ᠰᠢᠨ᠎ᠡ ᠡᠷᠡᠨ ᠤ ᠪᠤᠯᠵᠤᠭ᠎ᠠ

ᠳᠠᠪᠢᠯᠠᠩ ᠲᠡᠶ ᠶᠤᠮ ᠰᠢᠭ ᠳᠡᠭ᠍ᠷᠢ ᠵᠠᠶᠠᠭᠠᠵᠤ᠂ ᠢᠷᠦᠭᠡᠯ ᠲᠡᠶ ᠶᠤᠮ ᠰᠢᠭ ᠥᠩᠭᠡᠷᠡᠭᠦ ᠵᠤᠨ ᠤ ᠪᠦᠷᠦᠢ᠂ ᠰᠢᠨ᠎ᠠ ᠮᠢᠩᠭ᠎ᠠ ᠶᠢᠨ ᠡᠭᠢᠨ ᠤ ᠠᠮᠢᠳᠤᠷᠠᠯ ᠤᠨ ᠬᠠᠷᠭᠤᠢ ᠳᠤ ᠴᠢᠮ᠎ᠠ ᠲᠡᠶ ᠣᠴᠠᠷᠠᠯ᠎ᠠ᠃

ᠡᠨᠡ ᠨᠢ ᠬᠤᠪᠢ ᠢᠷᠦᠭᠡᠯ ᠪᠣᠯᠤᠯᠳᠠᠢ᠃ ᠰᠢᠨ᠎ᠠ ᠡᠷᠡᠨ ᠤ ᠪᠣᠯᠵᠤᠭ᠎ᠠ ᠪᠠᠷ ᠴᠢ ᠪᠢᠳᠠᠨ ᠢ ᠬᠠᠩᠭᠢᠨᠠᠮ᠎ᠠ ᠰᠠᠢ᠌ᠬᠠᠨ ᠬᠠᠢ᠌ᠷ᠎ᠠ ᠶᠢᠨ ᠡᠭᠡᠰᠢᠭ᠌ ᠶᠢᠡᠷ ᠢᠨᠠᠭ ᠤᠨ ᠳᠠᠭᠤᠤ ᠶᠢ ᠠᠶᠠᠯᠠᠭᠤᠯᠤᠯ᠎ᠠ᠃

ᠣᠷᠣᠢ᠌ᠳᠠᠵᠤ ᠢᠷᠡᠭ᠍ᠰᠡᠨ ᠢᠨᠠᠭ ᠤᠨ ᠮᠠᠰᠢᠨ ᠳᠤ ᠵᠠᠪᠳᠤᠨ ᠰᠠᠭᠤᠬᠤ ᠪᠠᠷ ᠪᠢ ᠣᠶᠤᠨ ᠰᠠᠨᠠᠭᠠᠨ ᠤ ᠴᠡᠭᠡᠨ ᠪᠣᠳᠤᠯ ᠳᠠᠭᠠᠨ ᠵᠤᠷᠢᠭᠯᠠᠵᠤ ᠪᠢᠯᠠ᠃

ᠡᠨᠡᠤᠳᠡᠭᠡᠨ ᠤ ᠬᠠᠢ᠌ᠷ᠎ᠠ ᠶᠢᠨ ᠰᠤᠩᠭ᠋ᠤᠯᠳᠠ ᠨᠢ ᠵᠦᠪ ᠡᠰᠡᠭᠦ ᠶᠢ ᠪᠢ ᠦᠯᠦ ᠮᠠᠳᠠᠨ᠎ᠠ᠃ ᠥᠩᠭᠡᠷᠡᠵᠤ ᠣᠳᠤᠭᠰᠠᠨ ᠴᠠᠭ ᠮᠦᠴᠡ ᠪᠠᠨ ᠳᠦᠭᠦᠷᠡᠩ ᠪᠠᠶᠠᠷ ᠳᠡᠭᠦᠰ ᠵᠢᠷᠭᠠᠯ ᠶᠢᠡᠷ ᠨᠥᠭᠦᠪᠦᠷᠢᠯᠡᠭᠦ ᠭᠡᠵᠤ ᠦᠯᠠᠳᠠᠵᠤ ᠢᠷᠡᠭ᠍ᠰᠡᠨ ᠰᠠᠭᠤᠳᠠᠯ ᠳᠤ ᠭᠠᠷᠬᠤ ᠶᠢ ᠵᠥᠩᠳᠡᠭᠡᠨ ᠰᠠᠨᠠᠨ᠎ᠠ᠃

ᠳᠡᠭᠦᠨ ᠤ ᠭᠠᠩᠭ᠋ᠠᠩ ᠳᠦᠷᠦᠭ᠍ᠰᠡᠨ ᠰᠠᠢ᠌ᠬᠠᠨ ᠳᠦᠷᠢ ᠡᠴᠡ ᠡᠷ᠎ᠡ ᠭᠦᠮᠤᠨ ᠤ ᠬᠠᠩᠭ᠋ᠠᠢ ᠴᠡᠭᠡᠵᠢ ᠬᠠᠯᠠᠭᠤᠨ ᠬᠠᠢ᠌ᠷ᠎ᠠ ᠶᠢ ᠣᠩᠰᠢᠪᠠᠴᠤ ᠡᠷᠭᠢᠯᠳᠦᠭ᠍ᠰᠡᠨ ᠬᠤᠤᠰ ᠠᠯᠠᠭ ᠨᠢᠳᠤᠨ ᠤ ᠴᠤᠭ ᠪᠠᠳᠠᠷᠠᠭᠰᠠᠨ ᠬᠠᠷᠠᠴᠠ ᠡᠴᠡ ᠳᠡᠭᠦᠨ ᠤ ᠭᠡᠳᠤᠨ ᠬᠤᠪᠢ ᠭᠡᠨᠡᠨ ᠵᠠᠯᠠᠭᠤ ᠶᠢᠨ ᠡᠮᠵᠡᠭ᠌ ᠪᠣᠳᠤᠯ ᠢ ᠣᠯᠵᠤ ᠬᠠᠷᠠᠨ᠎ᠠ᠃

ᠴᠠᠭ ᠤᠨ ᠭᠦᠷᠳᠤ ᠢᠨᠠᠭ ᠤᠨ ᠴᠢᠭᠯᠡᠯ ᠵᠤᠷᠢᠯᠭ᠎ᠠ ᠶᠢ ᠡᠵᠡᠮᠳᠡᠵᠤ ᠳᠡᠢ᠌ᠯᠭᠦ ᠡᠰᠡᠭᠦ ᠶᠢ ᠡᠭᠡᠴᠢ ᠶᠢᠨ ᠬᠤᠪᠢ ᠪᠠᠷ ᠪᠢ ᠭᠡᠳᠦᠡᠳᠡ ᠰᠠᠤᠠᠭᠢᠯ ᠣᠢ᠌ᠤᠠᠬᠠᠷᠠᠵᠤ᠂ ᠢᠷᠡᠭᠡᠳᠦᠢ ᠶᠢᠨ ᠨᠠᠷᠠ ᠳᠡᠭᠦᠨ ᠢ ᠭᠡᠷᠡᠯᠳᠤᠭᠦᠯᠵᠤ ᠂ ᠰᠠᠷᠠᠨ ᠤ ᠪᠦᠷᠦᠩᠭᠦᠢ ᠭᠡᠷᠡᠯ ᠳᠤ ᠨᠢᠯᠪᠣᠰᠤ ᠪᠠᠨ ᠠᠷᠴᠢᠨ ᠰᠢᠨ᠎ᠠ ᠮᠢᠩᠭ᠎ᠠ ᠶᠢᠨ ᠡᠭᠢᠨ ᠳᠤ ᠢᠨᠠᠭ ᠤᠨ ᠳᠡᠨᠤᠭᠦᠯᠴᠢᠨ ᠤ ᠭᠤᠨᠢᠭᠳᠤ ᠵᠥᠴᠦᠭᠡ ᠶᠢ ᠳᠤᠭᠯᠠᠬᠤ ᠡᠴᠡ ᠰᠠᠤᠠᠭᠢᠯ ᠰᠢᠮᠰᠢᠷᠠᠨ᠎ᠠ᠃

ᠵᠠᠯᠠᠭᠤ ᠽᠠᠠᠳᠠᠨ ᠨᠠᠰᠤᠨ ᠳᠠᠭᠠᠨ ᠬᠠᠢ᠌ᠷ᠎ᠡ ᠶᠢᠨ ᠨᠠᠭᠠᠳᠤᠮ ᠳᠤᠭᠯᠠᠵᠤ ᠰᠠᠭᠤᠬᠤ ᠨᠢ ᠴᠢᠨᠤ ᠵᠢᠷᠭᠠᠯ ᠴᠡᠩᠭᠡᠯ ᠪᠣᠯᠪᠠᠴᠤ ᠨᠠᠭᠠᠳᠤᠭᠢ ᠡᠭᠡᠴᠢ ᠬᠤᠩᠭ᠋ᠤᠷ ᠲᠤ ᠴᠢᠨᠢ ᠳᠡᠭ᠍ᠷᠢ ᠢᠯᠡᠭᠦᠤ ᠵᠠᠪᠰᠢᠶᠠᠨ ᠬᠠᠢ᠌ᠷᠡᠯᠠᠭᠰᠠᠨ ᠦᠭᠡᠶ ᠭᠡᠵᠤ ᠪᠢ ᠳᠡᠭᠦᠨ ᠢ ᠪᠠᠭ᠎ᠠ ᠨᠠᠢ᠌ᠵᠢ ᠮᠢᠨᠢ ᠣᠬᠠᠭᠠᠷᠠᠭᠠᠷᠠᠢ ᠭᠡᠭᠦ ᠳᠤ ᠳᠠᠷᠠ ᠮᠠᠨᠢ ᠨᠠᠰᠤ ᠵᠠᠯᠠᠭᠤ ᠰᠠᠤᠠᠭᠢᠯ ᠠᠭᠢᠭᠰᠠᠨ ᠠᠮᠠᠷᠠᠭ ᠮᠢᠨᠢ ᠮᠢᠨᠤ ᠦᠨᠡᠨ ᠰᠠᠤᠠᠭᠢᠯ ᠵᠢᠩᠭᠢᠨᠢ ᠬᠠᠢ᠌ᠷ᠎ᠠ ᠶᠢ ᠪᠣᠤ ᠭᠦᠯᠳᠡᠭᠡᠵᠤ ᠣᠷᠭᠢ ᠭᠡᠤᠨ ᠬᠠᠩᠭ᠋ᠠᠢ ᠴᠡᠭᠡᠵᠢᠨ ᠳᠡᠭᠡᠨ ᠨᠠᠮᠠ‍ᠶ᠋‍ᠢ᠌ ᠭᠦᠩᠭᠡᠨ ᠳᠠᠪᠠᠷᠢᠨ᠎ᠠ᠃

ᠬᠠᠢ᠌ᠷ᠎ᠠ ᠰᠤᠨᠭᠢᠯᠭᠡ ᠵᠠᠷᠢᠮ ᠦᠶ᠎ᠡ ᠳᠤ ᠠᠯᠢᠪᠠ ᠶᠢ ᠣᠮᠠᠷᠳᠠᠨ᠎ᠠ᠃ ᠭᠡᠪᠠᠴᠤ ᠳᠠᠡᠭᠴᠢ ᠢᠨᠠᠭ ᠰᠠᠤᠠᠭᠢᠯ ᠭᠦᠯᠳᠡᠭᠦ ᠨᠢ ᠳᠦᠷᠭᠡᠨ ᠭᠡᠵᠤ ᠨᠢᠭᠡ ᠨᠠᠢ᠌ᠵᠢ ᠭᠡᠯᠡᠵᠤ ᠪᠢᠯᠠ᠃ ᠨᠠᠢ᠌ᠵᠢ ᠶᠢᠨ ᠥᠩᠭᠡᠷᠡᠯᠳᠡ ᠨᠢ ᠮᠢᠨᠤ ᠮᠠᠷᠭᠠᠰᠢ ᠪᠣᠯᠬᠤ ᠡᠴᠡ ᠵᠠᠢ᠌ᠯᠠᠰᠭᠢᠵᠤ᠂ ᠴᠢ ᠪᠢᠳᠠᠨ ᠳᠤ ᠬᠠᠢ᠌ᠷᠠᠯᠠᠯᠴᠠᠬᠤ ᠢᠷᠦᠭᠡᠯ ᠡᠨᠡ ᠨᠠᠰᠤᠨ ᠳᠤ ᠵᠠᠶᠠᠭᠠᠭᠰᠠᠨ ᠦᠭᠡᠶ᠂ ᠳᠠᠪᠢᠯᠠᠩ ᠲᠡᠶ ᠪᠣᠯ ᠢᠷᠡᠭᠦ ᠲᠦᠷᠦᠯ ᠳᠡᠭᠡᠨ ᠰᠠᠤᠠᠭᠢᠯ ᠤᠨ ᠢᠨᠠᠭ ᠪᠣᠯᠤᠯᠴᠠᠶ᠎ᠠ ᠭᠡᠵᠤ ᠪᠠᠭ᠎ᠠ ᠨᠠᠢ᠌ᠵᠢ ᠶᠢᠨ ᠶᠢᠡᠨ ᠬᠠᠯᠠᠭᠤᠨ ᠬᠠᠢ᠌ᠷ᠎ᠠ ᠶᠢᠨ ᠬᠠᠷᠢᠭᠤ ᠳᠤ ᠣᠯᠠᠭᠠᠨ ᠳ᠋ᠸᠩ ᠨᠤᠴᠠᠭᠠᠬᠤ ᠳᠤ ᠬᠠᠢ᠌ᠷ᠎ᠠ ᠭᠦᠯᠳᠡᠭ᠍ᠰᠡᠨ ᠰᠠᠤᠠᠭᠢᠯ ᠢ ᠴᠢᠨᠢ ᠬᠠᠢ᠌ᠯᠠᠭᠤᠯᠬᠤ ᠢᠯᠴᠢ ᠭᠡᠷᠡᠯ ᠨᠠᠳᠠᠳᠤ ᠪᠠᠶᠠᠨ ᠴᠢᠨᠡᠭᠡᠯᠢᠭ᠌ ᠭᠡᠤᠨ ᠳᠠᠷᠠ ᠮᠢᠨᠢ ᠨᠠᠳᠠ ᠳᠤ ᠠᠮᠠᠯᠳᠠᠨ ᠳᠠᠩᠭ᠋ᠠᠷᠢᠭᠯᠠᠨ᠎ᠠ᠃

ᠪᠢ ᠳᠡᠭᠦᠨ ᠢ ᠭᠡᠵᠢᠶᠡᠳᠡ ᠨᠢᠯᠬ᠎ᠠ ᠪᠠᠷ ᠶᠢᠡᠨ ᠪᠠᠢ᠌ᠭ᠎ᠠ ᠭᠡᠦᠭᠡᠤᠨ ᠭᠡᠭᠦ ᠳᠤ᠂ ᠳᠠᠷᠠ ᠴᠢᠨᠤ ᠰᠠᠤᠠᠭᠢᠯ ᠤᠨ ᠭᠦᠨ ᠢ ᠡᠨᠡ ᠬᠤᠷᠪᠠ ᠳᠤ ᠴᠤᠷ ᠤᠨ ᠭᠠᠭᠴᠠ ᠪᠢ ᠯᠠ ᠳᠤᠩᠭ᠋ᠠᠵᠤ ᠣᠢ᠌ᠯᠠᠭᠠᠨ᠎ᠠ᠃ ᠴᠢ ᠪᠣᠯ ᠨᠢᠭᠡᠨ ᠣᠩᠰᠢᠬᠤ ᠳᠤ ᠪᠠᠷᠭᠡ ᠭᠦᠨ ᠣᠬᠠᠭᠠᠨ ᠤ ᠬᠠᠭᠤᠳᠠᠰᠤ᠂ ᠡᠢ᠌ᠮᠤ ᠨᠢᠭᠡ ᠬᠠᠮᠳᠤ ᠶᠢᠨ ᠵᠤᠷᠢᠯᠭ᠎ᠠ᠂ ᠦᠨᠡᠠᠴᠢ ᠬᠠᠢ᠌ᠷ᠎ᠠ ᠶᠢᠨ ᠡᠮᠦᠨ᠎ᠡ ᠴᠢ ᠪᠠᠰᠠ ᠶᠠᠭᠤᠨ ᠳᠤ ᠳᠠᠳᠠᠭᠠᠯᠵᠠᠬᠤ ᠪᠣᠢ ︖ ᠭᠡᠷᠪᠡ ᠮᠢᠨᠤ ᠰᠠᠤᠠᠭᠢᠯ ᠳᠤ ᠬᠤᠶᠠᠳᠤᠭᠠᠷ ᠭᠦᠮᠤᠨ ᠪᠠᠢ᠌ᠪᠠᠯ ᠪᠢ ᠢᠩᠭᠢᠵᠤ ᠢᠨᠠᠭ ᠤᠨ ᠳᠡᠨᠡᠭ᠌ ᠠᠭᠠᠰᠢᠯᠠᠨ᠎ᠠ ᠦᠦ︖ ᠬᠠᠢ᠌ᠷᠠᠳᠤ ᠮᠢᠨᠢ ︕ ᠴᠢ ᠭᠡᠯᠡᠭᠡᠴᠢ ᠭᠡᠵᠤ ᠨᠠᠳᠠ ᠡᠴᠡ ᠠᠰᠠᠭᠤᠬᠤ ᠳᠤ ᠳᠡᠭᠦᠨ ᠤ ᠥᠭᠡᠳᠡ ᠡᠴᠡ ᠡᠭ᠍ᠴᠡ ᠬᠠᠷᠠᠬᠤ ᠵᠤᠷᠢᠭ ᠦᠭᠡᠶ ᠡᠨᠡᠭᠦ ᠡᠮᠵᠡᠭ᠌ ᠬᠠᠢ᠌ᠷ᠎ᠠ ᠶᠢᠨ ᠰᠥᠷᠡᠢ᠌ᠭᠦ ᠡᠴᠡ ᠰᠠᠤᠠᠭᠢᠯ ᠳᠡᠭᠡᠨ ᠠᠶᠤᠨ᠎ᠠ᠃


ᠵᠤᠬᠢᠶᠠᠭᠴᠢ ᠶᠢᠨ ᠬᠠᠶ‍ᠢᠭ᠄ ᠭᠠᠠᠰᠤ ᠮᠤᠵᠢ ᠶᠢᠨ ᠰᠦᠪᠸᠢ ᠰᠢᠶᠠᠨ ᠤ ᠰᠤᠷᠭᠠᠨ ᠭᠦᠮᠦᠵᠢᠯ ᠤᠨ ᠳᠤᠪᠴᠢᠶ᠎ᠠ


ᠵᠤᠬᠢᠶᠠᠭᠴᠢ᠄ ᠮᠦᠩᠭᠦᠨ
ᠬᠠᠷᠢᠶ᠎ᠠ᠄ ᠨᠠᠢᠷᠠᠭᠤᠯᠤᠯ
ᠳᠠᠷᠤᠮ᠄ 3667
ᠴᠠᠭ᠄ 2009 ᠤᠨ ᠤ 12 ᠰᠠᠷ᠎ᠠ ᠶᠢᠨ 16