ᠨᠤᠬᠠᠢ

ᠨᠤᠬᠠᠢ ᠬᠤᠴᠠᠨ᠎ᠠ

ᠨᠤᠤᠷᠠᠴᠢᠬᠠᠭᠰᠠᠨ ᠰᠡᠳᠭᠢᠯ ᠨᠢᠭᠡ ᠬᠠᠯᠠᠭᠤᠨ ᠨᠢᠭᠡ ᠭᠦᠢᠳᠡᠨ

ᠨᠤᠮᠢᠨ ᠣᠭᠳᠠᠷᠭᠤᠢ ᠳᠤ ᠭᠡᠳᠤᠨ ᠭᠡᠰᠡᠭ᠌ ᠡᠭᠦᠯᠡ ᠳᠤᠭᠳᠠᠨ᠎ᠠ

ᠨᠣᠢ᠌ᠷ ᠵᠡᠭᠦᠳᠤ ᠥᠭᠦᠭ᠍ᠰᠡᠨ ᠠᠮᠢᠳᠤ ᠶᠢᠨ ᠬᠤᠭᠤᠷᠤᠠᠳᠤᠭᠤᠷ

ᠨᠣᠢ᠌ᠳᠠᠨ ᠬᠠᠭᠤᠷᠠᠬᠤᠢ ᠶᠢᠨ ᠭᠤᠤᠯ ᠵᠢᠠᠷ

ᠨᠤᠬᠠᠢ ᠳᠤ ᠳᠠᠭᠤᠭᠳᠠᠵᠤ ᠬᠠᠵᠠᠭᠳᠠᠵᠤ ᠣᠨᠠᠨ ᠳᠤᠰᠤᠨ ᠶᠠᠪᠣᠨ᠎ᠠ

ᠨᠤᠪᠰᠢ ᠬᠤᠭ ᠤᠨ ᠣᠪᠣᠭᠠᠨ ᠤ ᠬᠠᠵᠠᠭᠤ ᠪᠠᠷ

ᠨᠤᠤᠰᠤ ᠣᠩᠭ᠋ᠠᠷᠢᠯ ᠰᠢᠭ ᠰᠠᠯᠭᠢ ᠰᠦᠷᠴᠤ ᠰᠢᠩᠰᠢᠯᠠᠨ

ᠨᠤᠮᠯᠠᠯ ᠵᠢᠮᠠᠯᠠᠯ ᠤᠨ ᠬᠠᠵᠠᠭᠤ ᠪᠠᠷ ᠪᠣᠭᠤᠯ ᠰᠢᠭ ᠪᠦᠭᠦᠯᠵᠡᠨ

ᠨᠤᠮᠤᠢ ᠳᠤᠷᠤᠢ ᠶᠢᠨ ᠲᠤᠢ᠌ᠯ ᠪᠣᠯᠵᠤ

ᠨᠤᠲ᠋ ᠦᠭᠡᠶ ᠳᠠᠭᠤ ᠶᠢ ᠥᠭᠡ ᠦᠭᠡᠶ ᠪᠠᠷ ᠭᠠᠰᠠᠯᠤᠨ᠎ᠠ

ᠨᠤᠬᠠᠢ ᠬᠤᠴᠠᠨ᠎ᠠ᠁


         2012 ᠣᠨ ᠤ 12 ᠰᠠᠷ᠎ᠠ ᠶᠢᠨ 22 ᠳ᠋ᠤ ᠬᠠᠢ᠌ᠯᠠᠷ ᠲᠤ ᠰᠢᠭᠤᠳ ᠳᠠᠳᠠᠯᠠᠪᠠ


ᠵᠤᠬᠢᠶᠠᠭᠴᠢ ᠶᠢᠨ ᠬᠠ‍‌ᠶᠢᠭ ᠄ ᠭᠦᠯᠤᠨ ᠪᠣᠢ᠌ᠷ ᠳᠡᠭᠡᠳᠤ ᠰᠤᠷᠭᠠᠭᠤᠯᠢ

ᠵᠤᠬᠢᠶᠠᠭᠴᠢ᠄ ᠪᠣᠷᠵᠢᠭᠢᠨ·ᠳᠤᠤᠯᠢ
ᠬᠠᠷᠢᠶ᠎ᠠ᠄ ᠰᠢᠯᠦᠭ
ᠳᠠᠷᠤᠮ᠄ 1955
ᠴᠠᠭ᠄ 2012 ᠤᠨ ᠤ 12 ᠰᠠᠷ᠎ᠠ ᠶᠢᠨ 24