ᠪᠢ ᠴᠢᠮ᠎ᠠ ᠳᠤ ᠬᠠᠢ᠌ᠷᠠᠳᠠᠢ ᠶᠠᠪᠣᠭᠰᠠᠨ

ᠨᠢ᠋ᠮᠠᠨ ᠰᠠᠷ᠎ᠠ ᠶᠢᠨ ᠴᠡᠴᠡᠭ᠌ ᠰᠢᠭ᠌ ᠵᠢᠰᠤ ᠨᠠᠳᠠ ᠳᠤ ᠵᠠᠶᠠᠭ᠎ᠠ ᠥᠭᠡᠢ

ᠨᠠᠷᠠᠨ ᠡᠴᠠ ᠴᠤ ᠴᠤᠭᠳᠠᠢ ᠪᠠᠢ᠌ᠭᠰᠠᠨ ᠴᠢᠮ᠎ᠠ ᠳᠤ ᠪᠢ ᠳᠤᠷᠠᠯᠠᠭᠰᠠᠨ

ᠨᠠᠢ᠌ᠵᠠ ᠳᠤ ᠪᠠᠨ ᠪᠢ ᠴᠢᠮᠢ᠋ᠢ ᠨᠠᠢ᠌ᠵᠠ ᠭᠡᠵᠤ ᠳᠠᠨᠢᠯᠴᠠᠭᠤᠯᠤᠭᠰᠠᠨ

ᠨᠠᠷᠠ ᠰᠢᠭ ᠴᠢᠨᠤ ᠭᠠᠯ ᠰᠢᠭ ᠬᠠᠢ᠌ᠷ᠎ᠠ ᠶᠢᠨ ᠥᠭᠡ ᠶᠢ ᠰᠤᠨᠤᠰᠬᠤ ᠭᠡᠵᠤ

ᠨᠠᠷᠢᠬᠠᠨ ᠰᠢᠩᠭᠡᠨ ᠭᠡᠵᠢᠭᠡ ᠪᠠᠨ ᠭᠤᠶᠤᠨ ᠭᠤᠶᠤᠨ ᠴᠢᠮᠡᠳᠡᠭ᠌ ᠪᠠᠢ᠌ᠭᠰᠠᠨ

ᠨᠠᠷᠠ ᠰᠢᠭ ᠳᠦᠷᠦᠭ᠍ᠰᠡᠨ ᠴᠢᠮᠢ᠋ᠢ ᠰᠢᠷᠳᠡᠭᠦ ᠳᠤ ᠪᠠᠨ

ᠨᠠᠷᠠᠨ ᠳᠤ ᠪᠣᠷᠤᠯᠠᠭᠰᠠᠨ ᠴᠢᠷᠠᠢ ᠶᠢᠨ ᠮᠢᠨᠢ ᠣᠯᠠᠢ᠌ᠭ᠎ᠠ ᠶᠢ ᠴᠢ ᠠᠩᠵᠠᠷᠠᠭ᠎ᠠ ᠦᠭᠡᠶ᠃

ᠥᠯᠢᠭᠡᠷ ᠤᠨ ᠪᠠᠭᠠᠳᠤᠷ ᠨᠢ ᠴᠢ ᠪᠠᠢ᠌ᠭᠰᠠᠨ ᠶᠤᠮ

ᠥᠯᠢᠭᠡᠷ ᠶᠠᠷᠢᠳᠠᠭ ᠨᠢ ᠪᠢ ᠪᠠᠢ᠌ᠭᠰᠠᠨ ᠶᠤᠮ

ᠬᠠᠭᠠᠨ ᠭᠦᠪᠠᠭᠦᠨ ᠨᠢ ᠴᠢ ᠪᠠᠢ᠌ᠭᠰᠠᠨ ᠶᠤᠮ

ᠬᠠᠷᠠᠴᠤ ᠶᠢᠨ ᠦᠬᠢᠨ ᠨᠢ ᠪᠢ ᠪᠠᠢ᠌ᠭᠰᠠᠨ ᠶᠤᠮ

ᠬᠠᠢ᠌ᠷ᠎ᠠ ᠡᠭᠦᠰᠦᠭ᠍ᠰᠡᠨ ᠦᠭᠡᠶ ᠨᠢ ᠦᠨᠡᠨ ᠪᠠᠢ᠌ᠭᠰᠠᠨ

ᠬᠠᠢ᠌ᠷᠠᠳᠠᠢ ᠪᠠᠢ᠌ᠭᠰᠠᠨ ᠨᠢ ᠴᠤ ᠦᠨᠡᠨ ᠪᠠᠢ᠌ᠭᠰᠠᠨ

ᠬᠠᠷᠠᠮᠰᠠᠯᠳᠠᠢ ᠨᠢ ᠴᠢ ᠨᠠᠳᠠ ᠳᠤ ᠳᠤᠷᠠᠯᠠᠭ᠎ᠠ ᠦᠭᠡᠶ ᠪᠠᠢ᠌ᠭᠰᠠᠨ᠃

ᠣᠴᠢᠷᠯᠠᠵᠤ ᠴᠢ ᠨᠢᠭᠡ ᠴᠤ ᠣᠳᠠᠭ᠎ᠠ ᠣᠢ᠌ᠯᠭᠠᠭ᠎ᠠ ᠥᠭᠡᠢ

ᠦᠷᠭᠦᠯᠵᠢ ᠨᠠᠮᠢ᠋ᠢ ᠭᠤᠮᠤᠳᠠᠭᠠᠳᠠᠭ ᠪᠠᠢ᠌ᠭᠰᠠᠨ

ᠣᠯᠠᠨ ᠰᠠᠢ᠌ᠬᠠᠨ ᠭᠡᠦᠭᠡᠡᠴᠦᠳ ᠴᠢᠨᠤ ᠳᠤᠭᠤᠷᠢᠨ ᠳᠤ ᠡᠷᠭᠢᠯᠳᠦᠨ᠎ᠡ

ᠣᠷᠴᠢᠯᠠᠩ ᠤᠨ ᠬᠠᠮᠤᠭ ᠰᠠᠢ᠌ᠬᠠᠨ ᠥᠭᠡᠰ ᠳᠠᠳᠠ ᠣᠷᠤᠭᠤ ᠭᠦᠶ‍ᠦᠯᠳᠦᠨ᠎ᠡ

ᠳᠡᠭᠡᠭᠦ ᠳᠤ ᠪᠢ ᠬᠠᠵᠠᠭᠤ ᠳᠤ ᠴᠢᠨᠢ ᠪᠠᠢ᠌ᠭᠰᠠᠨ ᠢ ᠴᠢ ᠮᠡᠳᠡᠭᠡ ᠥᠭᠡᠢ

ᠳᠠᠷᠠ ᠪᠣᠷᠮ᠎ᠠ ᠰᠢᠭ᠌ ᠥᠭᠡᠨ ᠡᠴᠠ ᠪᠠᠨ ᠨᠢᠭᠡ ᠴᠤ ᠱᠠᠩᠨᠠᠭ᠎ᠠ ᠥᠭᠡᠢ

ᠣᠷᠴᠢᠯᠠᠩ ᠳᠤ ᠭᠤᠶᠤ ᠭᠡᠦᠭᠡᠡᠴᠦᠳ ᠣᠯᠠᠨ ᠵᠠᠶᠠᠭᠠᠭᠰᠠᠨ ᠢ ᠪᠢ ᠮᠠᠳᠠᠨ᠎ᠡ

ᠣᠭᠳᠠᠷᠭᠤᠢ ᠳᠤ ᠭᠡᠷᠡᠯ ᠲᠡᠶ ᠨᠢ ᠨᠠᠷᠠ ᠰᠠᠷᠠᠨ ᠪᠠᠢ᠌ᠳᠠᠭ ᠢ ᠪᠢ ᠣᠢ᠌ᠯᠠᠭᠠᠨ᠎ᠠ᠃

ᠨᠠᠷᠠ ᠰᠠᠷᠠ ᠣᠭᠳᠠᠷᠭᠤᠢ ᠳᠤ ᠰᠠᠴᠠᠭᠤᠯᠳᠠᠭ ᠭᠡᠨ᠎ᠡ ᠯᠠᠢ

ᠨᠠᠷᠠᠯᠠᠭ ᠬᠤᠷᠸ᠎ᠠ ᠳᠤ ᠪᠢ ᠴᠢᠮ᠎ᠠ ᠲᠡᠶ ᠰᠠᠴᠠᠭᠤᠯᠬᠤ ᠦᠭᠡᠶ ᠪᠠᠨ ᠮᠡᠳᠡᠭ᠍ᠰᠡᠨ

ᠳᠡᠭᠡᠭᠦ ᠳᠤ ᠳᠠᠷᠠ ᠰᠠᠷᠠ ᠨᠢ ᠴᠢ ᠪᠠᠢ᠌ᠭᠰᠠᠨ

ᠳᠡᠷᠭᠡᠳᠡᠭᠢ ᠵᠢᠵᠢᠭ᠌ ᠣᠳᠤ ᠨᠢ ᠪᠢ ᠪᠠᠢ᠌ᠭᠰᠠᠨ᠃

ᠨᠠᠷᠠ ᠰᠢᠭ ᠰᠠᠷᠠ ᠰᠢᠭ᠌ ᠴᠢᠮ᠎ᠠ ᠳᠤ ᠬᠠᠢ᠌ᠷᠠᠳᠠᠢ ᠪᠠᠢ᠌ᠭᠰᠠᠨ ᠨᠢ ᠦᠨᠡᠨ ᠪᠠᠢ᠌ᠭᠰᠠᠨ

ᠨᠠᠰᠤ ᠪᠠᠷ ᠪᠢ ᠲᠡᠶ ᠴᠢᠮᠢ᠋ᠢ ᠵᠢᠷᠭᠠᠬᠤ ᠰᠠᠨ ᠭᠡᠵᠤ ᠭᠦᠰᠡᠳᠡᠭ᠌ ᠨᠢ ᠵᠡᠭᠦᠳᠤ ᠪᠠᠢ᠌ᠭᠰᠠᠨ᠃

ᠨᠠᠢ᠌ᠵᠠ ᠶᠢᠨ ᠮᠢᠨᠢ ᠳᠤᠮᠳᠠ ᠴᠢ ᠨᠠᠢ᠌ᠵᠠ ᠶᠠᠪᠣᠭᠰᠠᠨ

ᠨᠠᠢ᠌ᠵᠠ ᠳᠤ ᠪᠠᠨ᠂   ᠪᠢ ᠴᠢᠮ᠎ᠠ ᠳᠤ ᠬᠠᠢ᠌ᠷᠠᠳᠠᠢ ᠶᠠᠪᠣᠭᠰᠠᠨ᠃


ᠵᠤᠬᠢᠶᠠᠭᠴᠢ ᠶᠢᠨ ᠬᠠ‍‌ᠶᠢᠭ ᠄ ᠣᠷᠳᠤᠰ

ᠵᠤᠬᠢᠶᠠᠭᠴᠢ᠄ ᠴᠡᠯᠡᠭᠡᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2321
ᠴᠠᠭ᠄ 2011 ᠤᠨ ᠤ 12 ᠰᠠᠷ᠎ᠠ ᠶᠢᠨ 01
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ