ᠡᠵᠢ ᠮᠢᠨᠢ ᠥᠳᠡᠯᠦᠴᠢᠭᠡᠯ᠎ᠡ

ᠨᠠᠷᠠ ᠲᠡᠶ ᠬᠠᠮᠳᠤ ᠪᠣᠰᠴᠤ

ᠨᠠᠮᠢ᠋ᠢ ᠪᠠᠨ ᠥᠰᠭᠡᠭ᠍ᠰᠡᠨ ᠡᠵᠢ ᠮᠢᠨᠢ ᠥᠳᠡᠯᠦᠴᠢᠭᠡᠯ᠎ᠡ

ᠰᠠᠷᠠ ᠲᠡᠶ ᠬᠠᠮᠳᠤ ᠳᠠᠭᠤᠯᠠᠵᠤ

ᠰᠠᠳᠤᠨ ᠶᠢᠡᠨ ᠪᠠᠶᠠᠰᠬᠠᠭᠰᠠᠨ ᠡᠵᠢ ᠮᠢᠨᠢ ᠥᠳᠡᠯᠦᠴᠢᠭᠡᠯ᠎ᠡ

ᠠᠮᠢᠳᠤᠷᠠᠯ ᠳᠠᠮᠠᠴᠠᠯ ᠳᠡᠭᠡᠨ ᠵᠢᠳᠭᠦᠵᠤ

ᠠᠨᠢᠰᠬ᠎ᠠ ᠳᠠᠭᠠᠨ ᠬᠤᠨᠢᠶᠠᠰᠤ ᠲᠡᠶ ᠪᠣᠯᠤᠭᠠᠤᠨ ᠡᠵᠢ ᠮᠢᠨᠢ ᠥᠳᠡᠯᠦᠴᠢᠭᠡᠯ᠎ᠡ

ᠦᠷ᠎ᠡ ᠶᠢᠨ ᠶᠢᠡᠨ ᠲᠦᠯᠦᠭᠡ ᠦᠷᠡᠭ᠍ᠳᠡᠵᠤ

ᠥᠩᠭᠡᠳᠤ ᠬᠤᠷᠸ᠎ᠠ ᠶᠢᠨ ᠵᠢᠮ᠎ᠠ ᠪᠠᠷ ᠡᠵᠢ ᠮᠢᠨᠢ ᠥᠳᠡᠯᠦᠴᠢᠭᠡᠯ᠎ᠡ

ᠮᠢᠠᠳᠠᠰᠤᠨ ᠴᠠᠭᠠᠨ ᠴᠢᠷᠠᠢ ᠳᠠᠭᠠᠨ ᠠᠮᠢᠳᠤᠷᠠᠯ ᠤᠨ ᠶᠢᠡᠨ ᠳᠡᠦᠭᠡ ᠶᠢ ᠳᠡᠮᠳᠡᠭᠯᠡᠵᠤ

            ᠡᠵᠢ ᠮᠢᠨᠢ ᠥᠳᠡᠯᠦᠴᠢᠭᠡᠯ᠎ᠡ

ᠰᠠᠠᠴᠢᠭ ᠤᠨ ᠦᠰᠦ ᠶᠢᠨ ᠶᠢᠡᠨ ᠳᠡᠭᠡᠭᠦᠷ

ᠰᠠᠢ᠌ᠬᠠᠨ ᠭᠢᠷᠠᠭᠤ ᠣᠨᠠᠭᠠᠭᠠᠤᠨ ᠡᠵᠢ ᠮᠢᠨᠢ ᠥᠳᠡᠯᠦᠴᠢᠭᠡᠯ᠎ᠡ

ᠰᠠᠷᠠᠭᠤᠯ ᠳᠠᠯ᠎ᠠ ᠶᠢᠨ ᠶᠢᠡᠨ ᠳᠤᠮᠳᠠᠭᠤᠷ ᠬᠤᠨᠢ ᠪᠠᠨ ᠬᠠᠷᠢᠭᠤᠯᠵᠤ ᠶᠠᠪᠣᠭᠰᠠᠭᠠᠷ

            ᠡᠵᠢ ᠮᠢᠨᠢ ᠥᠳᠡᠯᠦᠴᠢᠭᠡᠯ᠎ᠡ

ᠡᠭᠡ ᠨᠢᠯᠬ᠎ᠠ ᠶᠢᠨ ᠳᠠᠭᠤᠨ ᠶᠢᠡᠷ ᠣᠢ᠌ᠯᠠᠰ ᠤᠨ ᠶᠢᠡᠨ ᠢᠨᠢᠶᠠᠳᠤ ᠪᠣᠯᠭᠠᠨ

            ᠡᠵᠢ ᠮᠢᠨᠢ ᠥᠳᠡᠯᠦᠴᠢᠭᠡᠯ᠎ᠡ

ᠡᠮᠴᠢᠯᠭᠡ ᠳᠤᠮᠴᠢᠯᠭ᠎ᠠ ᠶᠢᠨ ᠣᠷ᠎ᠠ ᠪᠠᠷ ᠶᠢᠡᠨ ᠡᠨᠡᠷᠢᠯ ᠤᠨ ᠳᠡᠭ᠍ᠷᠢ ᠳᠤ ᠪᠣᠰᠤᠭᠰᠠᠨ

            ᠡᠵᠢ ᠮᠢᠨᠢ ᠥᠳᠡᠯᠦᠴᠢᠭᠡᠯ᠎ᠡ


ᠵᠤᠬᠢᠶᠠᠭᠴᠢ ᠶᠢᠨ ᠬᠠ‍‌ᠶᠢᠭ ᠄ ᠨᠢ᠋ᠮᠠᠨ ᠬᠤᠰᠢᠭᠤ

ᠵᠤᠬᠢᠶᠠᠭᠴᠢ᠄ ᠭᠦᠳᠡᠭᠡ
ᠬᠠᠷᠢᠶ᠎ᠠ᠄ ᠰᠢᠯᠦᠭ
ᠳᠠᠷᠤᠮ᠄ 2159
ᠴᠠᠭ᠄ 2011 ᠤᠨ ᠤ 06 ᠰᠠᠷ᠎ᠠ ᠶᠢᠨ 18