《ᠭᠦᠮᠤᠨ ᠤ ᠭᠡᠷᠡᠯ》 ᠵᠢᠡᠷ ᠠᠯᠤᠩᠭ᠋ᠤᠸ᠎ᠠ ᠡᠭᠡ ᠶᠢᠨ ᠵᠢᠷᠮᠦᠰᠦᠯᠡᠭ᠍ᠰᠡᠨ ᠳᠤᠬᠠᠢ

《ᠭᠦᠮᠤᠨ ᠤ ᠭᠡᠷᠡᠯ》 ᠭᠡᠭᠦᠯᠡᠷ ᠭᠠᠢ᠌ᠬᠠᠬᠤ ᠭᠦᠮᠤᠨ ᠪᠠᠢ᠌ᠬᠤ ᠮᠠᠭᠠᠤᠨ᠃ ᠪᠢ ᠪᠠᠰᠠ ᠥᠨᠡᠭᠡᠷ ᠳᠤᠩ ᠭᠠᠢ᠌ᠬᠠᠳᠠᠭ ᠪᠠᠢ᠌ᠭᠰᠠᠨ ᠶᠤᠮ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠭᠦᠮᠤᠨ ᠡᠴᠡ ᠪᠠᠰᠠ ᠭᠡᠷᠡᠯ ᠭᠠᠷᠳᠠᠭ ᠭᠡᠵᠤ ᠦᠦ︖

ᠪᠢ ᠡᠨᠡ 《ᠭᠦᠮᠤᠨ ᠤ ᠭᠡᠷᠯ》 ᠭᠡᠳᠡᠭ᠌ ᠤᠨ ᠳᠤᠬᠠᠢ ᠬᠠᠮᠤᠭ ᠠᠩᠬ᠎ᠠ ᠡᠮᠡᠭᠡ ᠶᠢᠨ ᠶᠢᠡᠨ ᠠᠮᠠᠨ ᠡᠴᠡ ᠰᠤᠨᠤᠰᠤᠭᠰᠠᠨ ᠪᠦᠭᠡᠳ ᠮᠢᠨᠤ ᠡᠮᠡᠭᠡ ᠪᠣᠯ 《ᠭᠦᠮᠤᠨ ᠤ ᠭᠡᠷᠡᠯ》 ᠭᠡᠭᠦ ᠪᠢᠰᠢ᠂ 《ᠳ᠋ᠸᠩ》 ᠭᠡᠳᠡᠭ᠌ ᠪᠠᠢ᠌ᠭᠰᠠᠨ ᠶᠤᠮ᠃ ᠪᠠᠭ᠎ᠠ ᠳᠤ ᠪᠠᠨ ᠪᠢ ᠰᠦᠨᠢ ᠭᠠᠭᠠᠴᠠᠭᠠᠷ ᠶᠠᠪᠣᠬᠤ ᠡᠴᠡ ᠪᠠᠨ ᠠᠮᠢ ᠦᠭᠡᠶ ᠠᠶᠤᠨ᠎ᠠ᠃ ᠳᠠᠭᠠᠭᠤᠯᠡᠷ ᠡᠮᠡᠭᠡ ᠮᠢᠨᠢ ᠨᠠᠮ᠎ᠠ ᠶᠢ ᠭᠡᠵᠢᠶᠡᠳᠡ 《ᠡᠷ᠎ᠡ ᠭᠦᠮᠤᠨ》 ᠪᠣᠯᠭᠠᠴᠢᠬᠠᠭᠰᠠᠨ 《〈ᠡᠷ᠎ᠡ ᠭᠦᠮᠤᠨ ᠭᠡᠳᠡᠭ᠌ ᠴᠢᠨᠢ ᠴᠢᠯᠠᠭᠤᠨ ᠡᠴᠡ ᠪᠣᠰᠤᠳ ᠢ ᠨᠢ ᠢᠳᠠᠨ᠎ᠡ᠂ ᠴᠢᠨ᠋ᠸ᠎ᠠ ᠡᠴᠡ ᠪᠣᠰᠤᠳ ᠢ ᠨᠢ ᠣᠨᠤᠨ᠎ᠠ〉 ᠭᠡᠳᠡᠭ᠌᠃ ᠶᠠᠭᠤᠨ ᠡᠴᠡ ᠠᠶᠤᠬᠤ ᠶᠤᠮ︖ ᠡᠷ᠎ᠡ ᠭᠦᠮᠤᠨ ᠢ ᠠᠶᠤᠯᠭᠠᠵᠤ ᠳᠡᠢ᠌ᠯᠭᠦ ᠶᠠᠭᠤᠮ᠎ᠠ ᠪᠠᠢ᠌ᠳᠠᠭ ᠶᠤᠮ ᠦᠦ︕ ᠬᠠᠷᠢᠨ ᠰᠦᠨᠢ ᠣᠷᠤᠢ ᠭᠡᠭᠡᠷ᠎ᠡ ᠭᠠᠳᠠᠨ᠎ᠠ ᠶ‍ᠪᠣᠪᠠᠯ ᠪᠦᠷᠦᠢ ᠪᠣᠯᠤᠭᠰᠠᠨ ᠤ ᠬᠣᠢ᠌ᠨ᠎ᠠ ᠪᠣᠯ ᠠᠷᠤ ᠳᠤ ᠴᠢᠨᠢ ᠭᠦᠮᠤᠨ ᠳᠠᠭᠤᠳᠠᠪᠠᠯ ᠠᠳᠠᠭ ᠲᠤ ᠪᠠᠨ ᠭᠤᠷᠪᠠ ᠣᠳᠠᠭ᠎ᠠ ᠳᠠᠭᠤᠳᠠᠬᠤ ᠦᠭᠡᠶ ᠪᠣᠯ ᠬᠠᠷᠢᠭᠤ ᠳᠤᠤᠭᠠᠷᠴᠤ ᠪᠣᠯᠬᠤ ᠦᠭᠡᠶ᠃ ᠶᠠᠮᠠᠷ ᠳᠠᠭᠤ ᠴᠢᠮᠡᠭᠡ ᠭᠠᠷᠤᠭᠰᠠᠨ ᠴᠤ ᠰᠢᠭᠤᠳ ᠭᠡᠳᠡᠷᠭᠦ ᠬᠠᠷᠠᠵᠤ ᠪᠣᠯᠬᠤ ᠦᠭᠡᠶ᠃ ᠬᠡᠦᠬᠡᠳ ᠭᠦᠮᠤᠨ ᠤ ᠬᠤᠶᠠᠷ ᠮᠦᠷᠤᠨ ᠳᠡᠭᠡᠷ᠎ᠡ ᠳᠤᠰ ᠪᠦᠷᠢ ᠨᠢᠭᠡ ᠳ᠋ᠸᠩ ᠠᠰᠠᠵᠤ ᠪᠠᠢ᠌ᠳᠠᠭ ᠶᠤᠮ᠃ ᠪᠠᠷᠠᠭᠤᠨ ᠮᠦᠷᠤᠨ ᠤ ᠭᠢᠨᠢ ᠢᠯᠡᠭᠦᠤ ᠭᠡᠷᠡᠯ ᠲᠡᠶ᠂ ᠳᠠᠷᠠ ᠨᠢ ᠠᠪᠣ ᠶᠢᠨ ᠭᠢᠨᠢ ᠠᠰᠠᠭᠠᠵᠤ ᠳᠠᠯᠪᠢᠭᠰᠠᠨ ᠳ᠋ᠸᠩ᠂ ᠵᠡᠭᠦᠨ ᠮᠦᠷᠤᠨ ᠤ ᠳ᠋ᠸᠩ ᠤᠨ ᠭᠢᠨᠢ ᠭᠡᠷᠡᠯ ᠨᠢ ᠪᠠᠭ᠎ᠠ ᠪᠦᠳᠡᠭᠢ ᠰᠢᠭ᠌᠂ ᠳᠠᠷᠠ ᠨᠢ ᠡᠵᠢ ᠶᠢᠨ ᠭᠢᠨᠢ ᠠᠰᠠᠭᠠᠵᠤ ᠳᠠᠯᠪᠢᠭᠰᠠᠨ ᠳ᠋ᠸᠩ ᠭᠡᠳᠡᠭ᠌ ᠶᠤᠮ᠃ ᠡᠨᠡ ᠬᠤᠶᠠᠷ ᠳ᠋ᠸᠩ ᠠᠰᠠᠵᠤ ᠪᠠᠢ᠌ᠭᠰᠠᠨ ᠴᠠᠭ ᠲᠤ ᠳᠠᠷᠠ ᠳ᠋ᠸᠩ ᠤᠨ ᠭᠡᠷᠡᠯ ᠡᠴᠡ ᠨᠢ ᠠᠶᠤᠭᠠᠤᠨ ᠶᠠᠭᠤ ᠴᠤ ᠬᠠᠯᠳᠠᠵᠤ ᠴᠢᠳᠠᠬᠤ ᠦᠭᠡᠶ ᠶᠤᠮ᠃ ᠬᠠᠷᠢᠨ ᠭᠦᠮᠤᠨ ᠦᠪᠡᠷ ᠶᠢᠡᠨ ᠠᠶᠤᠭᠠᠤᠨ ᠰᠠᠨᠠᠭᠠᠨ ᠳᠤ ᠦᠭᠡᠶ ᠭᠡᠳᠡᠷᠭᠦ ᠬᠠᠷᠠᠭᠰᠠᠭᠠᠷ ᠡᠨᠡ ᠳ᠋ᠸᠩ ᠨᠢ ᠣᠠᠳᠠᠷᠠᠴᠢᠬᠠᠳᠠᠭ᠃ ᠳᠡᠭᠡᠭᠡᠳ ᠳ᠋ᠸᠩ ᠨᠢ ᠣᠠᠳᠠᠷᠠᠮᠠᠭᠴᠠ 〈ᠮᠠᠭᠤ ᠶᠠᠭᠤᠮ᠎ᠠ〉 ᠠᠶᠤᠬᠤ ᠦᠭᠡᠶ ᠪᠣᠯᠴᠢᠬᠠᠳᠠᠭ᠃ ᠠᠯᠢ ᠮᠦᠷ ᠶᠢᠡᠨ ᠳᠠᠭᠠᠵᠤ ᠭᠡᠳᠡᠷᠭᠦ ᠬᠠᠷᠠᠪᠠᠯ ᠳᠠᠷᠠ ᠮᠦᠷᠤᠨ ᠤ ᠭᠢᠨᠢ ᠳ᠋ᠸᠩ ᠨᠢ ᠣᠠᠳᠠᠷᠠᠳᠠᠭ ᠶᠤᠮ᠃ ᠳᠠᠢ᠌ᠮᠤ ᠡᠴᠡ ᠦᠳᠡᠰᠢ ᠣᠷᠤᠢ ᠭᠡᠭᠡᠷ᠎ᠡ ᠭᠠᠳᠠᠨ᠎ᠡ ᠶᠠᠪᠣᠵᠤ ᠪᠠᠢ᠌ᠭᠠᠤᠨ ᠵᠠᠪᠠᠯ ᠬᠣᠢ᠌ᠰᠢ ᠬᠠᠷᠠᠬᠤ ᠴᠢᠬᠤᠯᠠ ᠲᠡᠶ ᠪᠣᠯ ᠰᠢᠭᠤᠳ ᠭᠡᠳᠡᠷᠭᠦ ᠬᠠᠷᠠᠳᠠᠭ ᠦᠭᠡᠶ᠂ ᠵᠠᠪᠠᠯ ᠵᠡᠭᠦᠨ ᠮᠦᠷᠤ ᠪᠠᠨ ᠳᠠᠭᠠᠵᠤ ᠠᠭᠠᠵᠢᠮ ᠶᠢᠡᠷ ᠭᠡᠳᠡᠷᠭᠦ ᠡᠷᠭᠢᠵᠤ ᠪᠠᠢ᠌ᠭᠠᠤᠨ ᠥᠵᠡᠭᠦ ᠭᠡᠷᠡᠭ᠍ᠳᠡᠢ》 ᠭᠡᠳᠡᠭ᠌᠃ ᠳᠠᠭᠠᠭᠤᠯᠡᠷ ᠨᠢ ᠪᠢ ᠣᠯᠠᠮ ᠭᠠᠢ᠌ᠬᠠᠵᠤ 《ᠲ᠋ᠠᠷᠠ ᠳ᠋ᠸᠩ ᠨᠢ ᠳᠡᠭᠡᠭᠡᠳ ᠬᠠᠮᠢᠭ᠎ᠠ ᠪᠠᠢ᠌ᠨ᠎ᠠ︖ ᠶᠠᠭᠠᠭᠢᠭᠠᠤᠨ ᠬᠠᠷᠠᠭᠳᠠᠬᠤ ᠦᠭᠡᠶ ᠶᠤᠮ︖》 ᠭᠡᠵᠤ ᠦᠪᠡᠷ ᠤᠨ ᠶᠢᠡᠨ ᠮᠦᠷᠤ ᠶᠢ ᠳᠠᠮᠳᠠᠷᠢᠨ ᠳᠡᠭᠦᠤ ᠶᠢᠨ ᠶᠢᠡᠨ ᠮᠦᠷᠤ ᠶᠢ ᠠᠵᠢᠭᠯᠠᠵᠤ ᠭᠠᠢ᠌ᠬᠠᠨ ᠠᠰᠠᠭᠤᠬᠤ ᠳᠤ᠂ ᠡᠮᠡᠭᠡ 《ᠲ᠋ᠠᠷᠠ ᠴᠢᠨᠢ ᠭᠦᠮᠤᠨ ᠳᠤ ᠥᠵᠡᠭ᠍ᠳᠡᠳᠡᠭ᠌ ᠶᠤᠮ ᠦᠦ︖ ᠴᠢᠦᠡᠭᠦᠷ ᠲᠤ ᠰᠠ‍‌ᠶᠢ ᠥᠵᠡᠭ᠍ᠳᠡᠳᠡᠭ᠌ ᠶᠤᠮ》 ᠭᠡᠵᠤ ᠠᠵᠢᠭ ᠴᠤ ᠦᠭᠡᠶ ᠭᠡᠯᠡᠳᠡᠭ᠌᠃ ᠪᠢ ᠠᠶᠤᠬᠤ ᠪᠠᠷ ᠶᠢᠡᠨ ᠠᠶᠤᠵᠤ ᠭᠠᠢ᠌ᠬᠠᠬᠤ ᠪᠠᠷ ᠶᠢᠡᠨ ᠭᠠᠢ᠌ᠬᠠᠵᠤ ᠶᠠᠪᠣᠭᠰᠠᠨ ᠪᠣᠯᠪᠠᠴᠤ ᠥᠨᠡᠭᠡᠷ ᠪᠠᠰᠠ ᠰᠦᠨᠢ ᠣᠷᠤᠢ ᠰᠢᠭᠤᠳ ᠭᠡᠳᠡᠭᠦ ᠬᠠᠷᠠᠳᠠᠭ ᠦᠭᠡᠶ ᠵᠠᠩ ᠲᠡᠶ ᠪᠣᠯᠴᠢᠬᠠᠭᠰᠠᠨ ᠶᠤᠮ᠃ ᠭᠡᠳᠡᠯ᠎ᠡ ᠣᠳᠤ ᠪᠣᠯ 《ᠭᠦᠮᠤᠨ ᠤ ᠭᠡᠷᠡᠯ》 ᠢ ᠪᠢᠰᠢ᠂ 《ᠭᠦᠮᠤᠨ ᠤ ᠭᠡᠷᠡᠯ》 ᠢ ᠮᠡᠳᠡᠳᠡᠭ᠌ ᠪᠠᠢ᠌ᠭᠰᠠᠨ ᠮᠤᠩᠭ᠋ᠤᠯ ᠭᠦᠮᠤᠨ ᠤ ᠰᠠᠴᠠᠨ ᠮᠡᠷᠭᠡᠨ ᠣᠢ ᠪᠢᠯᠢᠭ᠌ ᠢ ᠭᠠᠢ᠌ᠬᠠᠬᠤ ᠦᠭᠡᠶ᠂ ᠪᠢᠰᠢᠷᠡᠭᠦ ᠦᠭᠡᠶ ᠪᠠᠢ᠌ᠬᠤ ᠶᠢᠨ ᠠᠷᠭ᠎ᠠ ᠦᠭᠡᠶ ᠪᠣᠯᠪᠠ᠃

《ᠭᠦᠮᠤᠨ ᠤ ᠭᠡᠷᠡᠯ》 ᠊ᠤᠨ ᠳᠤᠬᠠᠢ ᠰᠤᠳᠤᠯᠭᠠᠨ ᠢ ᠦᠨᠳᠦᠰᠦᠯᠠᠪᠠᠯ᠂ 1911 ᠣᠨ ᠳᠤ ᠠᠩᠭ᠍ᠯᠢ ᠣᠯᠤᠰ ᠤᠨ ᠡᠮᠴᠢ ᠸᠠᠷᠳ᠋᠂ ᠺᠷᠢᠨᠠ (华尔德·基尔纳) ᠭᠡᠨᠡᠳᠲᠡ ᠶᠢᠨ ᠲᠤᠬᠢᠶᠠᠯᠳᠤᠯ ᠶᠢᠡᠷ ᠭᠦᠮᠤᠨ ᠤ ᠪᠠᠶ᠎ᠠ ᠶᠢᠨ ᠭᠠᠳᠠᠭᠤᠷ 15 ᠮᠢᠯᠢᠮᠸᠲ᠋ᠷ ᠣᠷᠴᠢᠮ ᠭᠡᠷᠡᠯ ᠤᠨ ᠪᠦᠷᠭᠦᠭᠦᠯ ᠲᠡᠶ ᠪᠠᠢ᠌ᠳᠠᠭ ᠢ ᠣᠯᠵᠤ ᠮᠡᠳᠡᠭ᠍ᠰᠡᠨ ᠴᠤ ᠳᠤᠬᠠᠢ ᠶᠢᠨ ᠦᠶ᠎ᠡ ᠳᠤ ᠥᠴᠦᠭᠡᠨ ᠴᠤ ᠭᠦᠮᠤᠨ ᠤ ᠠᠩᠬᠠᠷᠤᠯ ᠢ ᠳᠠᠳᠠᠵᠤ ᠳᠡᠢ᠌ᠯᠦᠭ᠍ᠰᠡᠨ ᠦᠭᠡᠶ ᠪᠠᠢ᠌ᠵᠤ᠂ ᠭᠡᠵᠢᠶ᠎ᠡ ᠬᠤᠵᠢᠮ ᠨᠢ 1939 ᠣᠨ ᠳᠤ ᠣᠤᠯ ᠤᠨ ᠵᠦᠪᠯᠠᠯᠠᠳᠤ ᠬᠤᠯᠪᠣᠭᠠᠳᠤ ᠣᠯᠤᠰ ᠤᠨ ᠢᠨᠵᠧᠨᠧᠷ ᠰ·ᠸ·ᠺᠢᠷᠯᠢ ᠠᠨ (基利安) ᠡᠷ᠎ᠡ ᠡᠮ᠎ᠡ ᠬᠤᠶᠠᠭᠤᠯᠠ ᠰᠡᠭᠦᠳᠡᠷᠯᠡᠭ᠍ᠳᠡᠭᠦ ᠪᠠᠶᠠᠳᠤ ᠨᠢᠭᠡᠨ ᠦᠨᠳᠦᠷ ᠳᠠᠪᠳᠠᠮᠵᠢ ᠦᠨᠳᠦᠷ ᠳᠠᠷᠤᠯᠳᠠ ᠡᠭᠦᠰᠭᠡᠭ᠍ᠴᠢ ᠡᠴᠡ ᠦᠨᠳᠦᠷ ᠳᠠᠪᠳᠠᠮᠵᠢᠳᠤ ᠴᠠᠭᠢᠯᠭᠠᠨ ᠣᠷᠤᠨ ᠡᠭᠦᠰᠭᠡᠵᠤ ᠪᠠᠢ᠌ᠬᠤ ᠳᠤ ᠭᠦᠮᠤᠨ ᠤ ᠪᠠᠶ᠎ᠠ ᠶᠢᠨ ᠳᠤᠭᠤᠷᠢᠨ ᠳᠤ ᠵᠤᠭᠢᠬᠤ ᠭᠡᠮᠵᠢᠶᠡᠨ ᠤ ᠥᠩᠭᠡᠳᠤ ᠭᠡᠷᠡᠯ ᠤᠨ ᠴᠠᠭᠠᠷᠢᠭ ᠪᠣᠯᠤᠨ ᠭᠡᠷᠡᠯ ᠤᠨ ᠴᠡᠭ᠌ ᠪᠠᠢ᠌ᠬᠤ ᠶᠢ ᠢᠯᠡᠷᠡᠭᠦᠯᠦᠭ᠍ᠰᠡᠨ ᠨᠢ ᠳᠡᠯᠡᠭᠡᠢ ᠳ᠋ᠠᠭᠢᠨ ᠳᠤ ᠳᠤᠩᠰᠤᠯᠤᠯᠳᠠ ᠡᠭᠦᠰᠭᠡᠭ᠍ᠰᠡᠨ ᠶᠤᠮ᠃ ᠢᠩᠭᠢᠭᠡᠳ 80 ᠊ᠭᠠᠤᠨ ᠣᠨ ᠤ ᠰᠡᠭᠦᠯᠴᠢ ᠪᠣᠯᠬᠤ ᠳᠤ ᠭᠦᠮᠤᠨ ᠤ ᠪᠠᠶ᠎ᠠ ᠶᠢᠨ ᠭᠡᠷᠡᠯ ᠤᠨ ᠰᠤᠳᠤᠯᠭᠠᠨ ᠭᠦᠡᠵᠡᠭᠡᠢ᠌ᠷᠡᠵᠤ᠂ ᠭᠦᠮᠤᠨ ᠤ ᠪᠠᠶ᠎ᠠ ᠨᠢ ᠭᠡᠷᠡᠯ ᠭᠠᠷᠭᠠᠳᠠᠭ ᠴᠤ ᠢᠯᠴᠢ ᠭᠠᠷᠭᠠᠳᠠᠭ ᠦᠭᠡᠶ ᠪᠠᠢ᠌ᠵᠤ᠂ ᠡᠩ ᠤᠨ ᠭᠦᠮᠤᠨ ᠤ ᠪᠠᠶ᠎ᠠ ᠶᠢᠨ ᠭᠠᠳᠠᠭᠤᠷ 20 ᠮᠢᠯᠢᠮᠸᠲ᠋ᠸᠷ ᠣᠷᠴᠢᠮ ᠭᠡᠷᠡᠯ ᠤᠨ ᠴᠠᠭᠠᠷᠢᠭ ᠪᠦᠷᠭᠦᠵᠤ ᠪᠠᠢ᠌ᠳᠠᠭ ᠴᠤ ᠮᠢᠬᠠᠨ ᠨᠢᠳᠤ ᠪᠠᠷ ᠣᠯᠵᠤ ᠬᠠᠷᠠᠳᠠᠭ ᠦᠭᠡᠶ ᠪᠣᠯᠬᠤ ᠶᠢ ᠮᠡᠳᠡᠭ᠍ᠰᠡᠨ ᠶᠤᠮ᠃ ᠭᠦᠮᠤᠨ ᠪᠦᠭᠦᠨ ᠤ ᠪᠠᠶ᠎ᠠ ᠳᠤ ᠠᠶᠠᠠᠳᠠᠭᠠᠨ ᠪᠠᠢ᠌ᠬᠤ᠂ ᠮᠢᠬᠠᠨ ᠨᠢᠳᠤ ᠪᠠᠷ ᠣᠯᠵᠤ ᠬᠠᠷᠠᠳᠠᠭ ᠦᠭᠡᠶ ᠡᠢ᠌ᠮᠦᠷᠭᠦ ᠭᠡᠷᠡᠯ ᠢ ᠰᠡᠷᠢᠭᠦᠨ ᠭᠡᠷᠡᠯ ᠭᠡᠳᠡᠭ᠌᠃ ᠭᠦᠮᠤᠨ ᠤ ᠪᠠᠶ᠎ᠠ ᠮᠠᠬᠠᠪᠣᠤᠨ ᠨᠢ ᠨᠢᠭᠡᠨ ᠣᠷᠭᠠᠨᠢᠭ ᠪᠣᠳᠠᠰ ᠪᠣᠯᠬᠤ ᠶᠢᠨ ᠬᠤᠪᠢ ᠳᠤ ᠭᠠᠳᠠᠭᠠᠳᠤ ᠶ‍ᠢᠷᠳᠢᠠᠴᠤ ᠡᠴᠡ ᠳᠠᠰᠤᠷᠠᠯ ᠦᠭᠡᠶ ᠡᠨᠧᠷᠭᠢ ᠨᠥᠭᠦᠪᠦᠷᠢᠯᠡᠵᠤ ᠪᠠᠢ᠌ᠳᠠᠭ ᠮᠥᠷᠳᠡᠭᠡᠨ ᠡᠩ ᠤᠨ ᠦᠶ᠎ᠡ ᠳᠤ ᠭᠦᠮᠤᠨ ᠤ ᠪᠠᠶ᠎ᠠ ᠶᠢᠨ ᠳᠤᠯᠠᠭᠠᠨ ᠤ ᠭᠡᠮᠵᠢᠶ᠎ᠡ ᠨᠢ ᠦᠪᠡᠷ ᠤᠨ ᠶᠢᠡᠨ ᠣᠷᠴᠢᠨ ᠳᠤᠭᠤᠷᠢᠨ ᠡᠴᠡ ᠪᠠᠨ ᠦᠨᠳᠦᠷ ᠪᠠᠢ᠌ᠵᠤ᠂ ᠭᠦᠮᠤᠨ ᠤ ᠪᠠᠶ᠎ᠠ ᠶᠢᠨ ᠡᠨᠧᠷᠭᠢ ᠶᠢᠨ ᠨᠢᠭᠳᠠᠴᠠ ᠶᠢᠨ ᠭᠡᠮᠵᠢᠶ᠎ᠡ ᠨᠢ ᠴᠤ ᠣᠷᠴᠢᠨ ᠳᠤᠭᠤᠷᠢᠨ ᠡᠴᠡ ᠪᠠᠨ ᠦᠨᠳᠦᠷ ᠪᠠᠢ᠌ᠳᠠᠭ ᠳᠤᠯᠠ ᠣᠠᠴᠠᠭᠠᠢ ᠪᠠᠢ᠌ᠳᠠᠯ ᠳᠤ ᠣᠷᠴᠢᠨ ᠳᠤᠭᠤᠷᠢᠨ ᠤ ᠪᠠᠨ ᠰᠢᠬᠠᠯᠳᠠ ᠶᠢᠨ ᠣᠢ᠌ᠯᠠᠳᠤᠯ ᠶᠢᠡᠷ ᠡᠨᠧᠷᠭᠢ ᠪᠠᠨ 《ᠠᠯᠳᠠᠬᠤ》 ᠦᠶ᠎ᠡ ᠳᠤ ᠡᠷᠢᠶᠡᠯᠵᠢᠨ ᠮᠢᠷᠠᠯᠵᠢᠭᠰᠠᠨ ᠣᠯᠠᠨ ᠥᠩᠭᠡ ᠶᠢᠨ ᠭᠡᠷᠡᠯ ᠭᠠᠷᠭᠠᠳᠠᠭ ᠢ ᠨᠢ ᠭᠦᠮᠤᠨ ᠤ ᠪᠠᠶ᠎ᠠ ᠶᠢᠨ ᠭᠢᠯᠪᠠᠭ᠎ᠠ ᠭᠡᠳᠡᠭ᠌᠃

ᠰᠢᠡᠵᠢᠯᠡᠭᠦ ᠣᠬᠠᠭᠠᠠᠳᠠᠤᠨ ᠣᠳᠤ ᠦᠶ᠎ᠡ ᠶᠢᠨ ᠳᠡᠭᠡᠳᠤ ᠰᠢᠡᠵᠢᠯᠡᠭᠡ ᠮᠡᠷᠭᠡᠵᠢᠯ ᠪᠠ ᠪᠠᠭᠠᠵᠢ ᠭᠡᠷᠡᠭᠯᠡᠭᠦᠷ ᠶᠢᠡᠷ ᠳᠠᠮᠵᠢᠵᠤ ᠭᠦᠮᠤᠨ ᠤ ᠪᠠᠶ᠎ᠠ ᠶᠢᠨ ᠭᠡᠷᠡᠯ ᠢ ᠨᠤᠳᠠᠯᠠᠬᠤ ᠡᠴᠡ ᠬᠤᠯᠠ ᠡᠮᠤᠨ᠎ᠡ ᠮᠤᠩᠭ᠋ᠤᠯᠴᠤᠳ ᠭᠦᠮᠤᠨ ᠤ ᠪᠠᠶ᠎ᠠ ᠶᠢᠨ ᠭᠡᠷᠡᠯ ᠢ ᠮᠠᠳᠠᠷᠠᠵᠤ ᠳᠠᠨᠢᠵᠤ ᠥᠭᠡᠷ᠎ᠡ ᠨᠢᠭᠡ ᠳᠠᠯ᠎ᠠ ᠡᠴᠡ ᠵᠦᠪ ᠳᠠᠢ᠌ᠯᠪᠣᠷᠢᠯᠠᠵᠤ ᠪᠠᠢ᠌ᠭᠰᠠᠨ ᠨᠢ ᠰᠤᠨᠢᠷᠬᠠᠯᠳᠠᠢ᠃ ᠳᠡᠭᠡᠷᠡᠭᠢ ᠶᠠᠷᠢᠭᠰᠠᠨ 《ᠭᠦᠮᠤᠨ ᠤ ᠬᠤᠶᠠᠷ ᠮᠦᠷᠤᠨ ᠳᠡᠭᠡᠷ᠎ᠡ ᠳᠤᠰ ᠪᠦᠷᠢ ᠨᠢᠭᠡ ᠳ᠋ᠸᠩ ᠠᠰᠠᠵᠤ ᠪᠠᠢ᠌ᠳᠠᠭ》 ᠭᠡᠳᠡᠭ᠌ ᠨᠢ ᠶᠠᠭ ᠭᠦᠮᠤᠨ ᠤ ᠪᠠᠶ᠎ᠠ ᠡᠴᠡ ᠭᠡᠷᠡᠯ ᠭᠠᠷᠳᠠᠭ ᠭᠡᠰᠡᠨ ᠲᠡᠶ ᠨᠠᠢ᠌ᠴᠠᠵᠤ ᠪᠠᠢ᠌ᠬᠤ ᠮᠥᠷᠳᠡᠭᠡᠨ ᠣᠳᠤ ᠦᠶ᠎ᠡ ᠶᠢᠨ ᠰᠤᠳᠤᠯᠭᠠᠨ ᠳᠤ ᠭᠡᠷᠡᠴᠢᠯᠡᠭ᠍ᠰᠡᠨ 《ᠭᠦᠮᠤᠨ ᠤ ᠪᠠᠶ᠎ᠠ ᠶᠢᠨ ᠳᠡᠭᠡᠳᠤ ᠭᠡᠰᠡᠭ᠌ ᠤᠨ ᠭᠡᠷᠡᠯ ᠨᠢ ᠳᠤᠤᠷᠠᠳᠤ ᠭᠡᠰᠡᠭ᠌ ᠤᠨ ᠭᠡᠷᠡᠯ ᠡᠴᠡ ᠴᠢᠩᠭ᠎ᠠ ᠪᠠᠢ᠌ᠳᠠᠭ》 ᠭᠡᠰᠡᠨ ᠲᠡᠶ ᠴᠤ ᠨᠠᠢ᠌ᠴᠠᠵᠤ ᠪᠠᠢ᠌ᠭ᠎ᠠ ᠶᠤᠮ᠃ ᠨᠠᠷᠢᠨ ᠰᠢᠠᠵᠢᠪᠠᠯ 《ᠮᠤᠩᠭ᠋ᠤᠯ ᠤᠨ ᠨᠢᠭᠤᠴᠠ ᠳᠤᠪᠴᠢᠶᠠᠨ》 ᠳᠤ ᠭᠦᠮᠤᠨ ᠤ 《ᠨᠢᠳᠤᠨ ᠳᠤ ᠭᠠᠯᠳᠤ᠂ ᠨᠢᠭᠤᠷ ᠲᠤ ᠪᠠᠨ ᠭᠡᠷᠡᠯᠳᠤ》 ᠪᠣᠯᠬᠤ ᠶᠢ ᠣᠠᠴᠠ ᠴᠢᠬᠤᠯᠠᠴᠢᠯᠠᠳᠠᠭ ᠨᠢ ᠭᠦᠮᠤᠨ ᠤ ᠡᠷᠡᠭᠦᠯ ᠴᠢᠭᠢᠷᠠᠭ᠂ ᠴᠤᠭ ᠵᠢᠪᠬᠤᠭ᠎ᠠ ᠲᠡᠶ᠂ ᠭᠡᠢ ᠮᠤᠷᠢ ᠴᠤᠭ ᠰᠦᠯᠳᠡ ᠲᠡᠶ ᠪᠣᠯᠬᠤ ᠦᠩᠭᠡᠨ ᠳᠠᠯ᠎ᠠ ᠶᠢᠨ ᠣᠠᠴᠠᠯᠢᠭ ᠳᠦᠷᠢ ᠶᠢ ᠯᠠ ᠵᠢᠭᠠᠭᠰᠠᠨ ᠪᠢᠰᠢ ᠬᠠᠷᠢᠨ ᠨᠠᠩ ᠳᠠᠯᠳᠠ ᠡᠴᠢᠨ᠎ᠡ ᠭᠦᠨ ᠣᠤᠠᠬ᠎ᠠ ᠰᠠᠨᠠᠭ᠎ᠠ ᠲᠡᠶ ᠪᠠᠢ᠌ᠭᠰᠠᠨ ᠰᠢᠭ ᠪᠠᠢ᠌ᠨ᠎ᠠ᠃ 《ᠨᠢᠳᠤᠨ ᠳᠤ ᠪᠠᠨ ᠭᠠᠯᠳᠤ᠂ ᠨᠢᠭᠤᠷ ᠲᠤ ᠪᠠᠨ ᠭᠡᠷᠡᠯᠳᠤ》 ᠨᠢ ᠳᠤᠬᠠᠢ ᠶᠢᠨ ᠦᠶ᠎ᠡ ᠶᠢᠨ ᠮᠤᠩᠭ᠋ᠤᠯᠴᠤᠳ ᠤᠨ ᠭᠦᠮᠤᠨ ᠢ ᠰᠢᠡᠵᠢᠭᠦ ᠬᠠᠮᠤᠭ ᠤᠨ ᠦᠨᠳᠦᠰᠦᠨ ᠪᠠᠷᠢᠮᠵᠢᠶ᠎ᠠ ᠪᠣᠯᠵᠤ ᠪᠠᠢ᠌ᠭᠰᠠᠨ ᠨᠢ ᠯᠠᠪᠳᠠᠢ᠃ 《ᠡᠨᠡ ᠬᠡᠦᠬᠡᠳ ᠭᠦᠮᠤᠨ ᠳᠤ ᠬᠤᠪᠢ ᠳᠠᠢ》᠂ 《ᠭᠠᠯ ᠲᠡᠶ ᠴᠤᠭ ᠲᠡᠶ ᠬᠡᠦᠬᠡᠳ》᠂ 《ᠭᠡᠭᠡᠨ ᠴᠠᠭᠠᠨ ᠵᠢᠰᠤ ᠳᠠᠢ》᠁ ᠭᠡᠭᠦ ᠮᠠᠳᠤ ᠶᠢᠨ ᠭᠡᠯᠡᠯᠭᠡ ᠪᠣᠯ ᠳᠠᠷᠤᠢ ᠡᠷᠳᠡᠨ ᠮᠤᠩᠭ᠋ᠤᠯᠴᠤᠳ ᠤᠨ ᠭᠦᠮᠤᠨ ᠤ ᠪᠠᠶ᠎ᠠ ᠶᠢᠨ ᠭᠡᠷᠡᠯ ᠲᠡᠶ ᠪᠠᠢ᠌ᠳᠠᠭ ᠢ ᠮᠠᠳᠠᠷᠠᠵᠤ ᠴᠢᠬᠤᠯᠠᠴᠢᠯᠠᠳᠠᠭ ᠪᠠᠢ᠌ᠭᠰᠠᠨ ᠰᠡᠳᠭᠢᠭᠦᠢ ᠶᠢᠨ ᠭᠡᠯᠪᠠᠷᠢ ᠵᠢᠨ ᠢᠯᠠᠷᠠᠯ ᠥᠭᠡ ᠭᠡᠯᠡᠨ ᠳᠤ ᠳᠤᠰᠬᠠᠭᠳᠠᠨ ᠥᠯᠡᠳᠡᠭ᠍ᠰᠡᠨ ᠶᠠᠪᠣᠳᠠᠯ ᠪᠣᠯᠬᠤ ᠶᠤᠮ᠃ ᠮᠤᠩᠭ᠋ᠤᠯ ᠭᠡᠯᠡᠨ ᠳᠤ ᠭᠦᠮᠤᠨ ᠤ ᠬᠠᠴᠠᠷ ᠤᠨ ᠳᠦᠡᠳᠦᠭᠦᠷ ᠭᠡᠰᠡᠭ᠌ ᠢ 《ᠭᠡᠷ᠎ᠡ ᠬᠠᠴᠠᠷ》 ᠭᠡᠳᠡᠭ᠌ ᠤᠨ 《ᠭᠡᠷ᠎ᠡ》 ᠨᠢ 《ᠭᠡᠷ》 ᠭᠡᠰᠡᠨ ᠥᠭᠡ ᠪᠢᠰᠢ ᠬᠠᠷᠢᠨ 《ᠭᠡᠷᠡᠯ》 ᠭᠡᠰᠡᠨ ᠥᠭᠡ ᠶᠢᠨ ᠢᠵᠠᠭᠤᠷ ᠪᠣᠯᠬᠤ ᠶᠤᠰᠤᠳᠠᠢ ᠶᠤᠮ᠃ ᠡᠨᠡ ᠥᠭᠡ ᠶᠢ 《ᠭᠡᠷ ᠪᠠᠷᠢᠯᠭ᠎ᠠ》 ᠵᠢᠨ ᠭᠡᠷ ᠡᠴᠡ ᠳᠦᠷᠰᠦ ᠢᠯᠭᠠᠵᠤ 《ᠭᠡᠷ᠎ᠡ》 ᠭᠡᠵᠤ ᠪᠢᠴᠢᠵᠤ ᠪᠠᠢ᠌ᠭ᠎ᠠ ᠪᠢᠰᠢ᠂ ᠬᠠᠷᠢᠨ ᠶᠠᠭ 《ᠭᠡᠷᠡᠯ ᠭᠡᠭᠡ》 ᠵᠢᠨ ᠭᠡᠷᠡᠯ ᠭᠡᠰᠡᠨ ᠤ ᠢᠵᠠᠭᠤᠷ ᠪᠣᠯᠬᠤ ᠶᠢ ᠳᠤᠳᠤᠷᠬᠠᠢ᠌ᠯᠠᠨ ᠢᠯᠡᠳᠭᠡᠵᠤ ᠪᠠᠢ᠌ᠨ᠎ᠠ ᠭᠡᠵᠤ ᠳᠠᠢ᠌ᠯᠪᠣᠷᠢᠯᠠᠪᠠᠯ ᠨᠠᠩ ᠣᠨᠤᠭᠰᠠᠨ ᠳᠠᠢ᠌ᠯᠪᠣᠷᠢ ᠨᠢ ᠪᠣᠯᠬᠤ ᠪᠠᠢ᠌ᠬ᠎ᠠ ᠡ︕ ᠡᠨᠡ ᠨᠢ ᠶᠠᠭ ᠣᠳᠤ ᠦᠶ᠎ᠡ ᠶᠢᠨ ᠰᠤᠳᠤᠯᠭᠠᠨ ᠶᠢᠡᠷ ᠣᠯᠵᠤ ᠮᠡᠳᠡᠭ᠍ᠰᠡᠨ ᠭᠦᠮᠤᠨ ᠤ ᠪᠠᠶ᠎ᠠ ᠶᠢᠨ ᠵᠠᠷᠢᠮ ᠭᠡᠰᠡᠭ᠌ ᠤᠨ ᠭᠡᠷᠡᠯ ᠨᠢ ᠴᠢᠩᠭ᠎ᠠ᠂ ᠵᠠᠷᠢᠮ ᠭᠡᠰᠡᠭ᠌ ᠤᠨ ᠭᠡᠷᠡᠯ ᠨᠢ ᠰᠤᠯᠠ ᠪᠠᠢ᠌ᠳᠠᠭ ᠭᠡᠰᠡᠨ ᠲᠡᠶ ᠠᠳᠠᠯᠢ ᠪᠠᠢ᠌ᠨ᠎ᠠ᠃ ᠮᠤᠩᠭ᠋ᠤᠯᠴᠤᠳ ᠤᠨ ᠣᠢ᠌ᠯᠠᠭᠠᠯᠳᠠ ᠳᠤ ᠭᠦᠮᠤᠨ ᠤ 《ᠨᠢᠳᠤ》᠂ 《ᠬᠠᠴᠠᠷ》 ᠤᠨ ᠭᠡᠰᠡᠭ᠌ ᠤᠨ ᠭᠡᠷᠡᠯ ᠨᠢ ᠢᠯᠠ ᠳᠤᠳᠤ ᠬᠤᠷᠴᠠ ᠪᠠᠢ᠌ᠳᠠᠭ ᠭᠡᠵᠤ ᠣᠢ᠌ᠯᠠᠭᠠᠳᠠᠭ ᠪᠠᠢ᠌ᠭᠰᠠᠨ ᠤ ᠢᠯᠠᠷᠠᠯ ᠪᠣᠯᠬᠤ ᠪᠠᠢ᠌ᠬ᠎ᠠ ᠡ᠃ ᠣᠳᠤ ᠦᠶ᠎ᠡ ᠶᠢᠨ ᠰᠤᠳᠤᠯᠭᠠᠨ ᠳᠤ ᠭᠡᠢ ᠪᠢᠰᠢᠯᠭᠠᠯᠳᠠᠤᠨ ᠪᠣᠯᠤᠨ ᠭᠡᠢ ᠪᠢᠰᠢᠯᠭᠠᠯ ᠤᠨ ᠣᠤᠷ ᠴᠢᠳᠠᠪᠭᠢ ᠲᠡᠶ ᠭᠦᠮᠤᠨ ᠤ ᠪᠠᠶ᠎ᠠ ᠶᠢᠨ ᠭᠡᠷᠡᠯ ᠨᠢ ᠡᠩ ᠤᠨ ᠭᠦᠮᠤᠨ ᠤ ᠭᠢ ᠡᠴᠡ ᠬᠤᠯᠠ ᠴᠢᠩᠭ᠎ᠠ ᠭᠦᠴᠦᠳᠡᠢ ᠪᠠᠢ᠌ᠵᠤ ᠬᠠᠷᠠᠩᠭ᠋ᠤᠢ ᠰᠦᠨᠢ ᠮᠢᠬᠠᠨ ᠨᠢᠳᠤ ᠪᠠᠷ ᠣᠯᠵᠤ ᠬᠠᠷᠠᠵᠤ ᠪᠣᠯᠤᠨ᠎ᠠ ᠭᠡᠳᠡᠭ᠌᠃

ᠮᠢᠨᠤ ᠥᠵᠡᠭᠦ ᠪᠠᠷ᠂ 《ᠮᠤᠩᠭ᠋ᠤᠯ ᠤᠨ ᠨᠢᠭᠤᠴᠠ ᠳᠤᠪᠴᠢᠶᠠᠨ》 ᠳᠤ ᠠᠯᠤᠩᠭ᠋ᠤᠸ᠎ᠠ ᠡᠭᠡ ᠶᠢᠨ 《ᠭᠡᠷᠡᠯ ᠶᠢᠡᠷ ᠵᠢᠷᠮᠦᠰᠦᠯᠡᠭ᠍ᠰᠡᠨ》 ᠭᠡᠳᠡᠭ᠌ ᠨᠢ ᠦᠨᠡᠨ ᠪᠠᠢ᠌ᠳᠠᠯ ᠢ ᠨᠢᠭᠤᠵᠤ᠂ ᠡᠷ᠎ᠡ ᠦᠭᠡᠶ ᠪᠠᠷ ᠭᠦᠩᠭᠡᠵᠢᠭ᠍ᠰᠡᠨ ᠬᠡᠦᠬᠡᠳ ᠶᠢᠡᠨ ᠡᠭᠡᠯ ᠭᠦᠮᠤᠨ ᠲᠡᠶ ᠶᠠᠪᠣᠵᠤ ᠵᠢᠷᠮᠦᠰᠦᠯᠡᠭ᠍ᠰᠡᠨ (ᠥᠭᠡᠷ᠎ᠡ ᠪᠠᠷ ᠭᠡᠯᠡᠪᠠᠯ ᠮᠠᠭᠠᠯᠢᠭ ᠪᠠᠶᠠᠭᠤᠳᠠᠢ ᠶᠢᠨ ᠬᠡᠦᠬᠡᠳ) ᠪᠢᠰᠢ᠂ ᠬᠠᠷᠢᠨ ᠮᠠᠭᠠᠤᠨ ᠳᠡᠭ᠍ᠷᠢ ᠡᠴᠡ ᠡᠰᠢ ᠲᠡᠶ ᠳᠦᠷᠦᠭ᠍ᠰᠡᠨ ᠊᠊᠊᠊᠊᠊᠊᠊᠊᠊᠊᠊᠊᠊᠊ ᠳᠠᠷᠤᠢ ᠳᠡᠭ᠍ᠷᠢ ᠶᠢᠨ ᠬᠡᠦᠬᠡᠳ ᠭᠡᠵᠤ ᠳᠡᠢ᠌ᠯᠪᠦᠷᠢᠯᠡᠭ᠍ᠰᠡᠨ ᠶᠠᠪᠣᠳᠠᠯ ᠪᠢᠰᠢ᠂ ᠦᠨᠡᠨ ᠳᠤ ᠪᠠᠨ ᠦᠨᠡᠨ ᠶᠠᠪᠣᠳᠠᠯ ᠢ ᠦᠨᠡᠨ ᠮᠦᠨ ᠶᠢᠡᠷ ᠨᠢ ᠶᠠᠷᠢᠭᠰᠠᠨ ᠶᠠᠪᠣᠳᠠᠯ ᠪᠠᠢ᠌ᠵᠤ ᠪᠣᠯᠬᠤ ᠶᠤᠮ᠃ ᠳᠤᠬᠠᠢ ᠶᠢᠨ ᠦᠶ᠎ᠡ ᠳᠤ ᠬᠠᠷᠠᠩᠭ᠋ᠤᠢ ᠰᠦᠨᠢ ᠪᠠᠶ᠎ᠠ ᠡᠴᠡ ᠨᠢ ᠭᠡᠷᠡᠯ ᠭᠠᠷᠳᠠᠭ ᠭᠦᠮᠤᠨ ᠦᠷ ᠤᠨ ᠬᠠᠷᠠᠩᠭ᠋ᠤᠢ ᠪᠠᠷ ᠠᠯᠤᠩᠭ᠋ᠤᠸ᠎ᠠ ᠡᠭᠡ ᠶᠢᠨ ᠥᠷᠦᠭᠡᠨ ᠳᠤ ᠣᠴᠢᠳᠠᠭ ᠪᠠᠢ᠌ᠵᠤ ᠠᠯᠤᠩᠭ᠋ᠤᠸ᠎ᠠ ᠡᠭᠡ ᠠᠶᠤᠵᠤ ᠡᠰᠡᠷᠭᠦᠴᠡᠳᠡᠭ᠌ ᠦᠭᠡᠶ ᠪᠠᠢ᠌ᠭᠰᠠᠨ ᠡᠴᠡ ᠳᠡᠳᠡᠭᠡᠷ ᠬᠡᠦᠬᠡᠳ ᠶᠢᠡᠨ ᠵᠢᠷᠮᠦᠰᠦᠯᠡᠭ᠍ᠰᠡᠨ ᠪᠠᠢ᠌ᠬ᠎ᠠ ᠡ᠃ ᠡᠨᠡ ᠭᠦ ᠦᠨᠡᠨ ᠶᠠᠪᠣᠳᠠᠯ ᠢ ᠠᠯᠤᠩᠭ᠋ᠤᠸ᠎ᠠ ᠡᠭᠡ ᠳᠠᠢ᠌ᠯᠪᠣᠷᠢᠯᠠᠵᠤ ᠳᠡᠢ᠌ᠯᠭᠦ ᠦᠭᠡᠶ ᠡᠴᠡ ᠰᠢᠭᠤᠳ 《ᠭᠡᠷᠡᠯ》 ᠪᠣᠶᠤ 《ᠭᠡᠭᠡ》 ᠳᠤ ᠨᠠᠢ᠌ᠳᠠᠨ ᠪᠠᠯᠠᠷᠬᠠᠢ᠌ᠰᠢᠭᠤᠯᠤᠨ ᠣᠷᠠᠨ ᠶᠢᠡᠷ ᠵᠠᠢ᠌ᠯᠠᠭᠤᠯᠤᠨ ᠳᠠᠢ᠌ᠯᠪᠣᠷᠢᠯᠭᠰᠠᠨ ᠢ ᠳᠤᠬᠠᠢ ᠶᠢᠨ ᠦᠶ᠎ᠡ ᠶᠢᠨ ᠭᠦᠮᠦᠰ ᠦᠯᠦ ᠢᠳᠡᠭᠡᠭᠦ ᠪᠠ ᠢᠳᠡᠭᠡᠭᠦ ᠦᠭᠡᠶ ᠪᠠᠢ᠌ᠬᠤ ᠶᠢᠨ ᠠᠷᠭ᠎ᠠ ᠦᠭᠡᠶ ᠪᠠᠢ᠌ᠭᠰᠠᠨ ᠡᠴᠡ ᠴᠤᠬᠤᠮ ᠭᠡᠨ ᠤ ᠬᠡᠦᠬᠡᠳ᠂ ᠶᠠᠭᠠᠭᠢᠵᠤ ᠵᠢᠷᠮᠦᠰᠦᠯᠡᠭ᠍ᠰᠡᠨ ᠭᠡᠳᠡᠭ᠌ ᠨᠢ ᠳᠠᠷᠠ ᠴᠠᠭ ᠲᠤ ᠪᠠᠨ ᠳᠦᠯᠭᠢᠭᠦᠷ ᠦᠭᠡᠶ ᠣᠨᠢᠰᠤᠭ᠎ᠠ ᠪᠣᠯᠵᠤ᠂ ᠬᠤᠵᠢᠮ ᠤᠨ ᠭᠦᠮᠦᠰ ᠲᠤ ᠳᠤᠮᠤᠭ ᠪᠣᠯᠵᠤ ᠥᠯᠡᠳᠡᠭ᠍ᠰᠡᠨ ᠪᠣᠯᠤᠯᠳᠠᠢ᠃

ᠳᠡᠭᠡᠪᠠᠯ ᠳᠠᠷᠠ ᠭᠦᠮᠤᠨ ᠨᠢ ᠭᠡᠨ ᠪᠣᠯᠬᠤ᠂ ᠶᠠᠮᠠᠷ ᠭᠦᠮᠤᠨ ᠪᠣᠯᠬᠤ ᠪᠣᠯᠤᠯᠴᠠᠭ᠎ᠠ ᠲᠡᠶ ᠪᠣᠢ︖ ᠭᠡᠪᠠᠯ᠂ ᠡᠭᠦᠨ ᠢ 《ᠭᠦᠮᠤᠨ ᠤ ᠭᠡᠷᠡᠯ》 ᠡᠴᠡ ᠰᠠᠳᠤᠪᠯᠠᠨ ᠳᠠᠭᠠᠮᠠᠭᠯᠠᠪᠠᠯ ᠠᠮᠢᠳᠤᠷᠠᠯ ᠤᠨ ᠦᠨᠡᠨ ᠲᠡᠶ ᠨᠠᠢ᠌ᠴᠠᠵᠤ ᠪᠣᠯᠤᠮᠠᠷ ᠬᠠᠷᠢᠭᠤᠯᠳᠠ ᠶᠢ ᠣᠯᠵᠤ ᠪᠣᠯᠬᠤ ᠰᠢᠭ ᠪᠠᠢ᠌ᠨ᠎ᠠ᠃ ᠳᠠᠷᠠ ᠭᠦᠮᠤᠨ ᠤ ᠪᠠᠶ᠎ᠠ ᠡᠴᠡ ᠨᠢ 《ᠭᠡᠷᠡᠯ》 ᠭᠠᠷᠳᠠᠭ ᠢ ᠠᠯᠤᠩᠭ᠋ᠤᠸ᠎ᠠ ᠡᠭᠡ ᠨᠢᠳᠤ ᠪᠠᠷ ᠥᠵᠡᠭ᠍ᠰᠡᠨ ᠳᠤᠯᠠ ᠣᠳᠤ ᠶᠢᠨ ᠭᠡᠯᠡᠯᠭᠡ ᠪᠠᠷ ᠳᠠᠢ᠌ᠯᠪᠣᠷᠢᠯᠠᠪᠠᠯ ᠳᠠᠷᠠ ᠭᠦᠮᠤᠨ ᠨᠢ ᠨᠢᠭᠡ ᠪᠣᠯ 《ᠪᠢᠰᠢᠯᠭᠠᠯ ᠭᠢᠭ᠍ᠴᠢ》᠂ ᠡᠰᠡᠪᠠᠯ 《ᠲᠦᠷᠦᠯᠭᠢ ᠪᠢᠰᠢᠯᠭᠠᠯ ᠭᠢᠭᠦ ᠣᠤᠷ ᠴᠢᠳᠠᠪᠭᠢ ᠳᠠᠢ》 ᠭᠦᠮᠤᠨ ᠪᠣᠯᠬᠤ ᠶᠤᠰᠤᠳᠠᠢ᠃ ᠳᠡᠭᠡᠪᠠᠯ ᠪᠠᠰᠠ ᠳᠠᠢ᠌ᠮᠤ ᠭᠦᠮᠤᠨ ᠨᠢ ᠭᠡᠨ ᠪᠠᠢ᠌ᠵᠤ ᠳᠠᠭᠠᠷᠠᠬᠤ ᠪᠣᠢ︖ ᠭᠡᠪᠠᠯ᠂ ᠳᠠᠷᠠ ᠨᠢ ᠯᠠᠪ ᠮᠠᠰᠢ ᠶᠡᠭᠡ ᠡᠷᠳᠡᠮ ᠲᠡᠶ᠂ ᠪᠠᠢ᠌ᠷᠢ ᠰᠠᠭᠤᠷᠢ ᠲᠡᠶ ᠪᠦᠭᠡ ᠭᠦᠮᠤᠨ ᠯᠠ ᠪᠠᠢ᠌ᠵᠤ ᠳᠠᠭᠠᠷᠠᠨ᠎ᠠ᠃ ᠶᠠᠭ ᠳᠠᠢ᠌ᠮᠤ ᠣᠴᠢᠷ ᠡᠴᠡ ᠠᠯᠤᠩᠭ᠋ᠤᠸ᠎ᠠ ᠡᠭᠡ 《ᠠᠶᠤᠵᠤ ᠡᠰᠡᠷᠭᠦᠴᠡᠳᠡᠭ᠌ ᠥᠭᠡᠢ》 ᠪᠠᠢ᠌ᠭᠰᠠᠨ᠂ ᠳᠤᠬᠠᠢ ᠶᠢᠨ ᠦᠶ᠎ᠡ ᠶᠢᠨ ᠭᠦᠮᠦᠰ 《ᠦᠯᠦ ᠢᠳᠡᠭᠡᠭᠦ ᠪᠠ ᠢᠳᠡᠭᠡᠭᠦ ᠦᠭᠡᠶ ᠪᠠᠢ᠌ᠬᠤ ᠶᠢᠨ ᠠᠷᠭ᠎ᠠ ᠥᠭᠡᠢ》 ᠪᠠᠢ᠌ᠳᠠᠯ ᠭᠠᠷᠤᠭᠰᠠᠨ ᠪᠠᠢ᠌ᠵᠤ ᠪᠣᠯᠬᠤ ᠶᠤᠮ᠃ ᠪᠦᠭᠡ ᠪᠣᠯ ᠳᠡᠭ᠍ᠷᠢ ᠡᠴᠡ ᠡᠰᠢ ᠲᠡᠶ᠃ ᠪᠦᠭᠡ ᠶᠢᠨ ᠬᠡᠦᠬᠡᠳ ᠪᠣᠯᠬᠤ ᠶᠢ ᠠᠯᠤᠩᠭ᠋ᠤᠸ᠎ᠠ ᠡᠭᠡ ᠰᠢᠭᠤᠳ ᠳᠡᠭ᠍ᠷᠢ ᠶᠢᠨ ᠬᠡᠦᠬᠡᠳ ᠭᠡᠰᠡᠨ ᠦᠭᠡᠶ᠂ ᠪᠠᠰᠠ ᠰᠢᠭᠤᠳ ᠪᠦᠭᠡ ᠶᠢᠨ ᠬᠡᠦᠬᠡᠳ ᠭᠡᠰᠡᠨ ᠦᠭᠡᠶ᠂ ᠮᠠᠰᠢ ᠣᠷᠠᠨ ᠰᠠᠢ᠌ᠬᠠᠨ ᠳᠠᠯᠳᠠ ᠳᠤᠭᠤᠷᠢᠭᠤ ᠪᠠᠷ ᠳᠠᠢ᠌ᠯᠪᠣᠷᠢᠯᠠᠭᠰᠠᠨ ᠨᠢ ᠳᠤᠬᠠᠢ ᠶᠢᠨ ᠦᠶ᠎ᠡ ᠶᠢᠨ ᠭᠦᠮᠦᠰ ᠤᠨ ᠠᠮᠠ ᠭᠡᠯᠡ ᠶᠢ ᠬᠠᠭᠠᠵᠤ ᠴᠢᠳᠠᠭᠰᠠᠨ ᠳᠠᠳᠤᠢ ᠦᠭᠡᠶ ᠵᠢᠷᠮᠦᠰᠦᠯᠡᠭ᠍ᠰᠡᠨ ᠪᠠᠢ᠌ᠳᠠᠯ ᠶᠢᠡᠨ ᠴᠠᠭᠠᠳᠬᠠᠵᠤ ᠬᠡᠦᠬᠡᠳ ᠤᠨ ᠶᠢᠡᠨ 《ᠨᠠᠷ᠎ᠠ ᠭᠦᠡᠳᠤ》᠂ ᠪᠠᠢ᠌ᠷᠢ ᠰᠠᠭᠤᠷᠢ ᠶᠢ ᠳᠡᠭᠡᠭ᠍ᠰᠢᠯᠡᠭᠦᠯᠵᠤ᠂ ᠪᠦᠭᠡ ᠶᠢᠨ 《ᠨᠠᠷ᠎ᠠ ᠨᠢᠭᠤᠷ》 ᠊ᠢ ᠴᠤ ᠪᠠᠳᠤᠯᠠᠵᠤ ᠴᠢᠳᠠᠭᠰᠠᠨ ᠦᠨᠡᠨ ᠮᠥᠷᠳᠡᠭᠡᠨ ᠬᠤᠳᠠᠯ ᠰᠢᠭ᠂ ᠬᠤᠳᠠᠯ ᠰᠢᠭ ᠪᠠᠢ᠌ᠳᠠᠯ᠎ᠠ ᠪᠠᠨ ᠦᠨᠡᠨ᠂ ᠮᠠᠰᠢ ᠣᠷᠠᠨ ᠨᠠᠷᠢᠨ ᠳᠠᠢ᠌ᠯᠪᠣᠷᠢ ᠪᠣᠯᠤᠭᠰᠠᠨ ᠡᠴᠡ ᠬᠤᠵᠢᠮ ᠤᠨ ᠭᠦᠮᠦᠰ ᠲᠤ ᠨᠠᠩ ᠴᠤ ᠣᠨᠢᠰᠤᠭ᠎ᠠ ᠰᠢᠭ ᠳᠤᠮᠤᠭ ᠪᠣᠯᠵᠤ ᠬᠤᠴᠤᠷᠴᠠᠢ᠃ ᠭᠡᠷᠪᠡ ᠳᠡᠳᠡᠭᠡᠷ ᠬᠡᠦᠬᠡᠳ ᠨᠢ ᠥᠨᠡᠭᠡᠷ ᠵᠠᠷᠤᠴᠠ ᠪᠠᠢ᠌ᠭᠰᠠᠨ ᠮᠠᠭᠠᠯᠢᠭ ᠪᠠᠶᠠᠭᠤᠳᠠᠢ ᠶᠢᠨ ᠬᠡᠦᠬᠡᠳ ᠪᠠᠢ᠌ᠭᠰᠠᠨ ᠪᠣᠯ ᠠᠯᠤᠩᠭ᠋ᠤᠸ᠎ᠠ ᠡᠭᠡ ᠶᠢᠨ 《ᠭᠡᠷᠡᠯ ᠶᠢᠡᠷ ᠵᠢᠷᠮᠦᠰᠦᠯᠡᠭ᠍ᠰᠡᠨ》 ᠭᠡᠭᠦ ᠳᠠᠢ᠌ᠯᠪᠣᠷᠢ ᠨᠢ ᠯᠠᠪ ᠭᠦᠮᠤᠨ ᠢ ᠢᠳᠡᠭᠡᠭᠦᠯᠵᠤ ᠳᠡᠢ᠌ᠯᠭᠦ ᠦᠭᠡᠶ ᠶᠤᠮ᠃ ᠳᠠᠷᠠ ᠮᠥᠷᠳᠡᠭᠡᠨ ᠥᠨᠡᠭᠡᠷ 《ᠭᠡᠷᠡᠯ》 ᠪᠣᠶᠤ 《ᠭᠡᠭᠡ》 ᠬᠠᠷᠠᠭᠳᠠᠬᠤ ᠪᠣᠯᠤᠯᠴᠠᠭ᠎ᠠ ᠪᠠᠢ᠌ᠭᠰᠠᠨ ᠦᠭᠡᠶ ᠪᠣᠯ ᠠᠯᠤᠩᠭ᠋ᠤᠸ᠎ᠠ ᠡᠭᠡ ᠳᠠᠢ᠌ᠮᠤ ᠳᠤᠮᠤᠭ ᠵᠤᠬᠢᠶᠠᠬᠤ᠂ ᠡᠰᠡᠭᠦᠯ᠎ᠡ ᠡᠨᠡ ᠥᠯᠢᠭᠡᠷ ᠢ ᠵᠤᠬᠢᠶᠠᠭᠴᠢ ᠬᠤᠵᠢᠮ ᠤᠨ ᠭᠦᠮᠤᠨ ᠨᠢ ᠴᠤ ᠳᠠᠢ᠌ᠮᠤ ᠳᠤᠮᠤᠭ ᠵᠤᠬᠢᠶᠠᠬᠤ ᠦᠨᠳᠦᠰᠦᠯᠠᠯ ᠦᠭᠡᠶ ᠶᠤᠮ᠃


ᠵᠤᠬᠢᠶᠠᠭᠴᠢ ᠶᠢᠨ ᠬᠠᠶ‍ᠢᠭ ᠄ ᠣᠯᠠᠭᠠᠠᠬᠠᠳᠠ᠂ ᠣᠩᠨᠢᠭᠤᠳ

ᠵᠤᠬᠢᠶᠠᠭᠴᠢ᠄ ᠭᠦᠭᠡᠪᠢᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠥᠭᠥᠯᠡᠯ ᠰᠢᠭᠦᠮᠵᠢ
ᠳᠠᠷᠤᠮ᠄ 11920
ᠴᠠᠭ᠄ 2010 ᠤᠨ ᠤ 01 ᠰᠠᠷ᠎ᠠ ᠶᠢᠨ 08
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ