ᠱᠠᠭ᠎ᠠ ᠶᠢᠨ ᠮᠠᠭᠳᠠᠭᠠᠯ

ᠠᠷᠭᠠᠯᠢ ᠪᠣᠶᠤ ᠴᠢᠨ᠋ᠸ᠎ᠠ

ᠠᠭᠤᠯᠠ ᠶᠢᠨ ᠡᠷᠳᠡᠨᠢ

ᠠᠳᠤᠭᠤ ᠮᠠᠯ

ᠳᠠᠯ᠎ᠠ ᠶᠢᠨ ᠡᠷᠳᠡᠨᠢ

ᠠᠯᠳᠠ ᠮᠥᠩᠭᠦᠨ ᠱᠠᠭ᠎ᠠ

ᠠᠷᠪᠠᠨ ᠡᠷᠳᠡᠨᠢ

ᠠᠵᠠ ᠵᠢᠷᠭᠠᠯ ᠤᠨ ᠮᠢᠨᠢ

ᠨᠠᠭᠠᠳᠤᠮ ᠡᠷᠳᠡᠨᠢ

ᠮᠠᠯ ᠤᠨ ᠱᠠᠭ᠎ᠠ ᠶ‍ᠢᠰᠤᠨ ᠡᠷᠳᠡᠨᠢ

ᠮᠡᠷᠭᠡ ᠲᠦᠯᠭᠡ ᠶᠢᠨ ᠰᠢᠳᠢᠳᠤ ᠡᠷᠳᠡᠨᠢ

ᠮᠡᠳᠡᠯᠭᠡ ᠣᠶᠤᠨ ᠤ ᠰᠤᠳᠤᠨ ᠡᠷᠳᠡᠨᠢ

ᠮᠠᠯᠴᠢᠨ ᠣᠳᠤᠮ ᠤᠨ ᠰᠤᠶᠤᠯ ᠡᠷᠳᠡᠨᠢ

ᠣᠷᠤᠭ ᠬᠤᠷᠢᠮ ᠤᠨ ᠪᠠᠳᠤ ᠡᠷᠳᠡᠨᠢ

ᠣᠩᠭ᠋ᠤᠨ ᠰᠢᠳᠦᠯᠭᠡ ᠶᠢᠨ ᠰᠠᠭᠢᠭᠤᠰᠤ ᠡᠷᠳᠡᠨᠢ

ᠣᠷᠤᠰᠢᠭᠤᠯᠭ᠎ᠠ ᠴᠠᠭᠠᠯᠠᠭ᠎ᠠ ᠶᠢᠨ ᠰᠦᠨᠠᠰᠤ ᠡᠷᠳᠡᠨᠢ

ᠣᠯᠠᠨ ᠦᠶ᠎ᠡ ᠶᠢᠨ ᠦᠨᠡᠳᠤ ᠡᠷᠳᠡᠨᠢ

ᠬᠤᠨᠢᠨ ᠤ ᠱᠠᠭ᠎ᠠ ᠬᠤᠪᠣᠷ ᠡᠷᠳᠡᠨᠢ

ᠬᠤᠳᠠᠯᠠ ᠲᠦᠮᠡᠨ ᠤ ᠨᠠᠭᠠᠳᠤᠮ ᠡᠷᠳᠡᠨᠢ

ᠳᠡᠭ᠍ᠰᠢ ᠳᠠᠯ᠎ᠠ ᠨᠢ ᠮᠤᠷᠢᠨ ᠡᠷᠳᠡᠨᠢ

ᠳᠡᠰᠯᠡᠭᠦ ᠳᠠᠯ᠎ᠠ ᠨᠢ ᠳᠡᠮᠡᠭᠡᠨ ᠡᠷᠳᠡᠨᠢ

ᠬᠤᠠᠳᠤᠯᠠᠢ ᠳᠠᠯ᠎ᠠ ᠨᠢ ᠬᠤᠨᠢᠨ ᠡᠷᠳᠡᠨᠢ

ᠬᠤᠳᠤᠭᠤᠷ ᠳᠠᠯ᠎ᠠ ᠨᠢ ᠢᠮᠠᠭᠠᠨ ᠡᠷᠳᠡᠨᠢ

ᠣᠷᠤᠭᠤ ᠬᠠᠠᠳᠤᠪᠠᠯ ᠣᠩᠭ᠋ᠤᠳ ᠡᠷᠳᠡᠨᠢ

ᠣᠷᠪᠠᠭᠤᠯᠵᠤ ᠬᠠᠠᠳᠤᠪᠠᠯ ᠭᠦᠮᠤᠨ ᠡᠷᠳᠡᠨᠢ

ᠡᠷᠳᠡᠨᠢ ᠶᠢᠨ ᠳᠤᠳᠤᠷᠠᠭᠢ ᠬᠤᠪᠣᠷ ᠡᠷᠳᠡᠨᠢ

ᠡᠳ᠋ ᠤᠨ ᠳᠤᠳᠤᠷᠠᠭᠢ ᠮᠤᠯᠤᠷ ᠡᠷᠳᠡᠨᠢ

ᠡᠭᠡᠯᠢᠳᠤ ᠮᠠᠯ ᠤᠨ ᠡᠷᠭᠢᠮ ᠡᠷᠳᠡᠨᠢ

ᠡᠭᠦᠷᠢᠳᠡ ᠬᠠᠳᠠᠭᠠᠯᠠᠬᠤ ᠨᠠᠠᠳᠢᠨ ᠡᠷᠳᠡᠨᠢ ᠡ᠃


《ᠮᠤᠩᠭ᠋ᠤᠯ ᠰᠤᠶᠤᠯ ᠤᠨ ᠴᠤᠪᠣᠷᠠᠯ ᠪᠢᠴᠢᠭ᠌》 ᠡᠴᠡ



《ᠳᠠᠯ᠎ᠠ ᠶᠢᠨ ᠳᠤᠶᠠᠭ᠎ᠠ》 ᠪᠦᠷᠭᠡ ᠡᠴᠡ ᠰᠢᠯᠵᠢᠭᠦᠯᠪᠡ᠃

ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠤᠶᠤᠯ ᠣᠷᠠᠯᠢᠭ
ᠳᠠᠷᠤᠮ᠄ 2403
ᠴᠠᠭ᠄ 2010 ᠤᠨ ᠤ 05 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁