ᠬᠤᠤᠰ ᠤᠶᠠᠩ‍ᠭ᠎ᠠ ᠶᠢᠨ ᠡᠮᠭᠢᠦᠡᠭᠡᠯ

ᠠᠭᠤᠯᠠ ᠭᠦᠭᠡ ᠣᠰᠤᠨ ᠨᠤᠭᠤᠭᠠᠨ ᠬᠠᠪᠣᠷ ᠤᠨ ᠰᠠᠨᠠᠭ᠎ᠠ ᠰᠢᠨ᠎ᠡ

ᠣᠭᠳᠠᠷᠭᠤᠢ ᠴᠡᠯᠮᠡᠭ᠌ ᠨᠠᠷᠠᠨ ᠳᠤᠯᠠᠭᠠᠨ ᠵᠢᠯ ᠤᠨ ᠥᠩᠭᠡ ᠨᠠᠢ᠌ᠷᠠᠮᠳᠠᠭᠤ


ᠦᠯᠵᠡᠢ ᠪᠣᠶᠠᠠᠳᠤ ᠴᠠᠭᠠᠨ ᠰᠠᠷ᠎ᠠ ᠡᠭᠦᠳᠡ ᠨᠡᠭᠡᠭᠡᠮᠡᠭ᠍ᠴᠡ ᠪᠠᠶᠠᠷ

ᠥᠭᠡᠳᠡ ᠡᠰᠡᠷᠡᠩ ᠠᠢ᠌ᠯ ᠡᠷᠦᠭᠡ ᠬᠠᠭᠠᠯᠭ᠎ᠠ ᠭᠠᠷᠤᠮᠠᠭᠴᠠ ᠭᠡᠰᠢᠭ᠌


ᠪᠣᠯᠵᠤᠮᠤᠷ ᠳᠤᠩᠭ᠋ᠤᠳᠤᠨ ᠰᠢᠪᠠᠭᠤᠨ ᠡᠭᠡᠰᠢᠭᠯᠡᠵᠤ ᠭᠦᠷᠢᠶᠡᠯᠡᠩ ᠳᠦᠭᠦᠷᠡᠩ ᠬᠠᠪᠣᠷ

ᠪᠣᠷᠭᠠᠰᠤ ᠭᠦᠯᠦᠭᠯᠡᠨ ᠭᠦᠢᠯᠡᠰᠤ ᠴᠡᠴᠡᠭᠯᠡᠵᠤ ᠣᠷᠴᠢᠯᠠᠩ ᠳᠠᠶᠠᠭᠠᠷ ᠪᠠᠶᠠᠷ


ᠥᠩᠭᠡᠳᠤ ᠡᠭᠦᠯᠡᠰ ᠨᠤᠭᠤᠭᠠᠨ ᠣᠨᠢᠶᠠᠷ ᠣᠷᠢᠬᠠᠨ ᠬᠠᠪᠣᠷ ᠡᠶᠡᠪᠠᠷᠭᠦᠤ

ᠦᠯᠵᠡᠢ ᠭᠡᠰᠢᠭ᠌ ᠪᠠᠶᠠᠷ ᠵᠢᠷᠭᠠᠯ ᠭᠡᠷ ᠪᠦᠯᠢ ᠨᠠᠢ᠌ᠷᠠᠮᠳᠠᠭᠤ


ᠦᠷᠡᠵᠢᠯᠳᠤ ᠰᠥᠷᠦᠭ᠌ ᠳᠠᠯ᠎ᠠ ᠳᠦᠭᠦᠷᠡᠩ ᠳᠤᠷᠭᠠᠨ ᠪᠠᠯᠴᠢᠭᠡᠷ ᠵᠤᠵᠠᠭᠠᠨ

ᠦᠷᠠᠳᠤ ᠳᠠᠷᠢᠶ᠎ᠠ ᠦᠳᠦᠷᠮ᠎ᠠ ᠳᠦᠭᠦᠷᠡᠩ ᠰᠠᠩ ᠭᠦᠮᠦᠷᠭᠡ ᠣᠯᠠᠨ


ᠨᠠᠢ᠌ᠷᠠᠭ ᠳᠠᠭᠤᠤ ᠪᠠᠨ ᠡᠭᠡᠰᠢᠭᠯᠡᠭᠦᠯᠤᠨ ᠨᠠᠰᠤᠨ ᠬᠤᠳᠤᠭ ᠶᠢᠡᠨ ᠵᠦᠩᠨᠠᠶ᠎ᠠ

ᠨᠠᠢ᠌ᠷ ᠭᠦᠷ ᠶᠢᠡᠨ ᠥᠡᠳᠦᠷᠵᠢᠭᠦᠯᠤᠨ ᠰᠢᠨ᠎ᠡ ᠵᠢᠯ ᠶᠢᠡᠨ ᠪᠠᠯᠭᠡᠯᠡᠶ᠎ᠡ


ᠭᠦᠭᠦᠭᠡ ᠳᠤᠩᠭ᠋ᠤᠤᠠᠴᠤ ᠬᠠᠷᠢᠶᠠᠴᠠᠢ ᠨᠢᠰᠭᠦ ᠪᠠᠶᠠᠨ ᠡᠷᠭᠢᠮ ᠬᠠᠪᠣᠷ

ᠭᠦᠭ᠍ᠵᠢᠮ ᠠᠶᠠᠯᠠᠵᠤ ᠤᠶᠠᠩ‍ᠭ᠎ᠠ ᠳᠠᠭᠤᠷᠢᠰᠬᠤ ᠪᠠᠶᠠᠷ ᠨᠠᠢ᠌ᠷᠠᠳᠤ ᠴᠠᠭ


ᠰᠥ᠋ ᠴᠠᠭᠠᠨ ᠢᠳᠡᠭᠡᠯ ᠶᠢᠡᠷ ᠥᠷᠦᠭᠡ ᠪᠠᠢ᠌ᠰᠢᠩ ᠶᠢᠡᠨ ᠮᠢᠯᠢᠶᠠᠶ᠎ᠠ

ᠰᠥᠷᠦᠭ᠌ ᠪᠠᠶᠠᠨ ᠮᠠᠯ ᠶᠢᠡᠷ ᠳᠠᠯ᠎ᠠ ᠬᠤᠳᠤᠭᠤᠷ ᠶᠢᠡᠨ ᠳᠦᠭᠦᠷᠭᠡᠶ᠎ᠡ


ᠡᠳᠦᠷ ᠪᠦᠷᠢ ᠦᠯᠵᠡᠢ ᠬᠤᠳᠤᠭ ᠣᠷᠤᠰᠢᠬᠤ ᠪᠣᠯᠳᠤᠭᠠᠢ

ᠰᠠᠷ᠎ᠠ ᠪᠦᠷᠢ ᠰᠠᠢ᠌ᠨ ᠪᠣᠶᠠᠨ ᠳᠡᠯᠭᠡᠷᠡᠭᠦ ᠪᠣᠯᠳᠤᠭᠠᠢ


ᠰᠠᠷᠠᠭᠤᠯ ᠨᠤᠳᠤᠭ ᠤᠨ ᠵᠢᠱᠢᠶᠠᠴᠢ ᠪᠣᠯᠤᠭᠰᠠᠨ ᠰᠠᠭᠠᠯᠢᠴᠢᠨ ᠮᠠᠯᠴᠢᠨ ᠠᠢ᠌ᠯ

ᠰᠠᠢ᠌ᠴᠤᠤᠯ ᠭᠦᠳᠡᠯᠮᠦᠷᠢ ᠶᠢᠨ ᠳᠡᠷᠢᠭᠦᠨ ᠪᠣᠯᠤᠭᠰᠠᠨ ᠰᠠᠢ᠌ᠰᠢᠶᠠᠯ ᠠᠷᠪᠢᠨ ᠡᠷᠦᠭᠡ


ᠮᠢᠩᠭ᠋ᠠᠨ ᠠᠳᠤᠭᠤᠨ ᠤ ᠨᠢᠷᠤᠭᠤᠨ ᠳᠡᠭᠡᠷ᠎ᠡ ᠮᠠᠩᠨᠠᠢ ᠳᠡᠨᠢ᠌ᠭ᠍ᠰᠡᠨ ᠮᠠᠯᠴᠢᠨ ᠠᠢ᠌ᠯ

ᠮᠢᠠᠳᠠᠰᠤᠨ ᠵᠥᠭᠡᠯᠡᠨ ᠨᠤᠤᠰᠤᠨ ᠳᠡᠭᠡᠷ᠎ᠡ ᠨᠢᠷᠤᠭᠤ ᠳᠡᠨᠢ᠌ᠭ᠍ᠰᠡᠨ ᠪᠠᠶᠠᠨ ᠠᠢ᠌ᠯ


ᠮᠦᠰᠤ ᠬᠠᠢ᠌ᠯᠵᠤ ᠴᠠᠰᠤ ᠭᠡᠰᠦᠭᠡᠳ ᠳᠠᠯ᠎ᠠ ᠳᠦᠭᠦᠷᠡᠩ ᠬᠠᠪᠣᠷ

ᠮᠦᠴᠢᠷ ᠰᠤᠶᠤᠭᠠᠯᠠᠵᠤ ᠨᠠᠪᠴᠢ ᠨᠠᠭᠢᠶᠠᠯᠠᠭᠠᠤᠨ ᠭᠦᠷᠢᠶ᠎ᠡ ᠳᠦᠭᠦᠷᠡᠩ ᠰᠢᠨ᠎ᠡ


ᠬᠤᠠᠳᠠᠭ᠎ᠠ ᠳᠦᠭᠦᠷᠡᠩ ᠠᠷᠠᠵᠠ ᠪᠢᠯᠬᠠᠷᠠᠭᠰᠠᠨ ᠡᠯᠪᠠᠭ᠌ ᠵᠢᠯ ᠤᠨ ᠨᠠᠢ᠌ᠷ

ᠬᠤᠳᠠ ᠳᠦᠭᠦᠷᠡᠩ ᠬᠤᠭᠤᠷ ᠭᠦᠩᠭᠢᠨᠡᠭ᠍ᠰᠡᠨ ᠴᠠᠭᠠᠨ ᠰᠠᠷ᠎ᠠ ᠶᠢᠨ ᠪᠠᠶᠠᠷ


ᠬᠤᠳᠠᠯᠠ ᠪᠣᠶᠠᠨ ᠴᠤᠭᠯᠠᠷᠠᠭᠰᠠᠨ ᠲᠦᠮᠡᠨ ᠦᠯᠵᠡᠢ᠌ᠳᠤ ᠡᠷᠦᠭᠡ

ᠬᠤᠳᠤᠭ ᠭᠡᠰᠢᠭ᠌ ᠰᠠᠭᠠᠳᠠᠭᠰᠠᠨ ᠮᠢᠩᠭ᠋ᠠᠨ ᠪᠠᠶᠠᠷᠳᠤ ᠡᠭᠦᠳᠡ


ᠲᠦᠮᠡᠨ ᠦᠯᠵᠡᠢ ᠡᠷᠦᠭᠡ ᠶᠢᠨ ᠡᠭᠦᠳᠡᠨ᠎ᠡ ᠰᠠᠭᠠᠳᠠᠭᠤᠷᠤᠨ

ᠳᠡᠭᠦᠰ ᠪᠠᠶᠠᠷ ᠴᠢᠮᠡᠭ᠌ ᠤᠨ ᠭᠦᠷᠢᠶᠡᠨ᠎ᠡ ᠪᠢᠯᠬᠠᠷᠠᠭᠤᠨ


ᠢᠨᠠᠭ ᠳᠤᠳᠤᠨᠤ ᠣᠷᠠᠨ ᠬᠠᠵᠢᠨ ᠤ ᠨᠠᠢ᠌ᠷ ᠠᠨᠤ ᠵᠤᠵᠠᠭᠠᠨ

ᠢᠷᠦᠭᠡᠯ ᠵᠤᠭᠢᠴᠠᠯᠳᠤ ᠭᠦᠷᠭᠡᠨ ᠭᠡᠦᠭᠡᠨ ᠤ ᠬᠠᠢ᠌ᠷ᠎ᠠ ᠠᠨᠤ ᠬᠠᠯᠠᠭᠤᠨ


ᠰᠠᠨᠠᠭ᠎ᠠ ᠰᠠᠨᠠᠭ᠎ᠠ ᠪᠠᠨ ᠣᠯᠤᠯᠴᠠᠭᠰᠠᠨ ᠰᠢᠨ᠎ᠡ ᠨᠢᠭᠡᠨ ᠬᠤᠤᠰ

ᠰᠡᠳᠭᠢᠯ ᠰᠡᠳᠭᠢᠯ ᠶᠢᠡᠨ ᠮᠡᠳᠡᠯᠴᠡᠭ᠍ᠰᠡᠨ ᠵᠢᠷᠭᠠᠯᠳᠤ ᠨᠢᠭᠡᠨ ᠭᠡᠷ


ᠠᠭᠤᠯᠠ ᠣᠰᠤ ᠦᠵᠡᠮᠵᠢ ᠨᠡᠮᠡᠭ᠍ᠳᠡᠭᠡᠳ ᠰᠥᠷᠯᠢᠭ᠌ ᠭᠤᠶᠤᠬᠠᠨ

ᠠᠷᠠᠤᠨ ᠲᠦᠮᠡᠨ ᠵᠢᠷᠭᠠᠯ ᠡᠳ᠋ᠯᠡᠭᠡᠳ ᠮᠠᠩᠨᠠᠢ ᠳᠡᠨᠢᠭᠦᠭᠡᠨ


ᠪᠠᠶᠠᠨ ᠡᠷᠭᠢᠮ ᠢ ᠢᠷᠡᠭᠦᠯᠭᠦ ᠦᠯᠵᠡᠢ ᠮᠦᠷ ᠲᠡᠶ ᠡᠭᠦᠳᠡ

ᠪᠠᠶᠠᠷ ᠭᠦᠷ ᠢ ᠨᠡᠮᠡᠭᠦᠯᠭᠦ ᠡᠰᠡᠨ ᠮᠠᠠᠳᠤ ᠬᠠᠭᠠᠯᠭ᠎ᠠ


ᠬᠤᠳᠠᠯᠠ ᠪᠣᠶᠠᠨ ᠴᠤᠭᠯᠠᠷᠠᠭᠰᠠᠨ ᠲᠦᠮᠡᠨ ᠦᠯᠵᠡᠢ᠌ᠳᠤ ᠡᠷᠦᠭᠡ

ᠬᠤᠳᠤᠭ ᠭᠡᠰᠢᠭ᠌ ᠰᠠᠭᠠᠳᠠᠭᠰᠠᠨ ᠮᠢᠩᠭ᠋ᠠᠨ ᠪᠠᠶᠠᠷᠳᠤ ᠡᠭᠦᠳᠡ


ᠡᠶ᠎ᠡ ᠨᠠᠢ᠌ᠷ ᠢ ᠵᠤᠵᠠᠭᠠᠳᠬᠠᠪᠠᠰᠤ ᠠᠮᠤᠭᠤᠯᠠᠩ

ᠡᠷᠳᠡᠮ ᠰᠤᠶᠤᠯ ᠢ ᠭᠢᠴᠢᠶᠠᠪᠠᠰᠤ ᠵᠢᠷᠭᠠᠯᠠᠩ


ᠭᠡᠦᠭᠡᠨ ᠬᠠᠪᠣᠷ ᠤᠨ ᠨᠢᠭᠡᠨ ᠮᠥᠭᠦᠯᠢᠭ᠌ ᠦᠷ᠎ᠡ

ᠬᠤᠩᠭ᠋ᠤᠷ ᠨᠠᠮᠤᠷ ᠤᠨ ᠮᠢᠩᠭ᠋ᠠᠨ ᠪᠣᠯᠪᠠᠷᠠᠢ ᠵᠢᠮᠢᠰ


ᠳᠠᠷᠠᠭ ᠠᠢ᠌ᠷᠠᠭ ᠬᠠᠩᠬᠤᠯᠠᠭᠰᠠᠨ ᠠᠩᠭᠢᠷ ᠴᠠᠭᠠᠨ ᠭᠡᠷ

ᠳᠠᠩᠰᠤᠭ ᠠᠮᠢᠳᠤᠷᠠᠯ ᠳᠠᠯᠠᠯᠤᠭᠰᠠᠨ ᠢᠷᠦᠭᠡᠯ ᠪᠠᠳᠤ ᠳᠤᠭᠤᠷᠭ᠎ᠠ


ᠮᠤᠷᠢᠨ ᠬᠤᠭᠤᠷ ᠤᠨ ᠭᠦᠩᠭᠢᠨᠡᠯ ᠳᠤ ᠰᠠᠭᠠᠯᠢ ᠶᠢᠨ ᠠᠷᠢᠭᠢ ᠪᠢᠯᠬᠠᠷᠠᠨ᠎ᠠ

ᠮᠤᠩᠭ᠋ᠤᠯ ᠨᠤᠳᠤᠭ ᠤᠨ ᠭᠦᠭ᠍ᠵᠢᠯ ᠳᠤ ᠤᠶᠠᠩ‍ᠭ᠎ᠠ ᠰᠢᠯᠦᠭ᠌ ᠣᠠᠳᠤᠷᠤᠨ᠎ᠠ


ᠰᠢᠮᠠᠳᠤ ᠢᠳᠡᠭᠡᠨ ᠰᠢᠷᠡᠭᠡ ᠳᠦᠭᠦᠷᠡᠩ

ᠰᠢᠨ᠎ᠡ ᠶᠢᠨ ᠵᠤᠯᠭᠠᠯᠳᠠ ᠥᠷᠦᠭᠡ ᠳᠦᠭᠦᠷᠡᠩ


ᠣᠢ᠌ᠯᠠᠰ ᠪᠦᠳᠦᠭᠡᠯ ᠭᠢᠯᠠᠯᠵᠠᠭᠰᠠᠨ ᠥᠷᠨᠢᠭᠦᠨ ᠰᠠᠢ᠌ᠬᠠᠨ ᠵᠢᠯ

ᠦᠯᠵᠡᠢ ᠬᠤᠳᠤᠭ ᠣᠷᠤᠰᠢᠭᠰᠠᠨ ᠦᠨᠢᠷ ᠣᠷᠢᠬᠠᠨ ᠬᠠᠪᠣᠷ


ᠬᠤᠳᠤᠭ ᠭᠡᠰᠢᠭ᠌ ᠮᠥᠩᠭᠡᠵᠢᠭ᠍ᠰᠡᠨ ᠪᠠᠶᠠᠨ ᠥᠩᠰᠢᠭ᠌ ᠡᠭᠦᠳᠡ

ᠬᠤᠳᠠᠯᠠ ᠪᠠᠶᠠᠨ ᠬᠤᠷᠠᠭᠰᠢᠭᠰᠠᠨ ᠡᠯᠪᠠᠭ᠌ ᠳᠡᠭᠦᠰ ᠬᠠᠭᠠᠯᠭ᠎ᠠ


ᠭᠡᠰᠢᠭ᠌ ᠪᠣᠶᠠᠨ ᠳᠡᠯᠭᠡᠷᠡᠭ᠍ᠰᠡᠨ ᠪᠠᠶᠠᠷ ᠴᠡᠩᠭᠡᠯᠳᠤ ᠡᠷᠦᠭᠡ

ᠭᠡᠢ ᠮᠤᠷᠢ ᠳᠡᠭ᠍ᠳᠡᠭ᠍ᠰᠡᠨ ᠪᠠᠶᠠᠨ ᠡᠷᠭᠢᠮ ᠡᠭᠦᠳᠡ


ᠭᠡᠰᠢᠭ᠌ ᠪᠣᠶᠠᠨ ᠳᠡᠯᠭᠡᠷᠡᠭᠡᠳ ᠪᠠᠶᠠᠨ ᠵᠢᠷᠭᠠᠯᠠᠩ

ᠭᠡᠢ ᠮᠤᠷᠢ ᠳᠡᠭ᠍ᠳᠡᠭᠡᠳ ᠥᠭᠡᠳᠡ ᠡᠰᠡᠷᠡᠩ


ᠣᠷᠢᠬᠠᠨ ᠬᠠᠪᠣᠷ ᠤᠨ ᠨᠠᠢ᠌ᠷ ᠶ‍ᠢᠷᠳᠢᠠᠴᠤ ᠳᠦᠭᠦᠷᠡᠩ ᠪᠢᠯᠬᠠᠨᠠᠮ

ᠣᠶᠠᠩᠭ᠋ᠠᠳᠤ ᠰᠠᠢ᠌ᠬᠠᠨ ᠢᠨᠢᠶᠠᠳᠤ ᠭᠡᠷ ᠳᠦᠭᠦᠷᠡᠩ ᠭᠦᠩᠭᠢᠨᠡᠨᠡᠮ


ᠨᠠᠷᠠ ᠲᠡᠶ ᠭᠠᠵᠠᠷ ᠲᠤ ᠨᠠᠪᠴᠢ ᠳᠡᠯᠭᠡᠨᠡᠮ

ᠨᠠᠢ᠌ᠷ ᠲᠡᠶ ᠠᠢ᠌ᠯ ᠳᠤ ᠪᠠᠶᠠᠰᠤᠯ ᠪᠢᠯᠬᠠᠨᠠᠮ


ᠡᠩᠭᠡ ᠠᠮᠤᠭᠤᠯᠠᠩ ᠦᠯᠵᠡᠢ ᠣᠷᠤᠰᠢᠬᠤ ᠡᠭᠦᠳᠡ

ᠡᠷᠭᠡ ᠵᠢᠷᠭᠠᠯ ᠪᠣᠶᠠᠨ ᠳᠡᠯᠭᠡᠷᠡᠭᠦ ᠬᠠᠭᠠᠯᠭ᠎ᠠ


ᠮᠥᠩᠭᠡ ᠳᠡᠭ᠍ᠷᠢ ᠶᠢᠨ ᠳᠤᠤᠷᠠᠭᠢ ᠮᠢᠩᠭ᠋ᠠᠨ ᠮᠢᠩᠭ᠋ᠠᠨ ᠬᠠᠪᠣᠷ

ᠮᠤᠩᠭ᠋ᠤᠯ ᠤᠨ ᠰᠠᠢ᠌ᠬᠠᠨ ᠣᠷᠤᠨ ᠳᠤ ᠰᠠᠷ᠎ᠠ ᠰᠠᠷ᠎ᠠ ᠳᠡᠯᠭᠡᠷᠡᠭ᠌


ᠬᠠᠪᠣᠷ ᠮᠥᠰᠢᠶᠡᠭ᠍ᠰᠡᠨ ᠰᠢᠨ᠎ᠡ ᠶᠢᠨ ᠨᠢᠭᠡᠨ ᠰᠢᠠᠵᠢ ᠪᠠᠯᠭᠡ ᠳᠡᠭᠦᠰ

ᠬᠠᠳᠠᠭ ᠳᠡᠯᠭᠡᠭ᠍ᠰᠡᠨ ᠠᠢ᠌ᠯᠴᠢᠨ ᠭᠡᠢ᠌ᠴᠢᠨ ᠮᠠᠩᠨᠠᠢ ᠳᠠᠨᠢ᠌ᠮ᠎ᠠ ᠪᠠᠶᠠᠷ


ᠵᠤᠴᠢᠠᠰᠠᠭ ᠠᠢ᠌ᠯ ᠤᠨ ᠭᠦᠭᠦᠷ ᠪᠣᠮᠠᠨ ᠭᠡᠢ᠌ᠴᠢᠨ ᠢ ᠣᠭᠳᠤᠮᠤᠢ

ᠶᠤᠰᠤᠷᠬᠠᠭ ᠮᠤᠩᠭ᠋ᠤᠯ ᠤᠨ ᠰᠠᠷᠬᠤᠤᠨ ᠲᠦᠮᠡᠨ ᠳᠦᠷᠦᠭᠡ ᠶᠢ ᠴᠢᠩᠭ᠋ᠠᠯᠠᠮᠤᠢ


ᠳᠡᠯᠡᠭᠡᠢ ᠶᠢ ᠪᠠᠷᠠᠯᠠᠬᠤ ᠭᠡᠭᠡᠨ ᠴᠤᠩᠬᠤ ᠪᠣᠯ ᠪᠢᠴᠢᠭ᠌ ᠡᠷᠳᠡᠮ

ᠳᠡᠭ᠍ᠵᠢᠷᠡᠯ ᠢ ᠠᠪᠴᠢᠷᠠᠬᠤ ᠰᠠᠷᠠᠭᠤᠯ ᠵᠠᠮ ᠪᠣᠯ ᠮᠡᠷᠭᠡᠨ ᠪᠣᠳᠤᠯᠭ᠎ᠠ


ᠵᠠᠯᠠᠭᠤ ᠨᠠᠰᠤᠨ ᠤᠨ ᠰᠠᠢ᠌ᠬᠠᠨ ᠦᠶ᠎ᠡ ᠨᠠᠷᠠᠨ ᠤ ᠨᠠᠷᠠᠨ ᠤ ᠨᠠᠷᠠ

ᠵᠢᠩᠭᠢᠨᠢ ᠠᠮᠢᠳᠤᠷᠠᠯ ᠤᠨ ᠠᠷᠢᠭᠤᠨ ᠬᠠᠢ᠌ᠷ᠎ᠠ ᠭᠠᠯ ᠤᠨ ᠭᠠᠯ ᠤᠨ ᠭᠠᠯ


ᠦᠯᠵᠡᠢ᠌ᠳᠤ ᠡᠭᠦᠳᠡᠨ ᠳᠤ ᠮᠡᠷᠭᠡᠳ ᠬᠤᠷᠠᠬᠤᠶ᠎ᠠ ᠴᠠᠭ ᠦᠶ᠎ᠡ ᠶᠢᠨ ᠭᠠᠢ᠌ᠬᠠᠮᠰᠢᠭ

ᠥᠪᠠᠳᠡᠭᠰᠢ ᠡᠷᠢᠨ ᠳᠤ ᠡᠷᠳᠡᠮᠳᠡᠨ ᠴᠤᠯᠭᠤᠷᠠᠬᠤᠶ᠎ᠠ ᠭᠦᠷᠤᠨ ᠲᠦᠷᠦ ᠶᠢᠨ ᠴᠢᠮᠡᠭ᠌


ᠮᠢᠩᠭ᠋ᠠᠨ ᠡᠷᠦᠭᠡ ᠳᠤ ᠬᠠᠪᠣᠷ ᠤᠨ ᠳᠤᠶᠠᠭ᠎ᠠ ᠰᠠᠴᠤᠷᠠᠭᠠᠤᠨ

ᠲᠦᠮᠡᠨ ᠡᠭᠦᠳᠡᠨ ᠳᠤ ᠪᠠᠶᠠᠷ ᠤᠨ ᠰᠤᠯᠤᠩᠭ᠎ᠠ ᠮᠢᠷᠠᠯᠵᠠᠨᠠᠮ


ᠵᠤᠷᠢᠭ ᠭᠦᠰᠡᠯ ᠠᠯᠤᠰ ᠬᠤᠯᠠ ᠲᠦᠮᠡᠨ ᠭᠠᠵᠠᠷ

ᠵᠢᠷᠤᠮ ᠨᠠᠢ᠌ᠷ ᠪᠠᠳᠤ ᠪᠠᠭᠢ ᠮᠢᠩᠭ᠋ᠠᠨ ᠣᠨ


ᠰᠠᠠᠰᠠᠷ ᠳᠡᠭ᠍ᠷᠢ ᠶᠢᠨ ᠳᠤᠤᠷᠠᠭᠢ ᠰᠠᠶ᠎ᠠ ᠪᠣᠮᠠᠨ ᠬᠠᠪᠣᠷ

ᠰᠠᠢ᠌ᠬᠠᠨ ᠮᠤᠩᠭ᠋ᠤᠯ ᠤᠨ ᠣᠷᠤᠨ ᠳᠤ ᠰᠠᠷ᠎ᠠ ᠰᠠᠷ᠎ᠠ ᠳᠡᠯᠭᠡᠷᠡᠭ᠌


ᠠᠯᠳᠠᠨ ᠭᠢᠩᠭ᠋ᠠᠨ ᠢ ᠬᠠᠮᠤᠨ ᠳᠡᠪᠠᠷᠢᠭᠦ ᠠᠤᠭ᠎ᠠ ᠵᠤᠷᠢᠭ ᠢ ᠡᠪᠦᠷᠯᠡᠯᠳᠡᠢ

ᠠᠯᠮᠠᠩ ᠰᠠᠷᠠᠨ ᠢ ᠵᠤᠰᠠᠯᠠᠩ ᠪᠣᠯᠭᠠᠬᠤ ᠡᠷᠳᠡᠮ ᠴᠢᠳᠠᠪᠣᠷᠢ ᠶᠢ ᠪᠣᠯᠪᠠᠰᠤᠷᠠᠭᠤᠯᠤᠯᠳᠠᠢ


ᠰᠢᠡᠵᠢᠯᠡᠭᠦ ᠣᠬᠠᠭᠠᠨ ᠡᠷᠳᠡᠮ ᠮᠡᠷᠭᠡᠵᠢᠯ ᠢᠷᠡᠭᠦ ᠵᠠᠭᠤᠨ ᠤ ᠭᠦᠯᠦᠭ᠌

ᠰᠢᠨ᠎ᠡ ᠭᠦᠭ᠍ᠵᠢᠯ ᠶᠡᠭᠡ ᠮᠠᠠᠳᠤᠯ ᠣᠭᠳᠤᠬᠤ ᠵᠢᠯ ᠤᠨ ᠪᠢᠯᠢᠭ᠌


ᠣᠯᠠᠷᠢᠬᠤ ᠣᠨ ᠤ ᠵᠢᠪᠬᠤᠭ᠎ᠠ ᠪᠠᠳᠠᠷᠠᠨᠠᠮ

ᠣᠭᠳᠤᠬᠤ ᠵᠢᠯ ᠤᠨ ᠭᠢᠯᠪᠠᠭ᠎ᠠ ᠰᠠᠴᠤᠷᠠᠨᠠᠮ


ᠨᠠᠷᠠᠨ ᠮᠠᠳᠤ ᠮᠠᠠᠳᠤᠭᠰᠠᠨ ᠠᠤᠭ᠎ᠠ ᠣᠢ᠌ᠯᠠᠰ ᠭᠦᠭ᠍ᠵᠢᠭᠦᠨ

ᠰᠠᠷᠠᠨ ᠮᠠᠳᠤ ᠰᠠᠴᠤᠷᠠᠭᠰᠠᠨ ᠠᠯᠤᠰ ᠢᠷᠡᠭᠡᠳᠦᠢ ᠰᠠᠷᠠᠭᠤᠯᠬᠠᠨ


ᠳᠠᠪᠤᠨ ᠬᠤᠰᠢᠭᠤ ᠮᠠᠯ ᠳᠠᠯ᠎ᠠ ᠳᠦᠭᠦᠷᠡᠩ ᠦᠷᠡᠵᠢᠯᠳᠠᠢ

ᠳᠠᠩᠰᠤᠭ ᠪᠠᠶᠠᠨ ᠠᠮᠢᠳᠤᠷᠠᠯ ᠨᠡᠢ᠌ᠭᠡᠮ ᠳᠠᠶᠠᠭᠠᠷ ᠭᠦᠭ᠍ᠵᠢᠯᠳᠡᠢ


ᠡᠭᠡ ᠡᠴᠢᠭᠡ ᠪᠠᠨ ᠠᠴᠢᠯᠠᠵᠤ ᠶᠠᠪᠣᠬᠤ ᠵᠠᠯᠠᠭᠤᠰ ᠰᠠᠢ᠌ᠬᠠᠨ

ᠡᠷᠳᠡᠮ ᠮᠡᠳᠡᠯᠭᠡ ᠶᠢ ᠰᠤᠷᠴᠤ ᠰᠤᠳᠤᠯᠬᠤ ᠣᠶᠤᠳᠠᠤᠨ ᠰᠠᠢ᠌ᠬᠠᠨ


ᠡᠭᠡᠰᠢᠭ᠍ᠳᠤ ᠬᠤᠩᠭ᠋ᠤᠷ ᠳᠠᠭᠤᠤ ᠪᠠᠷ ᠶᠢᠡᠨ ᠡᠭᠡ ᠣᠷᠤᠨ ᠶᠢᠡᠨ ᠮᠠᠭᠳᠠᠶ᠎ᠠ

ᠡᠷᠳᠡᠮ ᠣᠬᠠᠭᠠᠨ ᠭᠦᠳᠡᠯᠮᠦᠷᠢ ᠪᠠᠷ ᠶᠢᠡᠨ ᠨᠤᠳᠤᠭ ᠣᠰᠤ ᠪᠠᠨ ᠰᠢᠨᠠᠴᠢᠯᠠᠶ᠎ᠠ


ᠦᠨᠡᠳᠤ ᠭᠦᠳᠡᠯᠮᠦᠷᠢ ᠪᠠᠷ ᠶᠢᠡᠨ ᠳᠡᠭ᠍ᠵᠢᠷᠡᠭ᠍ᠰᠡᠨ ᠠᠵᠢᠯᠰᠠᠭ ᠠᠢ᠌ᠯ

ᠥᠭᠡᠳᠡᠯᠡᠭᠦ ᠠᠮᠢᠳᠤᠷᠠᠯ ᠶᠢᠡᠷ ᠶᠢᠡᠨ ᠭᠢᠯᠠᠯᠵᠠᠭᠰᠠᠨ ᠳᠠᠭᠤᠷᠢᠶᠠᠯᠳᠤ ᠡᠷᠦᠭᠡ


ᠳᠠᠪᠤᠨ ᠳᠠᠷᠢᠶᠠᠨ ᠤ ᠦᠷ᠎ᠡ ᠰᠠᠩ ᠭᠦᠮᠦᠷᠭᠡ ᠪᠢᠯᠬᠠᠨᠠᠮ

ᠳᠠᠷᠠᠭ ᠠᠢ᠌ᠷᠠᠭ ᠤᠨ ᠭᠦᠷᠦᠩᠭᠡ ᠰᠠᠪᠠ ᠰᠠᠭᠤᠯᠭ᠎ᠠ ᠴᠠᠯᠭᠢᠨᠠᠮ


ᠠᠮᠳᠠ ᠪᠦᠭᠦᠨ ᠪᠦᠷᠢᠳᠦᠭ᠍ᠰᠡᠨ ᠭᠠᠢ᠌ᠬᠠᠯᠳᠠᠢ ᠬᠤᠭᠤᠯᠠᠨ ᠭᠡᠷ

ᠠᠶᠠᠠᠴᠢᠨ ᠪᠦᠭᠦᠨ ᠮᠠᠭᠳᠠᠭᠰᠠᠨ ᠰᠠᠢ᠌ᠰᠢᠶᠠᠯᠳᠠᠢ ᠵᠤᠴᠢᠯᠠᠬᠤ ᠭᠠᠵᠠᠷ


ᠠᠯᠳᠠᠨ ᠨᠠᠷᠠᠨ ᠤ ᠭᠡᠷᠡᠯ ᠠᠭᠤᠳᠠᠮ ᠳᠡᠯᠡᠭᠡᠢ ᠶᠢ ᠭᠡᠢ᠌ᠭᠦᠯᠦᠨᠡᠮ

ᠠᠭᠤᠤ ᠨᠠᠮ ᠤᠨ ᠪᠣᠳᠤᠯᠭ᠎ᠠ ᠠᠷᠠᠤᠨ ᠲᠦᠮᠡᠨ ᠢ ᠪᠠᠶᠠᠵᠢᠭᠤᠯᠤᠨᠠᠮ


ᠠᠴᠢᠳᠤ ᠨᠠᠮ ᠤᠨ ᠣᠳᠤᠷᠢᠳᠤᠯᠭ᠎ᠠ ᠠᠰᠢᠳᠠ ᠶᠢᠨ ᠣᠯᠠᠭᠠᠨ ᠨᠠᠷᠠ

ᠠᠵᠠ ᠵᠢᠷᠭᠠᠯᠳᠤ ᠠᠷᠠᠤᠨ ᠲᠦᠮᠡᠨ ᠮᠥᠩᠭᠡ ᠶᠢᠨ ᠭᠡᠷᠡᠯᠳᠤ ᠣᠳᠤᠨ


ᠴᠠᠭ ᠲᠦᠷᠦ ᠲᠦᠪᠰᠢᠨ ᠳᠤᠷ ᠵᠢᠯ ᠤᠨ ᠥᠩᠭᠡ ᠳᠡᠭ᠍ᠰᠢ

ᠴᠠᠭᠯᠠᠰᠢ ᠦᠭᠡᠶ ᠴᠡᠩᠭᠡᠯ ᠳᠤᠷ ᠭᠦᠳᠡᠭᠡ ᠭᠡᠭᠡᠷ᠎ᠡ ᠥᠵᠡᠰᠭᠦᠯᠡᠩ


ᠨᠠᠮ ᠮᠡᠷᠭᠡᠨ ᠱᠤᠭᠤᠮ ᠵᠦᠪ ᠣᠨ ᠣᠨ ᠥᠭᠡᠳᠡ

ᠵᠠᠮ ᠰᠠᠷᠠᠭᠤᠯ ᠣᠢ᠌ᠯᠠᠰ ᠲᠦᠪ ᠵᠢᠯ ᠵᠢᠯ ᠡᠰᠡᠷᠡᠩ


ᠰᠢᠡᠵᠢᠯᠡᠭᠦ ᠣᠬᠠᠭᠠᠨ ᠡᠷᠳᠡᠮ ᠮᠡᠷᠭᠡᠵᠢᠯ ᠢᠷᠡᠭᠦ ᠣᠨ ᠤ ᠭᠦᠯᠦᠭ᠌

ᠰᠢᠨ᠎ᠡ ᠮᠠᠠᠳᠤᠯ ᠶᠡᠭᠡ ᠭᠦᠭ᠍ᠵᠢᠯ ᠣᠭᠳᠤᠬᠤ ᠵᠢᠯ ᠤᠨ ᠪᠠᠯᠡᠭ᠌


ᠠᠭᠤᠯᠠ ᠣᠰᠤ ᠰᠢᠨᠡᠳᠦᠭ᠍ᠰᠡᠨ ᠡᠪᠠᠰᠦᠳᠤ ᠰᠠᠢ᠌ᠬᠠᠨ ᠬᠠᠪᠣᠷ

ᠣᠴᠠᠷᠠᠬᠤ ᠵᠤᠯᠭᠠᠬᠤ ᠬᠤᠤᠰᠯᠠᠭᠰᠠᠨ ᠴᠡᠴᠡᠭ᠍ᠳᠤ ᠣᠯᠠᠷᠢᠯ ᠭᠤᠶᠤᠬᠠᠨ


ᠦᠨᠢᠷ ᠴᠡᠴᠡᠭ᠌ ᠤᠨ ᠬᠤᠷᠸ᠎ᠠ ᠪᠣᠯᠤᠭᠰᠠᠨ ᠥᠯᠦᠭᠡᠢ ᠨᠤᠳᠤᠭ ᠮᠢᠨᠢ ᠰᠠᠢ᠌ᠬᠠᠨ

ᠥᠷᠨᠢᠩᠭᠦᠢ ᠳᠠᠪᠰᠢᠯᠳᠠ ᠶᠢᠨ ᠪᠣᠳᠤᠯᠭ᠎ᠠ ᠪᠣᠯᠤᠭᠰᠠᠨ ᠦᠨᠳᠦᠰᠦᠳᠠᠨ ᠤ ᠪᠦᠯᠭᠦᠮᠳᠡᠯ ᠰᠠᠢ᠌ᠬᠠᠨ


ᠬᠤᠳᠠ ᠪᠠᠷ ᠳᠦᠭᠦᠷᠡᠩ ᠢᠷᠠᠢ᠌ᠭᠰᠠᠨ ᠬᠤᠨᠢ ᠢᠮᠠᠭᠠᠨ ᠰᠥᠷᠦᠭ᠌

ᠬᠤᠩᠬᠤᠷ ᠪᠢᠯᠬᠠᠮ᠎ᠠ ᠳᠠᠷᠬᠠᠭᠰᠠᠨ ᠥᠭᠡᠷ ᠠᠳᠤᠭᠤᠨ ᠰᠥᠷᠦᠭ᠌


ᠮᠠᠯ ᠤᠨ ᠭᠡᠰᠢᠭ᠌ ᠳᠠᠯᠠᠯᠠᠬᠤᠢ ᠳᠤᠷ ᠬᠠᠰᠢᠶ᠎ᠠ ᠳᠦᠭᠦᠷᠡᠩ ᠳᠠᠮᠪᠠᠷᠢᠯ

ᠮᠠᠯᠵᠢᠯ ᠤᠨ ᠰᠠᠢ᠌ᠬᠠᠨ᠎ᠠ ᠪᠠᠬᠠᠳᠤᠬᠤᠢ ᠳᠤᠷ ᠰᠡᠳᠭᠢᠯ ᠪᠢᠯᠬᠠᠮ᠎ᠠ ᠢᠰᠭᠡᠷᠦᠯ


ᠳᠠᠷᠢᠶ᠎ᠠ ᠪᠣᠳᠠᠭ᠎ᠠ ᠭᠦᠮᠦᠷᠭᠡ ᠳᠦᠭᠦᠷᠡᠩ

ᠳᠠᠷᠠᠭ ᠠᠢ᠌ᠷᠠᠭ ᠰᠠᠪᠠ ᠳᠦᠭᠦᠷᠡᠩ


ᠠᠯᠳᠠ ᠮᠦᠩᠭᠦ ᠠᠪᠳᠠᠷ᠎ᠠ ᠳᠦᠭᠦᠷᠡᠩ

ᠠᠮᠳᠠᠳᠤ ᠢᠳᠡᠭᠡᠨ ᠬᠤᠷᠭᠤ ᠳᠦᠭᠦᠷᠡᠩ


ᠨᠠᠷᠠᠨ ᠰᠠᠷᠠᠨ ᠭᠡᠢ᠌ᠭᠦᠯᠦᠭ᠍ᠰᠡᠨ ᠰᠠᠷᠠᠭᠤᠯ ᠭᠡᠭᠡᠨ ᠡᠭᠦᠳᠡ

ᠨᠠᠮᠠᠭ᠎ᠠ ᠯᠢᠩᠬᠤᠸ᠎ᠠ ᠳᠡᠯᠭᠡᠷᠡᠭ᠍ᠰᠡᠨ ᠥᠭᠡᠳᠡᠯᠡᠨ ᠳᠠᠪᠰᠢᠬᠤ ᠡᠭᠦᠳᠡ


ᠨᠠᠷᠠᠨ ᠤ ᠭᠡᠷᠡᠯ ᠨᠠᠮᠢᠷᠠᠭ᠎ᠠ ᠬᠤᠷ᠎ᠠ ᠳᠤ ᠲᠦᠮᠡᠨ ᠪᠣᠳᠠᠰ ᠠᠮᠢᠯᠠᠨ᠎ᠠ

ᠨᠠᠮ ᠤᠨ ᠬᠠᠢ᠌ᠷ᠎ᠠ ᠲᠦᠷᠦ ᠶᠢᠨ ᠳᠦᠰᠢᠭ᠌ ᠲᠤ ᠪᠣᠮᠠᠨ ᠠᠷᠠᠤᠨ ᠴᠡᠩᠭᠡᠯᠳᠤᠨ᠎ᠡ


ᠣᠨ ᠣᠨ ᠳᠠᠭᠠᠨ ᠳᠠᠪᠰᠢᠯᠳᠠ ᠳᠠᠢ

ᠦᠶ᠎ᠡ ᠦᠶ᠎ᠡ ᠳᠡᠭᠡᠨ ᠦᠯᠵᠡᠢ ᠳᠠᠢ


ᠠᠷᠢᠭᠤᠨ ᠰᠡᠳᠭᠢᠯ ᠠᠵᠢᠯᠴᠢ ᠠᠷᠪᠢᠴᠢ ᠠᠵᠠ ᠵᠢᠷᠭᠠᠯ ᠤᠨ ᠦᠨᠳᠦᠰᠦ

ᠠᠷᠢᠭᠤᠨ ᠴᠠᠪᠠᠷ ᠳᠠᠮᠢᠷ ᠭᠦᠳᠡᠯᠭᠡᠭᠡᠨ ᠡᠷᠡᠭᠦᠯ ᠡᠩᠭᠡ ᠶᠢᠨ ᠰᠠᠭᠤᠷᠢ


ᠦᠵᠡᠮᠵᠢᠳᠤ ᠰᠠᠢ᠌ᠬᠠᠨ ᠠᠭᠤᠯᠠ ᠣᠰᠤ ᠭᠠᠵᠠᠷ ᠪᠣᠯᠭᠠᠨ ᠬᠠᠪᠣᠷ

ᠦᠯᠵᠡᠢ ᠰᠠᠢ᠌ᠳᠠᠢ ᠪᠠᠶᠠᠨ ᠵᠢᠯ ᠡᠷᠦᠭᠡ ᠪᠣᠯᠭᠠᠨ ᠪᠠᠶᠠᠷ


ᠣᠯᠠᠭᠠᠨ ᠨᠠᠷᠠ ᠴᠤᠩᠬᠤᠨ᠎ᠠ ᠳᠤᠰᠴᠤ ᠡᠷᠦᠭᠡ ᠶᠢᠨ ᠪᠠᠶᠠᠵᠢᠯ ᠢ ᠣᠭᠳᠤᠮᠤᠢ

ᠣᠷᠢᠬᠠᠨ ᠬᠠᠪᠣᠷ ᠰᠠᠨᠠᠭᠠᠨ᠎ᠠ ᠨᠠᠢ᠌ᠴᠠᠵᠤ ᠵᠢᠷᠭᠠᠯ ᠤᠨ ᠡᠭᠦᠳᠡ ᠶᠢ ᠨᠡᠭᠡᠭᠡᠮᠦᠢ


ᠳᠠᠷᠭᠤ ᠰᠠᠢ᠌ᠳᠠᠢ ᠠᠳᠤᠭᠤ ᠮᠠᠯ ᠳᠠᠯ᠎ᠠ ᠳᠦᠭᠦᠷᠡᠩ ᠪᠠᠯᠴᠢᠨᠠᠮ

ᠬᠤᠷᠢᠶᠠᠯᠳᠠ ᠰᠠᠢ᠌ᠳᠠᠢ ᠳᠠᠷᠢᠶᠠᠨ ᠦᠷ᠎ᠡ ᠭᠦᠮᠦᠷᠭᠡ ᠳᠦᠭᠦᠷᠡᠩ ᠪᠢᠯᠬᠠᠨᠠᠮ


ᠳᠡᠭ᠍ᠵᠢᠷᠡᠯ ᠰᠠᠢ᠌ᠳᠠᠢ ᠬᠤᠨᠢ ᠢᠮᠠᠭᠠᠨ ᠤ ᠭᠡᠰᠢᠭ᠌ ᠳᠦᠭᠦᠷᠡᠩ ᠬᠤᠷᠤᠭ᠎ᠠ

ᠳᠠᠯᠠᠩ ᠰᠠᠢ᠌ᠳᠠᠢ ᠦᠨᠢᠶ᠎ᠡ ᠮᠠᠯ ᠤᠨ ᠭᠡᠰᠢᠭ᠌ ᠪᠢᠯᠬᠠᠮ᠎ᠠ ᠬᠠᠰᠢᠶ᠎ᠠ


ᠡᠶᠡᠯᠳᠡᠭ᠌ ᠵᠠᠩ ᠡᠯᠪᠠᠷᠢᠯ ᠵᠢᠷᠤᠮ ᠦᠯᠵᠡᠢ᠌ᠳᠤ ᠭᠡᠷ ᠤᠨ ᠵᠠᠩᠰᠢᠯ

ᠡᠷᠳᠡᠮ ᠮᠡᠳᠡᠯᠭᠡ ᠦᠨᠡᠠᠴᠢ ᠭᠦᠳᠡᠯᠮᠦᠷᠢ ᠥᠭᠡᠳᠡᠯᠡᠭᠦ ᠠᠢ᠌ᠯ ᠤᠨ ᠰᠤᠷᠳᠠᠯ


ᠵᠤᠬᠢᠶᠠᠭᠴᠢ ᠶᠢᠨ ᠬᠠᠶ‍ᠢᠭ ᠄ ᠣᠷᠳᠤᠰ ᠬᠤᠳᠠ ᠶᠢᠨ ᠬᠠᠩᠭᠢᠨ ᠬᠤᠰᠢᠭᠤᠨ ᠤ ᠭᠦᠭᠡᠮᠦᠳᠤ ᠰᠤᠷᠭᠠᠭᠤᠯᠢ

ᠵᠤᠬᠢᠶᠠᠭᠴᠢ᠄ ᠰᠣ᠊·ᠦᠨᠡᠠᠴᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠤᠶᠤᠯ ᠣᠷᠠᠯᠢᠭ
ᠳᠠᠷᠤᠮ᠄ 2421
ᠴᠠᠭ᠄ 2009 ᠤᠨ ᠤ 12 ᠰᠠᠷ᠎ᠠ ᠶᠢᠨ 30
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁