠢ ᠶ‍ᠢᠷᠳᠢᠠᠴᠤ ᠡᠴᠡ ᠠᠮᠢᠳᠠᠨ ᠭᠦᠮᠤᠨ ᠭᠦᠷᠳᠡᠯ᠎ᠡ ᠦᠰᠴᠦ ᠣᠷᠭᠤᠬᠤ᠂ ᠦᠨᠳᠦᠰᠦ ᠣᠭᠰᠠᠭ᠎ᠠ ᠵᠠᠯᠭᠠᠬᠤ᠂ ᠡᠪ ᠤᠨ ᠪᠠᠯᠭᠡ ᠪᠠᠷ ᠵᠢᠷᠭᠠᠬᠤ ᠶᠢᠨ ᠬᠤᠪᠢ ᠦᠭᠡᠶ ᠬᠠᠳᠠᠵᠤ ᠬᠤᠪᠠᠬᠠᠢ᠌ᠷᠠᠨ᠎ᠠ ᠳ᠋ᠠ︕ ᠶᠠᠭ ᠯᠠ ᠳᠠᠷᠠ ᠣᠤᠠᠬ᠎ᠠ ᠡᠴᠡ ᠭᠠᠷᠭᠠᠭᠰᠠᠨ ᠠᠯᠳᠠᠭ᠎ᠠ᠂ ᠭᠢᠭ᠍ᠰᠡᠨ ᠣᠰᠤᠯ ᠢ ᠨᠢ ᠢᠯᠡᠭᠦᠭᠡᠨ ᠠᠭᠤᠴᠢᠯᠠᠵᠤ᠂ ᠡᠷᠡᠴᠦᠦᠯ ᠪᠢᠳᠠᠨ ᠤ ᠡᠷᠭᠡ ᠳᠠᠩᠬᠠᠢ ᠵᠠᠩ ᠶᠢᠡᠨ ᠬᠤᠯᠠ ᠭᠡᠭᠡᠵᠤ᠂ ᠠᠮᠢᠳᠤᠷᠠᠯ ᠬᠠᠢ᠌ᠷ᠎ᠠ ᠶᠢᠨ ᠭᠡᠭᠡᠨ ᠳᠡᠭ᠍ᠷᠢ ᠊᠊᠊᠊᠊᠊᠊᠊᠊᠊᠊᠊᠊᠊᠊ ᠪᠦᠰᠡᠭᠦᠢ᠌ᠴᠦᠳ ᠲᠡᠭᠡᠨ ᠣᠷᠮ᠎ᠠ ᠬᠠᠢ᠌ᠷᠠᠯᠠᠵᠤ ᠪᠠᠢ᠌ᠭᠠᠷᠠᠢ︕

ᠪᠦᠮᠪᠦᠷᠴᠡᠭ᠌ ᠢ ᠪᠦᠯᠢᠶᠡᠨ ᠬᠠᠷᠠᠴᠠ᠂ ᠪᠦᠳᠤᠨ ᠬᠠᠢ᠌ᠷ᠎ᠠ ᠪᠠᠷ ᠶᠢᠡᠨ ᠪᠦᠪᠠᠢ᠌ᠯᠠᠨ ᠵᠢᠷᠭᠠᠭᠠᠭᠰᠠᠨ ᠪᠦᠰᠡᠭᠦᠢ᠌ᠴᠦᠳ ᠦᠪᠡᠷᠰᠠᠤᠨ ᠤᠨ ᠪᠠᠶᠠᠷ ᠤᠨ ᠡᠳᠦᠷ ᠶᠢᠡᠨ ᠭᠦᠳᠡᠯᠮᠦᠷᠢ ᠳᠠᠮᠠᠴᠠᠯ ᠶᠢᠡᠷ ᠶᠢᠡᠨ ᠳᠡᠭ᠍ᠰᠢ ᠪᠣᠰᠤ ᠡᠵᠡᠷᠭᠡᠭ᠌ ᠡᠷᠭᠡ ᠶᠢ ᠨᠤᠭᠤᠷᠠᠭᠤᠯᠵᠤ ᠣᠯᠤᠭᠰᠠᠨ ᠳ᠋ᠤᠨᠢ ᠡᠭᠡ ᠶᠢᠨ ᠠᠷᠢᠭᠤᠨ ᠭᠡᠪᠠᠯᠢ ᠢᠰᠭᠦᠯᠵᠤ ᠳᠦᠷᠦᠭ᠍ᠰᠡᠨ ᠡᠷᠡᠴᠦᠦᠯ ᠠᠳᠠᠭᠠᠷᠬᠠᠭᠰᠠᠨ ᠰᠢᠯᠳᠠᠭ ᠣᠯᠳᠠᠭ ᠦᠭᠡᠶ ᠪᠢᠯᠠ᠃ ᠨᠤᠬᠤᠯᠤᠭᠤᠯᠵᠤ ᠳᠠᠷᠤᠯᠠᠭᠤᠯᠵᠤ ᠶᠠᠪᠣᠭᠰᠠᠨ ᠨᠢᠯᠪᠣᠰᠤ ᠲᠡᠶ ᠳᠡᠦᠭᠡ ᠳ᠋ᠤᠨᠢ ᠡᠷᠡᠴᠦᠦᠯ ᠤᠨ ᠡᠯᠢᠭᠡ ᠦᠭᠡᠶ ᠳᠤᠷ᠎ᠠ ᠶᠢᠨ ᠠᠵᠢᠯᠯᠠᠭᠠᠨ ᠭᠤᠤᠯᠴᠠᠭᠤ ᠭᠡᠭᠦ ᠳᠤ ᠭᠡᠨ ᠨᠢᠭᠡ ᠨᠢ ᠰᠠᠨᠠᠯ ᠨᠡᠢ᠌ᠯᠡᠭᠦ ᠪᠢᠵᠠ︖ ᠳᠠᠢ᠌ᠮᠤ ᠡ︕ ᠪᠦᠰᠡᠭᠦᠢ᠌ᠴᠦᠳ ᠢ ᠡᠷᠡᠴᠦᠦᠯ ᠯᠠ ᠵᠤᠪᠠᠭᠠᠵᠤ ᠶᠠᠪᠣᠭᠰᠠᠨ ᠰᠢᠤ︕

ᠡᠷᠡᠴᠦᠦᠯ᠂ ᠡᠷᠭᠢᠮᠰᠦᠭ᠌ ᠰᠤᠷᠳᠤᠭᠤᠯᠢᠭ ᠵᠠᠩ ᠠᠶ‍ᠢᠭ ᠶᠢᠡᠨ ᠣᠳᠤ ᠡᠴᠡ ᠳᠠᠶᠠᠭᠳᠠᠵᠤ᠂ ᠪᠦᠰᠡᠭᠦᠢ᠌ᠴᠦᠳ ᠲᠡᠭᠡᠨ ᠣᠷᠮ᠎ᠠ ᠬᠠᠢ᠌ᠷᠠᠯᠠᠵᠤ ᠰᠤᠷᠤᠭᠠᠷᠠᠢ ᠭᠡᠵᠤ ᠰᠢᠷᠠᠭᠴᠢᠨ ᠥᠭᠡᠷ ᠵᠢᠯ ᠤᠨ ᠮᠠᠷᠲ᠋ ᠶᠢᠨ ᠨᠢ᠋ᠮᠠᠨ ᠶᠢᠡᠷ ᠭᠡᠯᠡᠮᠡᠷ ᠪᠠᠢ᠌ᠨ᠎ᠠ ᠡ︕

ᠵᠤᠬᠢᠶᠠᠭᠴᠢ᠄ ᠰ·ᠡᠩᠭᠡ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢ᠌ᠷᠠᠭᠤᠯᠤᠯ
ᠳᠠᠷᠤᠮ᠄ 2687
ᠴᠠᠭ᠄ 2009 ᠤᠨ ᠤ 03 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ