ᠠᠭᠤᠯᠠᠨ ᠤ ᠭᠦᠭᠡ ᠰᠤᠷᠠᠭ
ᠵᠠᠳᠠᠭᠠᠢ ᠰᠢᠯᠦᠭ᠌

        1

ᠰᠡᠳᠭᠢᠯ ᠤᠨ ᠭᠠᠯ ᠳᠤ ᠪᠠᠨ ᠴᠠᠭᠢᠯᠤᠵᠤ ᠥᠡᠳᠡᠢ᠌ᠭ᠍ᠰᠡᠨ

ᠭᠦᠭᠡ ᠠᠭᠤᠯᠠᠨ ᠤ ᠵᠢᠭᠦᠷ ᠮᠢᠨᠢ

ᠨᠠᠢ᠌ᠷᠠᠭ ᠲᠤ ᠮᠢᠨᠢ ᠢᠷᠠᠵᠤ ᠳᠦᠷᠠᠯᠵᠠᠨ᠎ᠡ

ᠭᠡᠯᠡ ᠮᠢᠨᠢ ᠪᠠᠷᠠᠯᠠᠭᠰᠠᠭᠠᠷ ᠪᠠᠢ᠌ᠵᠤ

ᠨᠠᠷᠠᠨ ᠤ ᠮᠥᠩᠭᠡ ᠶᠢᠨ ᠴᠢᠰᠤᠨ ᠳᠤ ᠬᠤᠯᠪᠣᠯᠳᠤᠨ

ᠤᠶᠠᠩ‍ᠭ᠎ᠠ ᠶᠢᠨ ᠱᠤᠤᠭᠢᠶᠠᠨ ᠲᠡᠶ ᠣᠷᠤᠰᠤᠨ᠎ᠠ

        2

ᠴᠡᠩᠭᠡᠷᠯᠡᠵᠤ ᠭᠦᠢᠴᠡᠭᠡ ᠦᠭᠡᠶ ᠨᠢᠳᠤᠨ ᠤ ᠮᠢᠨᠢ ᠭᠡᠷᠡᠯ ᠳ᠋ᠤ

ᠰᠢᠪᠠᠭᠤᠳ ᠤᠨ ᠵᠢᠷᠭᠢᠶᠠᠨ ᠬᠠᠶᠠ ᠠᠯᠢᠶᠠᠷᠬᠠᠨ᠎ᠠ

ᠰᠡᠳᠭᠢᠯ ᠢ ᠴᠤᠭᠤᠴᠢᠵᠤ ᠨᠤᠭᠤᠭᠠᠷᠠᠭᠰᠠᠨ ᠳᠠᠯ᠎ᠠ ᠶᠢᠨ ᠰᠠᠯᠭᠢᠨ ᠳ᠋ᠤ

ᠰᠠᠪ ᠪᠠᠷᠢᠬᠤ ᠰᠠᠨᠠᠭ᠎ᠠ ᠠᠯᠠᠭ᠎ᠠ ᠭᠡᠵᠤ

ᠰᠡᠮᠡᠭᠡᠷ ᠬᠠᠶᠠ ᠪᠠᠳᠠᠭᠠᠨ᠎ᠠ ᠢᠷᠠᠵᠤ ᠪᠠᠷᠠᠭᠤᠨ ᠭᠠᠷ ᠤᠨ ᠴᠠᠷᠪᠠᠭᠤ ᠳᠡᠭᠡᠷ᠎ᠡ ᠪᠠᠬᠠᠳᠠᠢ ᠰᠤᠷᠤᠨ᠎ᠠ

ᠪᠢ ᠶᠠᠪᠣᠵᠤ ᠯᠠ ᠪᠠᠢ᠌ᠶ᠎ᠠ ᠭᠡᠵᠤ ᠦᠷᠯᠦᠭᠡ ᠪᠣᠰᠤᠨ᠎ᠠ

ᠪᠢᠠᠳᠠᠷᠢᠶᠠᠨ ᠳᠡᠭ᠍ᠷᠢ ᠶᠢᠨ ᠡᠭᠦᠯᠡᠨ ᠰᠤᠷᠠᠭ ᠭᠡᠷᠡᠯ ᠤᠨ ᠰᠤᠷᠠᠭ ᠲᠤ ᠳᠡᠢ᠌ᠯᠦᠭ᠍ᠳᠡᠨ᠎ᠡ

ᠭᠡᠯ᠎ᠡ ᠴᠤ᠂ ᠨᠤᠳᠤᠭ ᠤᠨ ᠭᠦᠮᠤᠨ ᠤ ᠭᠡᠯᠡᠨ ᠳᠤ ᠪᠣᠷᠤᠭ᠎ᠠ ᠰᠡᠳᠬᠢᠯᠭᠡ ᠲᠡᠶ ᠠᠰᠬᠠᠷᠠᠬᠤ ᠰᠤᠨᠤᠰᠳᠠᠨ᠎ᠠ

        3

ᠢᠷᠡᠭ᠍ᠰᠡᠨ ᠮᠥᠷ ᠪᠦᠭᠦᠨ ᠳᠤ ᠬᠠᠢ᠌ᠷ᠎ᠠ ᠶᠢᠨ ᠭᠡᠷᠡᠯ ᠰᠢᠩᠭᠡᠵᠤ ᠳᠠᠭᠤᠰᠬᠤ ᠦᠭᠡᠶ ᠭᠡᠵᠤ ᠦᠳᠡᠰᠢ ᠢᠷᠠᠨ᠎ᠠ

ᠶᠠᠪᠣᠬᠤ ᠵᠠᠮ ᠪᠣᠯᠭᠠᠨ ᠳᠤ ᠰᠡᠳᠭᠢᠯ ᠮᠢᠨᠢ ᠠᠩᠭᠢᠯᠠᠵᠤ ᠪᠠᠷᠠᠬᠤ ᠦᠭᠡᠶ ᠲᠦᠮᠡᠨ ᠤ ᠬᠠᠪᠣᠷ ᠰᠠᠭᠠᠳᠠᠨ᠎ᠠ

ᠦᠳᠡᠰᠢ ᠶᠢᠨ ᠪᠠᠷᠠᠭᠠᠨ ᠲ᠋ᠡᠭ᠍ᠷᠢ ᠳᠤ ᠨᠤᠳᠤᠭ ᠤᠨ ᠣᠳᠤᠳ ᠪᠠᠭᠠᠳᠤᠷᠯᠢᠭ ᠭᠢᠯᠠᠯᠵᠠᠭᠠᠤᠨ ᠳᠠᠰᠴᠢᠬᠠᠯ᠎ᠠ

ᠥᠶ‍ᠦᠭ᠍ᠭᠡᠨ ᠰᠠᠷᠠᠨ ᠤ ᠭᠡᠷᠡᠯ ᠳᠤᠤᠷ᠎ᠠ ᠰᠢᠯᠦᠭ᠌ ᠤᠨ ᠨᠥᠭᠦᠪᠦᠷᠢ ᠪᠣᠯᠵᠤ ᠣᠢ ᠮᠢᠨᠢ ᠨᠤᠮᠢᠨ ᠳᠠᠪᠠᠯᠭᠠᠯᠠᠨ᠎ᠠ

        4

ᠠᠭᠤᠯᠠᠰ ᠮᠢᠨᠢ ᠮᠦᠰᠢᠶᠠᠳᠤ ᠪᠠᠨ ᠨᠢᠭᠤᠵᠤ ᠵᠡᠭᠦᠳᠤᠨ ᠳᠤ ᠢᠷᠠᠯ᠎ᠠ

ᠭᠦᠭᠡ ᠬᠠ‍‌ᠶᠢᠭ ᠲᠤ ᠨᠢ ᠴᠢᠯᠠᠭᠤᠳ ᠨᠢ ᠳᠤᠭᠣᠢ᠌ᠷᠠᠵᠤ ᠪᠣᠳᠤᠯᠢᠵᠤ ᠣᠷᠭᠤᠵᠤ ᠢᠷᠠᠯ᠎ᠠ

ᠠᠭᠤᠤ ᠰᠡᠳᠭᠢᠯ ᠢ ᠨᠢ ᠵᠠᠳᠠᠯᠵᠤ ᠳᠡᠯᠭᠡᠭᠦ ᠭᠡᠭᠦ ᠳ᠋ᠤ

ᠦᠵᠠᠯ ᠰᠠᠨᠠᠭᠠᠨ ᠤ ᠴᠢᠯᠠᠭᠤ ᠪᠦᠭᠦᠨ ᠢ ᠨᠢ

ᠦᠣᠷ ᠤᠨ ᠳᠤᠶᠠᠭ᠎ᠠ᠂ ᠰᠦᠨᠢ ᠶᠢᠨ ᠬᠠᠷᠠᠩᠭ᠋ᠤᠢ ᠣᠭᠢᠶᠠᠵᠤ ᠢᠷᠡᠭ᠍ᠰᠡᠨ ᠳᠡᠦᠭᠡ ᠶᠢᠨ ᠢᠷ ᠨᠢ

ᠨᠠᠮ᠎ᠠ ᠶᠢ ᠪᠢᠯᠡᠭᠦᠳᠡᠵᠤ ᠬᠤᠷᠴᠠᠯᠠᠨ᠎ᠠ

        5

ᠡᠵᠢ ᠶᠢᠨ ᠭᠡᠯᠡᠭ᠍ᠰᠡᠨ ᠥᠭᠡᠨ ᠡᠴᠠ

ᠨᠠᠷᠢᠮᠤ ᠣᠷᠭᠤᠵᠤ ᠨᠠᠢ᠌ᠭᠤᠵᠤ ᠬᠠᠷᠠᠭᠳᠠᠨ᠎ᠠ

ᠡᠴᠢᠭᠡ ᠶᠢᠨ ᠳᠡᠯᠭᠡᠭ᠍ᠰᠡᠨ ᠬᠠᠭᠤᠴᠢ ᠡᠴᠠ

ᠠᠯᠢᠰᠤ ᠡᠪᠠᠰᠤ ᠣᠪᠣᠭᠠᠷᠠᠵᠤ ᠦᠵᠡᠭ᠍ᠳᠡᠨ᠎ᠡ

ᠪᠢ ᠪᠠᠷᠤᠭᠳᠠᠢ ᠳᠤ ᠴᠡᠴᠡᠭᠯᠡᠭᠦ ᠦᠭᠡᠶ ᠭᠡᠵᠤ

ᠨᠤᠳᠤᠭ ᠤᠨ ᠪᠣᠭᠤᠷᠤᠯ ᠬᠠᠢ᠌ᠯᠠᠰᠤ ᠳᠤᠳᠤᠷ᠎ᠠ ᠪᠣᠳᠤᠯ ᠶᠢᠠᠨ ᠲ᠋ᠤᠭᠳᠤᠯᠵᠤ ᠭᠡᠯᠡᠨ᠎ᠡ

ᠪᠢ ᠠᠶᠠᠳᠠᠢ ᠳᠤ ᠣᠨᠠᠬᠤ ᠦᠭᠡᠶ ᠭᠡᠵᠤ

ᠪᠣᠰᠤᠭ᠎ᠠ ᠮᠤᠩᠭ᠋ᠤᠯ ᠦᠰᠦᠭ᠌ ᠮᠢᠨᠢ ᠳᠡᠦᠭᠡᠨ ᠳᠡᠷᠳᠡᠭᠡ ᠡᠴᠠ ᠬᠠᠰᠭᠢᠷᠴᠤ ᠰᠤᠨᠤᠰᠳᠠᠨ᠎ᠠ

ᠵᠥᠭᠡᠯᠡᠨ ᠭᠦᠭᠡ ᠣᠷᠭᠢᠯ ᠨᠢ ᠭᠦᠰᠡᠯ ᠢ ᠦᠨᠦᠰᠤᠨ᠎ᠡ

ᠵᠥᠭ᠌ ᠶᠢᠡᠨ ᠠᠯᠳᠠᠬᠤ ᠪᠣᠢ ᠭᠡᠵᠤ

ᠵᠡᠭᠦᠨ ᠵᠥᠭ᠌ ᠤᠨ ᠰᠤᠯᠤᠩᠭ᠋ᠠᠷᠠᠭᠰᠠᠨ ᠳᠡᠯᠡᠭᠡᠢ ᠶᠢ ᠪᠢ ᠬᠠᠷᠠᠨ ᠵᠤᠭᠰᠤᠨ᠎ᠠ

ᠪᠠᠬᠠᠷᠤᠮ᠎ᠠ ᠳᠡᠭ᠍ᠷᠢᠯᠢᠭ᠌ ᠪᠠᠷᠳᠠᠭᠠᠨ ᠳᠤ ᠨᠢ

ᠳᠠᠯᠠᠪᠴᠢ ᠳᠤ ᠨᠢ ᠪᠠᠭᠯᠠᠭᠳᠠᠠᠵᠤ ᠭᠦᠷᠦᠯ᠎ᠡ

ᠰᠡᠷᠡᠴᠢᠭᠡᠭᠦ ᠪᠣᠢ ᠭᠡᠵᠤ ᠪᠢ

ᠪᠠᠷᠠᠭᠤᠨ ᠳᠠᠯ᠎ᠠ ᠶᠢᠨ ᠰᠢᠭᠤᠷᠭ᠎ᠠ ᠳᠤ ᠯᠠ ᠨᠤᠭᠤᠭᠠᠨ ᠨᠢᠳᠤᠷᠭ᠎ᠠ ᠪᠣᠯᠵᠤ ᠣᠷᠭᠤᠯ᠎ᠠ

ᠭᠤᠸ᠎ᠠ ᠰᠠᠢ᠌ᠬᠠᠨ ᠥᠢᠮᠡᠭᠡᠨ ᠳ᠋ᠤ

ᠠᠢ᠌ᠵᠠᠮ ᠮᠢᠨᠢ ᠰᠢᠷᠦᠭᠦᠰᠦᠯ᠎ᠡ

ᠠᠳᠬᠤᠨ ᠤ ᠮᠢᠨᠢ ᠬᠠᠷ᠎ᠠ ᠪᠢᠷ ᠶᠢᠡᠨ ᠳᠠᠰᠤ ᠴᠡᠭᠡᠵᠢᠯᠡᠵᠤ ᠴᠢᠳᠠᠭᠠᠤᠨ

ᠺᠦᠮᠫᠢᠥᠲ᠋ᠸᠷ ᠵᠥᠭ᠌ ᠪᠣᠳᠤᠯ ᠮᠢᠨᠢ ᠠᠯᠬᠤᠮ ᠠᠯᠬᠤᠮ ᠶᠢᠡᠷ ᠳᠡᠯᠭᠡᠷᠡᠯ᠎ᠡ


ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠠᠢ᠌ᠮᠠᠭ ᠤᠨ ᠳᠤᠮᠳᠠᠳᠤ ᠬᠤᠰᠢᠭᠤᠨ ᠤ ᠵᠡᠭᠦᠨ ᠳᠠᠪᠢᠨ ᠰᠤᠷᠭᠠᠭᠤᠯᠢ

ᠵᠤᠬᠢᠶᠠᠭᠴᠢ᠄ ᠡᠷᠳᠡᠨᠢᠪᠠᠭᠠᠨ᠎ᠠ
ᠬᠠᠷᠢᠶ᠎ᠠ᠄ ᠰᠢᠯᠦᠭ
ᠳᠠᠷᠤᠮ᠄ 2102
ᠴᠠᠭ᠄ 2014 ᠤᠨ ᠤ 03 ᠰᠠᠷ᠎ᠠ ᠶᠢᠨ 20