ᠭᠦᠳᠡᠭᠡ ᠳᠤᠰᠬᠤᠨ ᠤ ᠳᠤᠮᠳᠠᠳᠤ ᠪᠠᠭ᠎ᠠ ᠰᠤᠷᠭᠠᠭᠤᠯᠢ ᠶᠢᠨ ᠪᠠᠭᠰᠢ ᠶᠢᠨ ᠭᠢᠴᠢᠶᠡᠯᠯᠡᠭᠡ ᠶᠢᠨ ᠣᠷ᠎ᠠ ᠮᠡᠷᠭᠡᠰᠢᠯ ᠳᠡᠭᠡᠭ᠍ᠰᠢᠯᠡᠭᠦᠯᠭᠦ ᠴᠢᠬᠤᠯᠳᠠᠢ

2004 ᠣᠨ ᠳᠤ ᠥᠪᠠᠷᠳᠡᠭᠡᠨ ᠵᠠᠰᠠᠬᠤ ᠣᠷᠤᠨ ᠤ ᠰᠤᠷᠭᠠᠨ ᠭᠦᠮᠦᠵᠢᠯ ᠤᠨ ᠳᠢᠩᠭᠢᠮ ᠪᠢᠴᠢᠭ᠌ ᠮᠠᠲ᠋ᠸᠷᠢᠶᠠᠯ ᠪᠠᠭᠤᠯᠭᠠᠵᠤ᠂ ᠭᠢᠴᠢᠶᠠᠯ ᠤᠨ ᠥᠭᠡᠷᠡᠴᠢᠯᠡᠯᠳᠡ ᠳᠤ ᠪᠠᠢ᠌ᠷᠢᠯᠠᠭᠤᠯᠤᠯᠳᠠ ᠭᠢᠵᠤ᠂ ᠦᠨᠳᠦᠰᠦᠳᠠᠨ ᠤ ᠣᠷᠤᠨ ᠤ ᠭᠢᠴᠢᠶᠠᠯ ᠤᠨ ᠥᠭᠡᠷᠡᠴᠢᠯᠡᠯᠳᠡ ᠶᠢ ᠴᠢᠬᠤᠯᠴᠢᠯᠠᠵᠤ᠂ 2004 ᠣᠨ ᠤ ᠳᠡᠭᠡᠷ᠎ᠡ ᠬᠠᠭᠠᠰ ᠵᠢᠯ ᠡᠴᠡ ᠡᠭᠢᠯᠡᠨ ᠳᠤᠷᠰᠢᠬᠤ ᠱᠠᠳᠤᠨ ᠳᠤ ᠣᠷᠤᠵᠤ᠂ ᠰᠢᠨ᠎ᠠ ᠭᠢᠴᠢᠶᠠᠯ ᠤᠨ ᠥᠭᠡᠷᠡᠴᠢᠯᠡᠯᠳᠡ ᠶᠢᠨ ᠶᠤᠰᠤᠭᠠᠷ ᠰᠤᠷᠭᠠᠨ ᠭᠦᠮᠦᠵᠢᠯ ᠤᠨ ᠦᠵᠡᠯ ᠰᠠᠨᠠᠭ᠎ᠠ᠂ ᠰᠤᠷᠭᠠᠨ ᠭᠦᠮᠦᠵᠢᠯ ᠤᠨ ᠣᠢ᠌ᠯᠭᠠᠭᠳᠠᠬᠤᠨ᠂ ᠵᠢᠭᠠᠨ ᠰᠤᠷᠭᠠᠬᠤ ᠠᠭᠤᠯᠭ᠎ᠠ᠂ ᠵᠢᠭᠠᠨ ᠰᠤᠷᠭᠠᠬᠤ ᠪᠦᠳᠦᠴᠡ᠂ ᠵᠢᠭᠠᠨ ᠰᠤᠷᠭᠠᠯᠳᠠ ᠶᠢᠨ ᠦᠨᠡᠯᠠᠯᠳᠠ᠂ ᠵᠢᠭᠠᠨ ᠰᠤᠷᠭᠠᠯᠳᠠ ᠶᠢᠨ ᠪᠠᠢ᠌ᠴᠠᠭᠠᠯᠲᠠ ᠵᠡᠷᠭᠡ ᠳᠠᠯ᠎ᠠ ᠪᠠᠷ ᠵᠢᠭᠠᠬᠤ ᠠᠵᠢᠯᠯᠠᠭ᠎ᠠ ᠶᠢ ᠵᠤᠬᠢᠶᠠᠨ ᠪᠠᠢ᠌ᠭᠤᠯᠵᠤ᠂ ᠭᠢᠴᠢᠶᠠᠯ ᠤᠨ ᠳᠠᠩᠭᠢᠮ ᠤᠨ ᠵᠢᠭᠠᠨ ᠰᠤᠷᠭᠠᠯᠳᠠ ᠶᠢᠨ ᠠᠷᠭ᠎ᠠ ᠳᠤ ᠭᠡᠪ ᠴᠢᠨᠠᠷ ᠤᠨ ᠰᠤᠷᠭᠠᠨ ᠭᠦᠮᠦᠵᠢᠯ ᠢ ᠢᠳᠠᠪᠭᠢᠳᠠᠢ ᠨᠡᠪᠴᠡᠭᠦᠯᠭᠦ ᠶᠢ ᠱᠠᠭᠠᠷᠳᠠᠵᠤ᠂ ᠳᠤᠷᠰᠢᠯᠳᠠ ᠶᠢᠨ ᠰᠠᠭᠤᠷᠢᠨ ᠳᠡᠭᠡᠷ᠎ᠡ᠂ 2005 ᠣᠨ ᠤ ᠳᠤᠤᠷᠠᠳᠤ ᠬᠠᠭᠠᠰ ᠵᠢᠯ ᠡᠴᠡ ᠡᠭᠢᠯᠡᠨ 1 ᠊᠊᠊᠊᠊᠊᠊᠊᠊᠊᠊᠊᠊᠊᠊ 9 ᠳ᠋ᠤᠭᠡᠷ ᠣᠨ ᠭᠦᠷᠳᠡᠯ᠎ᠡ ᠣᠨ ᠬᠤᠪᠢᠶᠠᠨ ᠠᠯᠬᠤᠮ ᠠᠯᠬᠤᠮ ᠶᠢᠡᠷ ᠰᠢᠨ᠎ᠠ ᠭᠢᠴᠢᠶᠠᠯ ᠤᠨ ᠪᠠᠷᠢᠮᠵᠢᠶ᠎ᠠ ᠪᠠ ᠰᠢᠨ᠎ᠠ ᠵᠢᠭᠠᠬᠤ ᠮᠠᠲ᠋ᠸᠷᠢᠶᠠᠯ ᠢ ᠭᠡᠷᠡᠭᠯᠡᠨ᠎ᠡ ᠭᠡᠵᠤ ᠳᠤᠭᠳᠠᠭᠠᠭᠰᠠᠨ ᠪᠠᠢ᠌ᠳᠠᠭ᠃ ᠣᠳᠤᠬᠠᠨ ᠤ ᠰᠠᠭᠤᠷᠢ ᠰᠤᠷᠭᠠᠨ ᠭᠦᠮᠦᠵᠢᠯ ᠤᠨ ᠭᠢᠴᠢᠶᠠᠯ ᠤᠨ ᠥᠭᠡᠷᠡᠴᠢᠯᠡᠯᠳᠡ ᠨᠢ ᠦᠨᠳᠦᠰᠦᠳᠠᠨ ᠤ ᠰᠤᠷᠭᠠᠨ ᠭᠦᠮᠦᠵᠢᠯ ᠳᠤ ᠰᠢᠨ᠎ᠠ ᠥᠷᠢᠰᠦᠯᠳᠦᠭᠡᠨ ᠢ ᠠᠪᠴᠢᠷᠠᠵᠤ ᠦᠭ‍ᠭᠦᠭ᠍ᠰᠡᠨ ᠨᠢ ᠮᠠᠨ ᠤ ᠪᠠᠭᠰᠢ ᠪᠣᠯᠤᠭᠰᠠᠤᠨ ᠲᠤ ᠨᠠᠩ ᠦᠨᠳᠦᠷ᠂ ᠨᠠᠩ ᠴᠢᠩᠭ᠋᠎ᠠ᠂ ᠱᠠᠭᠠᠷᠳᠠᠯᠭ᠎ᠠ ᠳᠠᠯᠪᠢᠭᠰᠠᠨ ᠶᠠᠪᠣᠳᠠᠯ ᠪᠣᠯᠬᠤ ᠡᠴᠡ ᠪᠢᠰᠢ ᠬᠠᠷᠢᠨ᠂ ᠭᠢᠭᠦ ᠶᠠᠭᠤᠮ᠎ᠠ ᠦᠭᠡᠶ ᠪᠣᠯᠭᠠᠯ᠎ᠠ ᠭᠡᠵᠤ ᠬᠣᠢ᠌ᠰᠢ ᠣᠬᠤᠷᠢᠵᠤ ᠰᠠᠭᠤ ᠭᠡᠰᠡᠨ ᠶᠠᠪᠣᠳᠠᠯ ᠪᠢᠰᠢ ᠶᠤᠮ᠃ ᠳᠠᠷᠤᠢ ᠣᠯᠠᠮᠵᠢᠯᠠᠯᠳᠤ ᠵᠢᠭᠠᠨ ᠰᠤᠷᠭᠠᠯᠳᠠ ᠶᠢᠨ ᠵᠠᠭᠪᠣᠷ ᠢ ᠡᠪᠳᠡᠵᠤ᠂ ᠰᠤᠳᠤ ᠶᠢ ᠨᠢ ᠠᠪᠴᠤ ᠰᠢᠭᠠᠷᠤ ᠶᠢ ᠨᠢ ᠣᠷᠭᠢᠨ ᠦᠪᠡᠷ ᠤᠨ ᠭᠡᠰᠡᠨ ᠣᠠᠴᠠᠯᠢᠭ ᠲᠡᠶ᠂ ᠣᠳᠤᠬᠠᠨ ᠤ ᠵᠢᠭᠠᠨ ᠰᠤᠷᠭᠠᠯᠳᠠ ᠶᠢᠨ ᠪᠠᠢ᠌ᠳᠠᠯ ᠳᠤ ᠳᠤᠭᠢᠷᠠᠭᠰᠠᠨ ᠰᠢᠨ᠎ᠠ ᠵᠢᠭᠠᠨ ᠰᠤᠷᠭᠠᠬᠤ ᠠᠷᠭ᠎ᠠ ᠪᠠᠷᠢᠯ ᠢ ᠡᠭᠦᠳᠭᠦ ᠶᠢ ᠵᠠᠷᠯᠠᠭᠰᠠᠨ ᠶᠠᠪᠣᠳᠠᠯ ᠶᠤᠮ᠃ ᠳᠤᠤᠷ᠎ᠠ ᠪᠢ ᠳᠤᠮᠳᠠᠳᠤ ᠪᠠᠭ᠎ᠠ ᠰᠤᠷᠭᠠᠭᠤᠯᠢ ᠶᠢᠨ ᠭᠡᠰᠡᠭ᠌ ᠪᠦᠯᠦᠭ᠌ ᠪᠠᠭᠰᠢ ᠨᠡᠷ ᠤᠨ ᠣᠷᠤᠯᠳᠤᠭᠠᠨ ᠤ ᠭᠢᠴᠢᠶᠠᠯ᠂ ᠳᠦᠷᠢᠮᠴᠢ ᠭᠢᠴᠢᠶᠠᠯ᠂ ᠥᠵᠡᠭᠦᠯᠦᠯᠭᠡ ᠶᠢᠨ ᠭᠢᠴᠢᠶᠠᠯ᠂ ᠨᠡᠭᠡᠭᠡᠯᠳᠡᠳᠡᠢ ᠭᠢᠴᠢᠶᠠᠯ ᠢ ᠰᠤᠨᠤᠰᠤᠭᠠᠤᠨ ᠦᠵᠡᠵᠤ ᠬᠠᠷᠠᠭᠰᠠᠨ ᠵᠣᠢ᠌ᠯ ᠶᠢᠡᠨ ᠴᠤᠬᠤᠰ ᠳᠤᠷᠠᠳᠤᠶ᠎ᠠ︕ ᠭᠢᠴᠢᠶᠠᠯ ᠰᠤᠨᠤᠰᠬᠤ ᠶᠠᠪᠣᠴᠠ ᠳᠤ ᠶᠠᠭᠤᠨ ᠤ ᠡᠮᠦᠨ᠎ᠡ ᠨᠠᠳᠠᠳᠤ ᠮᠠᠨ ᠤ ᠣᠯᠤᠰ ᠤᠨ ᠠᠯᠳᠠᠷᠳᠤ ᠰᠤᠷᠭᠠᠨ ᠭᠦᠮᠦᠵᠢᠯ ᠤᠨ ᠵᠢᠦᠡᠭᠦᠯᠳᠡᠨ ᠳᠤᠤ ᠰᠢᠩ ᡁᠢ ᠠᠪᠣᠭᠠᠢ ᠶᠢᠨ ᠭᠡᠯᠡᠭ᠍ᠰᠡᠨ ᠨᠢᠭᠡ ᠪᠠᠳᠠᠭ ᠥᠭᠡ ᠰᠠᠨᠠᠭᠠᠨ ᠳᠤ ᠣᠷᠤᠯ᠎ᠠ᠃ ᠳᠤᠤ ᠰᠢᠩ ᡁᠢ ᠠᠪᠣᠭᠠᠢ ᠠᠯᠢ ᠡᠷᠳᠡ ᠮᠠᠨ ᠤ ᠣᠯᠤᠰ ᠤᠨ ᠪᠠᠭᠰᠢ ᠵᠢᠭᠠᠨ ᠰᠤᠷᠭᠠᠯᠳᠠ ᠶᠢᠨ ᠳᠤᠬᠠᠢ ᠭᠤᠷᠪᠠᠨ ᠵᠣᠢ᠌ᠯ ᠢ ᠳᠤᠷᠠᠳᠤᠭᠰᠠᠨ ᠪᠠᠢ᠌ᠳᠠᠭ᠃ 《ᠨᠢᠭᠡᠳᠦᠭᠡᠷ ᠵᠣᠢ᠌ᠯ ᠤᠨ ᠪᠠᠭᠰᠢ ᠨᠢ ᠵᠥᠪᠭᠡᠨ ᠪᠢᠴᠢᠭ᠌ ᠵᠢᠭᠠᠬᠤ ᠶᠢ ᠯᠠ ᠮᠡᠳᠡᠳᠡᠭ᠌᠂ ᠬᠡᠦᠬᠡᠳ ᠲᠤ ᠨᠢᠭᠡ ᠳᠠᠪᠳᠠᠷ ᠪᠢᠴᠢᠭ᠌ ᠪᠠᠷᠢᠭᠤᠯᠵᠤ᠂ ᠣᠩᠰᠢᠭᠤᠯᠵᠤ ᠴᠡᠭᠡᠵᠢᠯᠡᠭᠦᠯᠤᠨ᠂ ᠴᠤᠪᠣᠭᠤ ᠭᠦᠭᠡᠷᠦᠭᠦᠨ ᠪᠢᠴᠢᠬᠠᠨ ᠬᠡᠦᠬᠡᠳ ᠢ ᠪᠢᠴᠢᠭ᠌ ᠤᠨ ᠳᠠᠯᠪᠢᠭᠤᠷ ᠴᠠᠭᠠᠰᠤᠨ ᠤ ᠰᠠᠪᠠ ᠪᠣᠯᠭᠠᠳᠠᠭ》 ᠭᠡᠵᠡᠢ᠃ 《ᠬᠤᠶᠠᠳᠤᠭᠠᠷ ᠵᠣᠢ᠌ᠯ ᠤᠨ ᠪᠠᠭᠰᠢ ᠨᠢ ᠪᠢᠴᠢᠭ᠌ ᠵᠢᠭᠠᠵᠤ ᠪᠠᠢ᠌ᠬᠤ ᠪᠢᠰᠢ᠂ ᠬᠠᠷᠢᠨ ᠰᠤᠷᠤᠭᠴᠢᠳ ᠤᠨ ᠭᠦᠮᠤᠨ ᠢ ᠨᠢ ᠵᠢᠭᠠᠵᠤ ᠰᠤᠷᠭᠠᠨ᠂ ᠭᠤᠤᠯ ᠠᠩᠬᠠᠷᠤᠯ ᠶᠢᠡᠨ ᠨᠤᠮ ᠪᠢᠴᠢᠭ᠌ ᠡᠴᠡ ᠰᠤᠷᠤᠭᠴᠢ ᠶᠢᠨ ᠪᠠᠶ᠎ᠠ ᠳᠤ ᠰᠢᠯᠵᠢᠭᠦᠯᠴᠢᠭᠡᠭ᠍ᠰᠡᠨ ᠪᠠᠢ᠌ᠨ᠎ᠠ᠃ ᠥᠩᠭᠡᠷᠡᠭ᠍ᠰᠡᠨ ᠤ ᠠᠳᠠᠯᠢ ᠰᠤᠷᠤᠭᠴᠢ ᠶᠢ ᠨᠤᠮ ᠪᠢᠴᠢᠭ᠌ ᠲᠤ ᠳᠤᠭᠢᠷᠠᠭᠤᠯᠬᠤ ᠪᠢᠰᠢ᠂ ᠣᠳᠤ ᠨᠤᠮ ᠪᠢᠴᠢᠭ᠌ ᠢ ᠰᠤᠷᠤᠭᠴᠢᠳ ᠲᠤ ᠳᠤᠭᠢᠷᠠᠭᠤᠯᠵᠤ ᠪᠠᠢ᠌ᠨ᠎ᠠ》 ᠭᠡᠵᠡᠢ᠃ 《ᠭᠤᠷᠪᠠᠳᠤᠭᠠᠷ ᠵᠣᠢ᠌ᠯ ᠤᠨ ᠪᠠᠭᠰᠢ ᠨᠢ ᠮᠢᠨᠤ ᠥᠵᠡᠭᠦ ᠪᠠᠷ ᠰᠠᠢ᠌ᠨ ᠪᠠᠭᠰᠢ ᠭᠡᠳᠡᠭ᠌ ᠨᠢ ᠪᠢᠴᠢᠭ᠌ ᠵᠢᠭᠠᠵᠤ ᠪᠠᠢ᠌ᠬᠤ ᠪᠢᠰᠢ᠂ ᠰᠤᠷᠤᠭᠴᠢᠳ ᠤᠨ ᠭᠦᠮᠤᠨ ᠢ ᠨᠢ ᠵᠢᠭᠠᠵᠤ ᠪᠠᠢ᠌ᠬᠤ ᠪᠢᠰᠢ᠂ ᠬᠠᠷᠢᠨ ᠰᠤᠷᠤᠭᠴᠢᠳ ᠲᠠᠭᠠᠨ ᠰᠤᠷᠤᠯᠴᠠᠬᠤ ᠶᠢ ᠰᠤᠷᠭᠠᠵᠤ ᠪᠠᠢ᠌ᠨ᠎ᠠ》 ᠭᠡᠵᠡᠢ᠃ ᠡᠨᠡ ᠪᠠᠳᠠᠭ ᠥᠭᠡ ᠦᠨᠦᠳᠤᠷ ᠭᠦᠷᠳᠡᠯ᠎ᠡ ᠪᠣᠳᠠᠳᠤ ᠠᠴᠢ ᠬᠤᠯᠪᠣᠭᠳᠠᠯ ᠲᠡᠶ ᠪᠠᠢ᠌ᠭᠰᠠᠭᠠᠷ᠃ ᠡᠨᠡ ᠣᠳᠠᠭᠠᠨ ᠤ ᠭᠢᠴᠢᠶᠠᠯ ᠰᠤᠨᠤᠰᠬᠤ ᠶᠠᠪᠣᠴᠠ ᠳᠤᠮᠳᠠ ᠡᠨᠡ ᠪᠠᠳᠠᠭ ᠥᠭᠡ ᠶᠢ ᠰᠠᠳᠭᠢᠵᠤ ᠰᠠᠭᠤᠬᠤ ᠳᠤ ᠳᠤᠤ ᠰᠢᠩ ᡁᠢ ᠠᠪᠣᠭᠠᠢ ᠥᠨᠡᠭᠡᠷᠡᠨ ᠮᠠᠨ ᠳᠤ ᠭᠤᠷᠪᠠᠨ ᠵᠣᠢ᠌ᠯ ᠤᠨ ᠪᠠᠭᠰᠢ ᠶᠢᠨ ᠳᠦᠷᠢ ᠳᠦᠷᠭᠦ ᠶᠢ ᠵᠢᠷᠤᠭᠯᠠᠵᠤ ᠦᠭ‍ᠭᠦᠭ᠍ᠰᠡᠨ ᠪᠠᠢ᠌ᠨ᠎ᠠ᠃ ᠰᠢᠨ᠎ᠠ ᠭᠢᠴᠢᠶᠠᠯ ᠤᠨ ᠥᠭᠡᠷᠡᠴᠢᠯᠡᠯᠳᠡ ᠭᠢᠭᠡᠳ ᠣᠳᠤ ᠪᠣᠯᠳᠠᠯ᠎ᠠ ᠳᠤᠮᠳᠠᠳᠤ ᠪᠠᠭ᠎ᠠ ᠰᠤᠷᠭᠠᠭᠤᠯᠢ ᠶᠢᠨ ᠪᠠᠭᠰᠢ ᠶᠢᠨ ᠳᠤᠳᠤᠷ᠎ᠠ ᠨᠢᠭᠡ ᠬᠤᠶᠠᠳᠤᠭᠠᠷ ᠵᠣᠢ᠌ᠯ ᠤᠨ ᠪᠠᠭᠰᠢ ᠪᠠᠰᠠ ᠪᠠᠭ᠎ᠠ ᠪᠣᠰᠤ ᠬᠠᠷᠠᠭᠳᠠᠭᠰᠠᠭᠠᠷ ᠪᠠᠢ᠌ᠨ᠎ᠠ᠃

ᠨᠢᠭᠡ ᠳᠤᠮᠳᠠᠳᠤ ᠰᠤᠷᠭᠠᠭᠤᠯᠢ ᠶᠢᠨ ᠳᠡᠦᠭᠡ ᠶᠢᠨ ᠪᠠᠭᠰᠢ ᠥᠵᠡᠭᠦᠯᠦᠯᠭᠡ ᠶᠢᠨ ᠭᠢᠴᠢᠶᠠᠯ ᠣᠷᠤᠬᠤ ᠳᠠᠭᠠᠨ 《ᠴᠠᠭᠠᠭᠴᠢᠨ ᠭᠠᠬᠠᠢ ᠵᠢᠯ ᠤᠨ ᠬᠤᠪᠢᠰᠬᠠᠯ》 ᠭᠡᠭᠦ ᠭᠢᠴᠢᠶᠠᠯ ᠢ ᠵᠢᠭᠠᠵᠠᠢ᠃ ᠭᠢᠴᠢᠶᠠᠯ ᠡᠭᠢᠯᠡᠭ᠍ᠰᠡᠨ ᠡᠴᠡ ᠭᠢᠴᠢᠶᠠᠯ ᠪᠠᠭᠤᠳᠠᠯ᠎ᠠ ᠭᠤᠷᠪᠠᠨ ᠮᠸᠲ᠋ᠷ ᠤᠨ ᠵᠢᠭᠠᠬᠤ ᠳᠠᠢ᠌ᠰᠠ ᠡᠴᠡ ᠣᠭᠳᠤ ᠵᠠᠢ᠌ᠳᠠᠭ᠎ᠠ ᠦᠭᠡᠶ᠂ ᠶᠠᠭ ᠯᠠ ᠳᠠᠯᠠᠪᠴᠢ ᠨᠢ ᠬᠤᠭᠤᠷᠠᠭᠰᠠᠨ 《ᠳᠠᠭᠢᠶ᠎ᠠ》 ᠰᠢᠭ᠂ ᠵᠢᠭᠠᠬᠤ ᠰᠢᠷᠡᠭᠡ ᠶᠢ ᠬᠤᠶᠠᠷ ᠭᠠᠷ ᠶᠢᠡᠷ ᠳᠤᠯᠵᠤ᠂ ᠨᠢᠭᠡ ᠯᠠ ᠭᠦᠭ᠌ ᠶᠢᠡᠷ ᠰᠤᠷᠤᠭᠴᠢ ᠶᠢᠨ ᠵᠥᠭ᠌ ᠨᠢᠳᠤ ᠦᠭᠡᠶ 《ᠭᠠᠯᠯᠠᠵᠤ》 ᠬᠠᠢ᠌ᠷᠠᠯᠠᠯᠳᠠᠢ 40 ᠮᠢᠨᠤᠲ᠋ ᠶᠢ ᠰᠥᠢᠦᠡᠭᠡᠭᠡᠳ ᠬᠠᠶᠠᠭᠰᠠᠨ ᠪᠠᠢ᠌ᠨ᠎ᠠ᠃ ᠭᠢᠩᠭ᠋ᠠᠨ ᠠᠢ᠌ᠮᠠᠭ ᠤᠨ ᠵᠠᠯᠠᠢ᠌ᠳ ᠲᠤ ᠪᠣᠯᠤᠭᠰᠠᠨ ᠪᠦᠭᠦ ᠣᠷᠤᠨ ᠤ ᠪᠠᠭ᠎ᠠ ᠰᠤᠷᠭᠠᠭᠤᠯᠢ ᠶᠢᠨ ᠣᠠᠴᠠᠯᠢᠭᠳᠤ ᠭᠢᠴᠢᠶᠠᠯ ᠤᠨ ᠣᠷᠤᠯᠳᠤᠭᠠᠨ ᠳᠤ ᠣᠷᠤᠯᠴᠠᠭᠰᠠᠨ ᠵᠢᠷᠢᠮ ᠤᠨ ᠨᠢᠭᠡ ᠡᠮᠡᠭ᠍ᠳᠡᠢ ᠪᠠᠭᠰᠢ 《ᠶᠤᠰᠤ ᠮᠤᠷᠠᠯ ᠭᠢᠭᠡᠳ ᠨᠡᠢ᠌ᠭᠡᠮ》 ᠤᠨ 《ᠠᠶᠤᠯ ᠳᠦᠭ᠍ᠰᠢᠭᠦᠷᠢ ᠡᠭᠦᠰᠭᠦ ᠦᠶ᠎ᠡ ᠳᠤ》 ᠭᠡᠭᠦ ᠭᠢᠴᠢᠶᠠᠯ ᠢ ᠵᠢᠭᠠᠵᠠᠢ᠃ ᠭᠢᠴᠢᠶᠠᠯ ᠡᠭᠢᠯᠡᠮᠡᠭ᠍ᠴᠡ ᠭᠡᠯᠪᠠᠷᠢ ᠶᠢ ᠭᠦᠭᠡᠭᠡᠴᠡᠯᠳᠦᠵᠤ᠂ ᠰᠠᠮᠪᠠᠷ᠎ᠠ ᠳᠡᠭᠡᠷ᠎ᠡ ᠡᠭᠢᠯᠡᠨ ᠴᠠᠪᠣᠭ ᠬᠠᠳᠠᠭᠠᠵᠤ᠂ ᠰᠤᠷᠤᠭᠴᠢ ᠶᠢᠨ ᠬᠠᠢ᠌ᠷᠠᠯᠠᠯᠳᠠᠢ ᠴᠠᠭ ᠢ ᠰᠥᠢᠦᠡᠭᠡᠭ᠍ᠰᠡᠨ ᠶᠢᠡᠷ ᠦᠯᠦ ᠪᠠᠷᠠᠨ᠂ ᠰᠤᠷᠤᠭᠴᠢ ᠡᠴᠡ ᠵᠤᠭᠢᠰ ᠦᠭᠡᠶ ᠠᠰᠠᠭᠤᠯᠳᠠ ᠠᠰᠠᠭᠤᠵᠤ ᠰᠤᠷᠤᠭᠴᠢ ᠪᠣᠯᠤᠨ ᠭᠢᠴᠢᠶᠠᠯ ᠰᠤᠨᠤᠰᠴᠤ ᠪᠠᠢ᠌ᠭᠰᠠᠨ ᠭᠦᠮᠦᠰ ᠢ ᠶᠠᠭᠠᠭᠢᠵᠤ ᠡᠢ᠌ᠭᠦ ᠶᠢᠨ ᠠᠷᠭ᠎ᠠ ᠦᠭᠡᠶ ᠪᠣᠯᠭᠠᠭᠰᠠᠨ ᠪᠠᠢ᠌ᠨ᠎ᠠ᠃ ᠳᠤᠤᠷ᠎ᠠ ᠪᠢᠳᠠ ᠪᠠᠭᠰᠢ ᠶᠢᠨ ᠠᠰᠠᠭᠤᠭᠰᠠᠨ ᠠᠰᠠᠭᠤᠯᠳᠠ ᠶᠢ ᠥᠵᠡᠰᠦᠭᠡᠢ︕ 《xxx ᠴᠢ ᠪᠣᠰ︕ (ᠰᠤᠷᠤᠭᠴᠢ ᠪᠣᠰᠴᠤ ᠵᠤᠭᠰᠤᠪᠠ︕)《ᠴᠢᠨᠤ ᠠᠪᠣ ᠮᠥᠮᠥ ᠴᠢᠨᠢ ᠭᠡᠷᠡᠯᠳᠦᠭᠡᠳ᠂ ᠮᠥᠮᠥ ᠴᠢᠨᠢ ᠳᠠᠷᠢᠶᠠᠨ ᠡᠮ ᠣᠤᠭᠤᠭᠰᠠᠨ ᠪᠣᠯ ᠴᠢ ᠶᠠᠭᠠᠭᠢᠨ᠎ᠠ ᠳ᠋ᠠ︖》 (ᠪᠠᠭᠰᠢ ᠠᠰᠠᠭᠤᠪᠠ) ᠨᠠᠯᠢᠶᠠᠤᠨ ᠣᠳᠠᠭᠠᠤᠨ ᠰᠤᠷᠤᠭᠴᠢ᠄ 《ᠮᠢᠨᠤ ᠠᠪᠣ ᠮᠥᠮᠥ ᠶᠠᠷᠤ ᠭᠡᠷᠡᠯᠳᠦᠳᠡᠭ᠌ ᠦᠭᠡᠶ》 ᠭᠡᠵᠡᠢ᠃ ᠡᠨᠡ ᠦᠶ᠎ᠡ ᠳᠤ ᠪᠠᠭᠰᠢ ᠪᠠᠯᠠᠭ ᠠᠯᠳᠠᠨ ᠰᠠᠠᠳᠤᠷᠴᠤ᠄ 《ᠭᠡᠷᠪᠡ ᠭᠡᠷᠡᠯᠳᠦᠭ᠍ᠰᠡᠨ ᠪᠣᠯ ᠶᠠᠭᠠᠭᠢᠨ᠎ᠠ᠂ ᠶᠠᠭᠠᠭᠢᠨ᠎ᠠ᠂ ᠣᠯᠠᠨ ᠶᠢᠡᠷ ᠶᠢᠡᠨ ᠭᠡᠯᠡᠵᠤ ᠦᠵᠡ︕》 ᠭᠡᠵᠡᠢ᠃ ᠣᠯᠠᠨ ᠰᠤᠷᠤᠭᠴᠢ᠄ 《ᠶᠤᠤ ᠡᠯ ᠯᠢᠩ ᠢ ᠳᠠᠭᠤᠳᠠᠨ᠎ᠠ ︕》 ᠭᠡᠭᠦ ᠳᠤ ᠪᠠᠭᠰᠢ᠄ 《ᠶᠠᠭ ᠳᠠᠭᠠᠷᠠᠵᠤ ᠪᠠᠢ᠌ᠨ᠎ᠠ ᠰᠢᠳᠠ︕ ᠡᠢ᠌ᠮᠤ ᠠᠮᠠᠷᠬᠠᠨ ᠵᠣᠢ᠌ᠯ ᠢ ᠭᠦᠷᠳᠡᠯ᠎ᠡ ᠮᠡᠳᠡᠭᠦ ᠦᠭᠡᠶ ᠦᠦ︖》 ᠭᠡᠵᠤ ᠭᠡᠳᠡᠷᠭᠡᠨ ᠰᠤᠷᠤᠭᠴᠢ ᠶᠢ ᠵᠢᠮᠡᠯᠡᠩᠭᠦᠢ ᠪᠣᠷᠤᠭᠤᠤᠠᠬᠠᠪᠠ᠃ ᠳᠠ ᠨᠡᠷ ᠪᠣᠳᠤᠵᠤ ᠦᠵᠡ︕ ᠡᠢ᠌ᠮᠤ ᠠᠰᠠᠭᠤᠯᠳᠠ ᠳᠤᠷᠠᠳᠴᠤ ᠪᠠᠢ᠌ᠬᠤ ᠪᠠᠭᠰᠢ ᠶᠠᠭᠠᠭᠢᠵᠤ ᠣᠷᠤᠨ ᠤ ᠳᠠᠰ ᠤᠨ ᠵᠢᠭᠠᠨ ᠰᠤᠷᠭᠠᠯᠳᠠ ᠶᠢᠨ ᠣᠷᠤᠯᠳᠤᠭᠠᠨ ᠳᠤ ᠣᠷᠤᠯᠴᠠᠨ᠎ᠠ ᠪᠣᠢ︖ ᠮᠠᠨ ᠤ ᠳᠤᠮᠳᠠᠳᠤ ᠪᠠᠭ᠎ᠠ ᠰᠤᠷᠭᠠᠭᠤᠯᠢ ᠶᠢᠨ ᠪᠠᠭᠰᠢ ᠶᠢᠨ ᠭᠡᠪ ᠴᠢᠨᠠᠷ ᠶᠠᠮᠠᠷ ᠭᠡᠮᠵᠢᠶᠡᠨ ᠳᠤ ᠭᠦᠷᠴᠤ ᠪᠠᠢ᠌ᠨ᠎ᠠ ᠪᠣᠢ︖ ᠵᠠᠷᠢᠮ ᠨᠢ ᠦᠪᠡᠷ ᠤᠨ ᠵᠤᠬᠢᠶᠠᠭᠰᠠᠨ ᠭᠡᠪ ᠵᠠᠭᠪᠣᠷ ᠲᠠᠭᠠᠨ ᠪᠠᠷᠢᠭᠳᠠᠵᠤ᠂ ᠴᠢᠯᠦᠭᠡᠳᠤ ᠪᠠᠢ᠌ᠳᠠᠯ ᠢ ᠣᠮᠳᠠᠭᠠᠢ᠌ᠯᠠᠨ ᠰᠤᠷᠤᠭᠴᠢ ᠶᠢ ᠥᠭᠦᠮᠡᠯ ᠪᠣᠳᠠᠰ ᠶᠢᠡᠷ ᠦᠵᠡᠵᠤ᠂ ᠦᠪᠡᠷ ᠤᠨ ᠪᠡᠯᠡᠳᠭᠡᠭ᠍ᠰᠡᠨ ᠭᠡᠪ ᠵᠠᠭᠪᠣᠷ ᠣᠷᠤᠭᠤ ᠠᠯᠪᠠᠳᠠᠯᠭ᠎ᠠ ᠪᠠᠷ ᠭᠦᠳᠦᠯᠤᠨ ᠣᠷᠤᠭᠤᠯᠳᠠᠭ᠃ ᠵᠠᠯᠠᠢ᠌ᠳ ᠲᠤ ᠪᠣᠯᠤᠭᠰᠠᠨ ᠪᠦᠭᠦ ᠣᠷᠤᠨ ᠤ ᠪᠠᠭ᠎ᠠ ᠰᠤᠷᠭᠠᠭᠤᠯᠢ ᠶᠢᠨ ᠣᠠᠴᠠᠯᠢᠭᠳᠤ ᠭᠢᠴᠢᠶᠠᠯ ᠤᠨ ᠣᠷᠤᠯᠳᠤᠭᠠᠨ ᠳᠤ ᠣᠷᠤᠯᠴᠠᠭᠰᠠᠨ ᠳᠦᠡᠭᠯᠢᠶ‍ᠦᠤ ᠬᠤᠳᠠ ᠶᠢᠨ ᠬᠤᠷᠴᠢᠨ ᠵᠡᠭᠦᠨ ᠭᠠᠷᠤᠨ ᠬᠣᠢ᠌ᠳᠤ ᠬᠤᠰᠢᠭᠤᠨ ᠤ ᠮᠤᠳᠤᠳᠤ ᠰᠤᠮᠤ ᠶᠢᠨ ᠭᠤᠤᠯ ᠪᠠᠭ᠎ᠠ ᠰᠤᠷᠭᠠᠭᠤᠯᠢ ᠶᠢᠨ ᠨᠢᠭᠡ ᠪᠠᠭᠰᠢ 《ᠣᠴᠢᠷ ᠶᠠᠪᠣᠳᠠᠯ ᠢ ᠣᠯᠠᠨ ᠶᠢᠡᠷ ᠶᠢᠡᠨ ᠵᠥᠪᠳᠡᠯᠴᠡᠭᠦ》 ᠭᠡᠭᠦ ᠭᠢᠴᠢᠶᠠᠯ ᠢ ᠵᠢᠭᠠᠬᠤ ᠳᠠᠭᠠᠨ ᠭᠢᠴᠢᠶᠠᠯ ᠢ ᠭᠡᠪ ᠵᠠᠭᠪᠣᠷᠢᠴᠢᠯᠠᠵᠤ ᠠᠪᠣᠭᠠᠤᠨ ᠡᠭᠢᠯᠡᠭᠡᠳ ᠳᠠᠭᠤᠰᠤᠳᠠᠯ᠎ᠠ ᠭᠡᠯᠪᠠᠷᠢ ᠶᠢ ᠭᠦᠭᠡᠭᠡᠴᠡᠯᠳᠦᠵᠤ ᠠᠭᠤᠯᠭ᠎ᠠ ᠶᠢ ᠣᠮᠳᠠᠭᠠᠢ᠌ᠯᠠᠵᠤ᠂ ᠦᠪᠡᠷ ᠤᠨ ᠪᠡᠯᠡᠳᠭᠡᠭ᠍ᠰᠡᠨ ᠳᠡᠷᠡᠭᠦ ᠬᠠᠷ᠎ᠠ ᠬᠤᠤᠷᠳᠠᠢ ᠰᠡᠭᠡᠭᠡ ᠨᠥᠭᠡ ᠣᠷᠤᠭᠤ ᠰᠤᠷᠤᠭᠴᠢ ᠶᠢ ᠲᠦᠯᠬᠢᠨ ᠣᠷᠤᠭᠤᠯᠵᠤ᠂ ᠰᠤᠷᠤᠭᠴᠢ ᠳᠤ ᠥᠴᠦᠭᠡᠨ ᠳᠠᠳᠤᠢ ᠪᠠᠶ᠎ᠠ ᠪᠠᠨ ᠳᠠᠭᠠᠭᠠᠵᠤ ᠰᠡᠳᠭᠢᠭᠦ ᠣᠷᠤᠨ ᠵᠠᠢ ᠣᠯᠭᠤᠬᠤ ᠦᠭᠡᠶ ᠰᠤᠷᠤᠭᠴᠢ ᠶᠢᠨ ᠰᠠᠳᠭᠢᠴᠠ ᠶᠢ ᠭᠦᠯᠢᠶᠡᠰᠦᠯᠡᠵᠤ᠂ ᠠᠳᠠᠭ ᠲᠠᠭᠠᠨ ᠨᠢᠭᠡ ᠴᠠᠭ ᠤᠨ ᠭᠢᠴᠢᠶᠡᠯᠯᠡᠭᠡ ᠳᠤ ᠪᠢᠴᠢᠵᠤ ᠵᠢᠷᠤᠬᠤ ᠪᠣᠯᠪᠠᠰᠤᠷᠠᠯ ᠴᠤ ᠳᠤᠭᠢᠷᠠᠭᠤᠯᠬᠤ ᠦᠭᠡᠶ ᠭᠡᠳᠡᠷᠭᠡᠨ ᠭᠦᠨ ᠨᠥᠭᠡᠨ ᠳᠤ ᠣᠢ᠌ᠴᠢᠭᠤᠯᠳᠠᠭ ᠪᠠᠢ᠌ᠨ᠎ᠠ᠃

ᠪᠠᠰᠠ ᠨᠢᠭᠡ ᠣᠷᠤᠯᠳᠤᠭᠠᠨ ᠳᠤ ᠣᠷᠤᠯᠴᠠᠭᠰᠠᠨ ᠡᠮᠡᠭ᠍ᠳᠡᠢ ᠪᠠᠭᠰᠢ 《ᠣᠯᠠᠨ ᠨᠠᠢ᠌ᠳᠠ ᠶᠢᠨ ᠳᠠᠯᠠᠪᠣᠷ ᠲᠤ ᠠᠶᠤᠯ ᠳᠦᠭ᠍ᠰᠢᠭᠦᠷᠢ ᠶᠢ ᠳᠠᠪᠴᠢᠨ᠎ᠠ》 ᠭᠡᠭᠦ ᠭᠢᠴᠢᠶᠠᠯ ᠢ ᠵᠢᠭᠠᠬᠤ ᠶᠠᠪᠣᠴᠠ ᠳᠤ ᠠᠭᠤᠯᠭ᠎ᠠ ᠶᠢ ᠪᠣᠷᠤᠭᠤᠳᠠᠭᠤᠯᠵᠤ ᠰᠤᠷᠤᠭᠴᠢ ᠶᠢ ᠳᠦᠭᠡᠷᠢᠭ᠍ᠳᠡᠭᠦᠯᠦᠭ᠍ᠰᠡᠨ ᠥᠵᠡᠭ᠍ᠳᠡᠯ ᠢᠯᠡᠷᠡᠭ᠍ᠰᠡᠨ ᠪᠠᠢ᠌ᠨ᠎ᠠ᠃ ᠳᠠᠷᠠ ᠪᠠᠭᠰᠢ ᠭᠢᠴᠢᠶᠠᠯ ᠳᠠᠢ᠌ᠯᠪᠣᠷᠢᠯᠠᠬᠤ ᠳᠠᠭᠠᠨ᠄ 《ᠶᠠᠪᠠᠭᠠᠨ ᠭᠦᠮᠤᠨ ᠭᠦᠡᠳᠡᠯᠡᠨ ᠵᠠᠮ ᠢ ᠭᠡᠳᠦᠯᠭᠦ ᠳᠡᠭᠡᠨ ᠣᠯᠠᠭᠠᠨ ᠨᠤᠭᠤᠭᠠᠨ ᠳ᠋ᠸᠩ ᠢ ᠠᠩᠬᠠᠷᠬᠤ ᠦᠭᠡᠶ ᠰᠢᠤ᠂ ᠳᠤᠷ᠎ᠠ ᠪᠠᠷ ᠭᠠᠷᠴᠤ ᠪᠣᠯᠤᠨ᠎ᠠ ︕》 ᠭᠡᠵᠤ ᠠᠮᠠ ᠪᠠᠷᠳᠠᠮ ᠶᠠᠷᠢᠵᠤ ᠠᠭᠤᠯᠭ᠎ᠠ ᠶᠢ ᠪᠣᠷᠤᠭᠤᠳᠠᠭᠤᠯᠵᠤ᠂ ᠣᠯᠠᠨ ᠨᠠᠢ᠌ᠳᠠ ᠶᠢᠨ ᠳᠠᠯᠠᠪᠣᠷ ᠲᠤ ᠭᠡᠳᠡᠷᠭᠡᠨ ᠠᠶᠤᠯ ᠳᠦᠭ᠍ᠰᠢᠭᠦᠷᠢ ᠡᠭᠦᠰᠭᠡᠭᠦ ᠶᠢ ᠵᠢᠭᠠᠭᠰᠠᠨ ᠪᠠᠢ᠌ᠨ᠎ᠠ᠃

ᠣᠯᠠᠭᠠᠠᠬᠠᠳᠠ ᠬᠤᠳᠠ ᠶᠢᠨ ᠣᠩᠨᠢᠭᠤᠳ ᠬᠤᠰᠢᠭᠤᠨ ᠤ ᠪᠣᠷᠤᠬᠤᠳᠠ ᠳᠤᠮᠳᠠᠳᠤ ᠰᠤᠷᠭᠠᠭᠤᠯᠢ ᠳᠤ ᠪᠣᠯᠤᠭᠰᠠᠨ ᠪᠦᠭᠦ ᠣᠷᠤᠨ ᠤ ᠳᠤᠮᠳᠠᠳᠤ ᠰᠤᠷᠭᠠᠭᠤᠯᠢ ᠶᠢᠨ ᠭᠤᠷᠪᠠᠨ ᠭᠡᠯᠡᠨ ᠤ ᠣᠩᠰᠢᠯᠭ᠎ᠠ ᠶᠢᠨ ᠵᠢᠭᠠᠨ ᠰᠤᠷᠭᠠᠯᠳᠠ ᠶᠢᠨ ᠣᠷᠠᠯᠢᠭ ᠤᠨ ᠥᠵᠡᠭᠦᠯᠦᠯᠭᠡ ᠶᠢᠨ ᠭᠢᠴᠢᠶᠠᠯ ᠤᠨ ᠣᠷᠤᠯᠳᠤᠭᠠᠨ ᠳᠤ ᠣᠷᠤᠯᠴᠠᠭᠰᠠᠨ ᠳᠦᠡᠭᠯᠢᠶ‍ᠦᠤ ᠶᠢᠨ ᠨᠢᠭᠡ ᠡᠷᠡᠭ᠍ᠳᠡᠢ ᠪᠠᠭᠰᠢ ᠭᠢᠳᠠᠤᠨ ᠭᠡᠯᠡᠨ ᠤ ᠭᠢᠴᠢᠶᠠᠯ ᠣᠷᠤᠬᠤ ᠳᠠᠭᠠᠨ 《藏北草原》 ᠭᠡᠭᠦ ᠭᠢᠴᠢᠶᠠᠯ ᠢ ᠵᠢᠭᠠᠵᠠᠢ᠃ ᠣᠷᠢᠳᠠᠪᠠᠷ ᠪᠠᠶ᠎ᠠ ᠪᠠᠨ ᠳᠠᠨᠢᠯᠴᠠᠭᠤᠯᠵᠤ᠂ ᠳᠠᠷᠠᠭ᠎ᠠ ᠨᠢ ᠰᠤᠷᠤᠭᠴᠢ ᠡᠴᠡ ᠳᠠᠯ᠎ᠠ ᠨᠤᠳᠤᠭ ᠤᠨ ᠳᠤᠬᠠᠢ ᠠᠰᠠᠭᠤᠬᠤ ᠳᠤ ᠰᠤᠷᠤᠭᠴᠢᠳ ᠮᠤᠩᠭ᠋ᠤᠯ ᠭᠡᠷ᠂ ᠮᠤᠩᠭ᠋ᠤᠯ ᠳᠠᠭᠤᠤ᠂ ᠭᠦᠯᠦᠭ᠌ ᠮᠤᠷᠢᠳ᠁ ᠭᠡᠭᠦ ᠮᠠᠳᠤᠴᠢᠯᠠᠨ ᠬᠠᠷᠢᠭᠤᠯᠵᠠᠭᠠᠵᠠᠢ᠃ ᠵᠠᠯᠭᠠᠭᠠᠤᠨ ᠰᠢᠨ᠎ᠠ ᠭᠢᠴᠢᠶᠠᠯ ᠡᠭᠢᠯᠡᠵᠤ᠂ ᠳᠦᠷᠢᠮᠴᠢ ᠣᠩᠰᠢᠯᠭ᠎ᠠ ᠭᠢᠭᠦ᠂ ᠰᠤᠷᠤᠭᠴᠢ ᠶᠢ ᠳᠠᠭᠤ ᠦᠭᠡᠶ ᠣᠩᠰᠢᠯᠭ᠎ᠠ ᠭᠢᠯᠭᠡᠭᠦ᠂ ᠭᠦᠴᠢᠷ ᠥᠭᠡᠰ ᠶᠢᠡᠨ ᠦᠪᠡᠷ ᠶᠢᠡᠨ ᠰᠢ᠌ᠳᠪᠦᠷᠢᠯᠡᠭᠦ ᠶᠢ ᠱᠠᠭᠠᠷᠳᠠᠵᠤ᠂ ᠪᠠᠭᠰᠢ ᠵᠠᠷᠢᠮ ᠭᠦᠴᠢᠷ ᠥᠭᠡᠰ ᠢ ᠰᠠᠮᠪᠠᠷᠠᠯᠠᠵᠠᠢ᠃ ᠳᠠᠷᠠᠭ᠎ᠠ ᠨᠢ ᠰᠤᠷᠤᠭᠴᠢ ᠶᠢ ᠨᠠᠷ᠎ᠠ ᠳᠤᠷᠠᠳᠴᠤ ᠭᠢᠴᠢᠶᠠᠯ ᠢ ᠣᠩᠰᠢᠭᠤᠯᠬᠤ ᠶᠢᠨ ᠳᠠᠭᠤ ᠣᠢ᠌ᠯᠭᠠᠬᠤ ᠦᠭᠡᠶ ᠥᠭᠡᠰ ᠪᠠᠢ᠌ᠬᠤ ᠡᠰᠡᠭᠦ ᠶᠢ ᠠᠰᠠᠭᠤᠨ ᠳᠠᠢ᠌ᠯᠪᠣᠷᠢᠯᠠᠵᠤ᠂ ᠵᠠᠯᠭᠠᠭᠠᠤᠨ ᠠᠭᠤᠯᠭ᠎ᠠ ᠶᠢᠨ ᠵᠠᠳᠠᠯᠤᠯᠳᠠ ᠳᠤ ᠣᠷᠤᠵᠠᠢ᠃ ᠰᠤᠷᠤᠭᠴᠢ ᠦᠨᠳᠦᠰᠦᠨ ᠳᠡᠭᠡᠨ ᠭᠢᠴᠢᠶᠠᠯ ᠤᠨ ᠠᠭᠤᠯᠭ᠎ᠠ ᠶᠢ ᠶᠡᠭᠡ ᠲᠦᠯᠦᠪ ᠣᠢ᠌ᠯᠠᠭᠠᠪᠠ᠃ ᠬᠠᠷᠠᠮᠰᠠᠯᠳᠠᠢ ᠨᠢ ᠰᠤᠷᠤᠭᠴᠢ ᠶᠢᠨ ᠬᠤᠯᠪᠤᠨ ᠪᠣᠳᠤᠯᠳᠠ ᠶᠢᠨ ᠴᠢᠳᠠᠪᠣᠷᠢ ᠪᠣᠯᠤᠨ ᠵᠤᠬᠢᠶᠠᠨ ᠪᠢᠴᠢᠭᠦ ᠴᠢᠳᠠᠪᠣᠷᠢ ᠶᠢ ᠳᠡᠭᠡᠭ᠍ᠰᠢᠯᠡᠭᠦᠯᠭᠦ ᠶᠢᠨ ᠡᠭᠦᠳᠡᠨ ᠡᠴᠡ ᠵᠠᠷᠢᠮ ᠵᠣᠢ᠌ᠯ ᠢ ᠳᠤᠳᠤᠷᠬᠠᠢ ᠶᠠᠷᠢᠵᠤ ᠴᠢᠳᠠᠭᠰᠠᠨ ᠦᠭᠡᠶ᠃ ᠭᠢᠴᠢᠶᠠᠯ ᠢ ᠵᠢᠭᠠᠵᠤ ᠪᠠᠢ᠌ᠬᠤ ᠶᠠᠪᠣᠴᠠ ᠳᠠᠭᠠᠨ ᠪᠠᠭᠰᠢ ᠰᠤᠷᠤᠭᠴᠢ ᠡᠴᠡ ᠨᠢᠭᠡ ᠭᠤᠶᠤ ᠰᠠᠢ᠌ᠬᠠᠨ ᠠᠰᠠᠭᠤᠯᠳᠠ ᠠᠰᠠᠭᠤᠪᠠ᠃ 《ᠳᠠᠨ ᠤ ᠣᠯᠠᠭᠠᠬᠠᠳᠠ ᠳᠤ ᠳᠠᠯ᠎ᠠ ᠨᠤᠳᠤᠭ ᠪᠠᠢ᠌ᠨᠤ︖》 ᠭᠡᠵᠤ ᠠᠰᠠᠭᠤᠪᠠ᠃ ᠣᠯᠠᠨ ᠤ ᠳᠤᠮᠳᠠ ᠡᠴᠡ ᠨᠢᠭᠡ ᠡᠷᠡᠭ᠍ᠳᠡᠢ ᠰᠤᠷᠤᠭᠴᠢ ᠪᠣᠰᠴᠤ ᠵᠤᠭᠰᠤᠭᠠᠤᠨ 《ᠪᠠᠢ᠌ᠨ᠎ᠠ︕》 ᠭᠡᠭᠦ ᠳᠤ ᠪᠠᠭᠰᠢ᠄ 《ᠬᠠᠮᠢᠭ᠎ᠠ ᠪᠠᠢ᠌ᠬᠤ ᠪᠣᠢ︖》 ᠭᠡᠵᠤ ᠠᠰᠠᠭᠤᠬᠤ ᠳᠤ ᠰᠤᠷᠤᠭᠴᠢ᠄ 《ᠭᠡᠰᠢᠭ᠍ᠳᠡᠨ ᠤ ᠭᠦᠩᠭᠦᠷ ᠤᠨ ᠳᠠᠯ᠎ᠠ ᠨᠤᠳᠤᠭ》 ᠭᠡᠵᠤ ᠬᠠᠷᠢᠭᠤᠯᠳᠠᠯ᠎ᠠ ᠪᠠᠭᠰᠢ᠄ 《ᠳᠠᠨ ᠤ ᠣᠯᠠᠭᠠᠠᠬᠠᠳᠠ ᠳᠤ ᠳᠠᠯ᠎ᠠ ᠨᠤᠳᠤᠭ ᠭᠡᠵᠤ ᠪᠠᠢ᠌ᠬᠤ ᠦᠭᠡᠶ ᠰᠢᠤ》 ᠭᠡᠵᠤ ᠰᠤᠷᠤᠭᠴᠢ ᠶᠢᠨ ᠬᠠᠷᠢᠭᠤᠯᠳᠠ ᠶᠢ ᠬᠤᠷᠴᠠ ᠰᠠᠯᠡᠮ᠎ᠠ ᠪᠡᠷ ᠳᠠᠰᠤ ᠴᠠᠪᠴᠢᠨ ᠭᠢᠴᠢᠶᠠᠯ ᠤᠨ ᠳᠠᠩᠭᠢᠮ ᠤᠨ ᠭᠦᠭ᠍ᠵᠢᠶᠡᠡᠳᠤ ᠪᠠᠢ᠌ᠳᠠᠯ ᠢ ᠳᠤᠤᠷ᠎ᠠ ᠨᠢ ᠨᠠᠮᠬᠠᠷᠠᠭᠤᠯᠵᠤ᠂ ᠳᠡᠷᠡᠭᠦ ᠪᠠᠶᠠᠷ ᠪᠠᠶᠠᠰᠬᠤᠯᠠᠩᠳᠤ ᠠᠭᠤᠷ ᠠᠮᠢᠰᠬᠤᠯ ᠳᠤᠤᠷ᠎ᠠ ᠪᠠᠨ ᠠᠷᠢᠯᠵᠤ᠂ ᠰᠤᠷᠤᠭᠴᠢ ᠶᠢᠨ ᠰᠤᠷᠤᠯᠴᠠᠬᠤ ᠣᠷᠮ᠎ᠠ ᠰᠡᠳᠬᠢᠯᠭᠡ ᠢᠳᠠᠪᠭᠢ ᠪᠣᠰᠤ ᠪᠠᠢ᠌ᠳᠠᠯ ᠣᠷᠤᠪᠠ᠃ ᠦᠨᠡᠨ ᠳᠡᠭᠡᠨ ᠥᠭᠡᠷ᠎ᠡ ᠨᠢᠭᠡ ᠮᠡᠳᠡᠯᠭᠡ ᠪᠣᠯᠪᠠᠰᠤᠷᠠᠯ ᠦᠨᠳᠦᠷ ᠰᠢᠭ᠌ ᠪᠠᠭᠰᠢ ᠪᠣᠯᠤᠭᠰᠠᠨ ᠪᠣᠯ ᠭᠦᠳᠦᠯᠦᠮᠵᠢ ᠶᠢᠨ ᠣᠷᠠᠯᠢᠭ ᠢ ᠣᠯᠠᠮ ᠰᠠᠢ᠌ᠬᠠᠨ ᠪᠠᠳᠠᠷᠠᠭᠤᠯᠵᠤ᠂ ᠰᠤᠷᠤᠭᠴᠢ ᠪᠠᠷ ᠥᠷᠭᠦᠯᠵᠢᠯᠡᠨ ᠶᠠᠷᠢᠭᠤᠯᠤᠭᠰᠠᠨ ᠪᠣᠯ ᠳᠠᠷᠠ ᠰᠤᠷᠤᠭᠴᠢ ᠵᠠᠷᠢᠮ ᠪᠠᠭᠰᠢ ᠶᠢᠨ ᠮᠡᠳᠡᠳᠡᠭ᠌ ᠦᠭᠡᠶ ᠵᠣᠢ᠌ᠯ ᠢ ᠴᠤ ᠪᠦᠭᠦᠨ ᠰᠠᠢ᠌ᠬᠠᠨ ᠶᠠᠷᠢᠵᠤ᠂ ᠭᠡᠰᠢᠭ᠍ᠳᠡᠨ ᠨᠤᠳᠤᠭ ᠤᠨ ᠥᠷᠭᠡᠨ ᠠᠭᠤᠳᠠᠮ ᠭᠦᠩᠭᠦᠷ ᠤᠨ ᠳᠠᠯ᠎ᠠ᠂ ᠭᠤᠤᠯ ᠮᠦᠷᠠᠨ᠂ ᠳᠠᠯᠠᠢ ᠨᠠᠭᠤᠷ᠂ ᠳᠡᠯᠡᠭᠡᠢ ᠶᠢᠨ ᠳᠠᠰ ᠤᠨ ᠵᠤᠭᠠᠴᠠᠯ ᠤᠨ ᠭᠠᠵᠠᠷ ᠠᠰᠬᠠᠳᠤ ᠶᠢᠨ ᠴᠢᠯᠠᠭᠤᠨ ᠰᠢᠭᠤᠢ᠂ ᠠᠮᠸᠷᠢᠺᠠ ᠳᠢᠪ ᠪᠣᠯᠤᠨ ᠭᠡᠰᠢᠭ᠍ᠳᠡᠨ ᠨᠤᠳᠤᠭ ᠲᠤ ᠯᠠ ᠪᠠᠢ᠌ᠳᠠᠭ ᠣᠯᠠᠭᠠᠨ ᠭᠠᠴᠤᠷ᠎ᠠ ᠮᠤᠳᠤ ᠵᠡᠷᠭᠡ ᠰᠠᠢ᠌ᠬᠠᠨ ᠦᠵᠡᠮᠵᠢ ᠶᠢ ᠪᠦᠭᠦᠨ ᠭᠡᠯᠡᠭᠦ ᠪᠠᠢ᠌ᠭᠰᠠᠨ᠂ ᠭᠡᠳᠡᠯ᠎ᠡ ᠪᠠᠭᠰᠢ ᠶᠢᠨ ᠬᠤᠷᠴᠠ ᠰᠠᠯᠡᠮ᠎ᠠ ᠳᠤ ᠨᠢᠭᠡ ᠯᠠ ᠴᠠᠪᠴᠢᠭᠳᠠᠭᠰᠠᠨ ᠰᠤᠷᠤᠭᠴᠢ ᠳᠤ ᠡᠨᠡ ᠪᠦᠭᠦᠨ ᠢ ᠭᠡᠯᠡᠭᠦ ᠵᠠᠪᠰᠢᠶᠠᠨ ᠬᠠᠮᠢᠭ᠎ᠠ ᠡᠴᠡ ᠣᠯᠳᠠᠬᠤ ᠪᠢᠯᠠ︖ ᠳᠡᠭᠡᠷᠡᠭᠢ ᠶᠢ ᠬᠤᠷᠢᠶᠠᠩᠭ᠋ᠣᠢ᠌ᠯᠠᠪᠠᠯ᠄ ᠳᠤᠤᠷᠠᠭᠢ ᠮᠠᠳᠤ ᠵᠢᠷᠭᠤᠭᠠᠨ ᠵᠣᠢ᠌ᠯ ᠤᠨ ᠥᠵᠡᠭ᠍ᠳᠡᠯ ᠳᠤᠮᠳᠠᠳᠤ ᠪᠠᠭ᠎ᠠ ᠰᠤᠷᠭᠠᠭᠤᠯᠢ ᠶᠢᠨ ᠪᠠᠭᠰᠢ ᠶᠢᠨ ᠵᠢᠭᠠᠨ ᠰᠤᠷᠭᠠᠯᠳᠠ ᠳᠤ ᠣᠷᠤᠰᠢᠵᠤ ᠪᠠᠢ᠌ᠨ᠎ᠠ᠃ ᠨᠢᠭᠡ᠂ ᠪᠠᠭᠰᠢ ᠨᠡᠷ ᠤᠨ ᠮᠡᠳᠡᠯᠭᠡ ᠴᠢᠳᠠᠪᠣᠷᠢ ᠶᠢᠨ ᠭᠡᠪ ᠪᠣᠯᠪᠠᠰᠤᠷᠠᠯ ᠠᠨᠠᠢ ᠣᠴᠢᠷ ᠭᠡᠯᠪᠠᠷᠢ ᠶᠢ ᠭᠦᠭᠡᠭᠡᠴᠡᠯᠳᠦᠵᠤ᠂ ᠠᠭᠤᠯᠭ᠎ᠠ ᠶᠢ ᠣᠮᠳᠠᠭᠠᠢ᠌ᠯᠠᠵᠤ ᠪᠣᠷᠤᠭᠤ ᠵᠥᠷᠢᠭᠦᠤ ᠶᠠᠷᠢᠬᠤ ᠥᠵᠡᠭ᠍ᠳᠡᠯ ᠣᠯᠠᠨ ᠭᠠᠷᠴᠤ ᠪᠣᠢ᠃ ᠬᠤᠶᠠᠷ᠂ ᠠᠰᠠᠭᠤᠯᠳᠠ ᠶᠢ ᠣᠨᠤᠪᠴᠢ ᠦᠭᠡᠶ ᠠᠰᠠᠭᠤᠬᠤ᠂ ᠣᠬᠠᠭᠳᠠᠬᠤᠨ ᠢ ᠣᠨᠤᠪᠴᠢ ᠦᠭᠡᠶ ᠬᠠᠷᠢᠭᠤᠯᠬᠤ᠂ ᠠᠭᠤᠯᠭ᠎ᠠ ᠶᠢ ᠪᠠᠯᠠᠷᠬᠠᠢ ᠳᠠᠢ᠌ᠯᠪᠣᠷᠢᠯᠠᠬᠤ ᠠᠯᠳᠠᠭ᠎ᠠ ᠭᠠᠷᠭᠠᠵᠤ ᠰᠤᠷᠤᠭᠴᠢᠳ ᠢ ᠳᠦᠭᠡᠷᠢᠭ᠍ᠳᠡᠭᠦᠯᠭᠦ ᠥᠵᠡᠭ᠍ᠳᠡᠯ ᠢᠯᠠᠷᠠᠵᠤ ᠪᠣᠢ᠃ ᠭᠤᠷᠪᠠ᠂ ᠭᠡᠪ ᠵᠠᠭᠪᠣᠷ ᠲᠤ ᠪᠠᠷᠢᠭᠳᠠᠵᠤ᠂ ᠴᠢᠯᠦᠭᠡᠳᠤ ᠣᠷᠤᠨ ᠵᠠᠢ ᠣᠯᠭᠤᠬᠤ ᠦᠭᠡᠶ᠂ ᠨᠢᠭᠡ ᠴᠠᠭ ᠤᠨ ᠭᠢᠴᠢᠶᠡᠯᠯᠡᠭᠡ ᠳᠤ ᠰᠤᠷᠤᠭᠴᠢ ᠶᠢ ᠰᠡᠳᠭᠢᠭᠦᠯᠭᠦ ᠴᠠᠭ ᠥᠯᠡᠳᠡᠭᠡᠭᠦ ᠦᠭᠡᠶ᠂ ᠪᠢᠴᠢᠵᠤ ᠵᠢᠷᠤᠬᠤ ᠪᠣᠯᠪᠠᠰᠤᠷᠠᠯ ᠳᠤᠭᠢᠷᠠᠭᠤᠯᠬᠤ ᠦᠭᠡᠶ᠂ ᠳᠠᠰᠢᠶ᠎ᠠ ᠵᠣᠢ᠌ᠯ ᠢ ᠨᠢ ᠴᠤ ᠵᠠᠯᠠᠷᠠᠭᠤᠯᠬᠤ ᠦᠭᠡᠶ ᠪᠠᠢ᠌ᠬᠤ ᠥᠵᠡᠭ᠍ᠳᠡᠯ ᠣᠷᠤᠰᠢᠵᠤ ᠪᠣᠢ᠃ ᠳᠦᠷᠪᠡ᠂ ᠵᠢᠭᠠᠬᠤ ᠠᠷᠭ᠎ᠠ ᠮᠡᠭᠦᠰᠳᠡᠵᠤ ᠭᠡᠯᠡᠭᠦ ᠶᠠᠭᠤᠮ᠎ᠠ ᠦᠭᠡᠶ ᠰᠠᠠᠳᠤᠷᠴᠤ᠂ ᠣᠤᠯ ᠤᠨ ᠴᠢᠤᠠᠬᠤᠬᠤ ᠭᠡᠯᠪᠠᠷᠢ ᠳᠡᠭᠡᠨ ᠪᠠᠷᠢᠭᠳᠠᠭᠰᠠᠭᠠᠷ ᠪᠠᠢ᠌ᠬᠤ ᠥᠵᠡᠭ᠍ᠳᠡᠯ ᠢᠯᠠᠷᠠᠵᠤ ᠪᠣᠢ᠃ ᠳᠠᠪᠣ᠂ ᠵᠢᠱᠢᠶ᠎ᠠ ᠪᠠᠷᠢᠮᠳᠠ ᠶᠢ ᠣᠨᠤᠪᠴᠢ ᠦᠭᠡᠶ ᠳᠠᠳᠠᠵᠤ᠂ ᠰᠤᠷᠤᠭᠴᠢ ᠶᠢᠨ ᠰᠠᠳᠭᠢᠴᠠ ᠶᠢ ᠨᠥᠯᠦᠭᠡᠯᠡᠵᠤ᠂ ᠵᠢᠭᠠᠨ ᠰᠤᠷᠭᠠᠯᠳᠠ ᠶᠢ ᠬᠠᠷᠰᠢᠯᠠᠵᠤ ᠪᠠᠢ᠌ᠬᠤ ᠥᠵᠡᠭ᠍ᠳᠡᠯ ᠬᠠᠷᠠᠭᠳᠠᠵᠤ ᠪᠣᠢ᠃ ᠵᠢᠷᠭᠤᠭ᠎ᠠ᠂ ᠰᠢᠨ᠎ᠠ ᠱᠠᠬᠠᠢ ᠡᠮᠦᠰᠴᠤ᠂ ᠬᠠᠭᠤᠴᠢᠨ ᠵᠠᠮ ᠶᠢᠡᠷ ᠶᠢᠡᠨ ᠵᠠᠮᠨᠠᠬᠤ ᠬᠠᠭᠤᠴᠢᠨ ᠠᠷᠬᠠᠭ ᠡᠴᠡ ᠪᠠᠨ ᠰᠠᠯᠵᠤ ᠳᠡᠢ᠌ᠯᠦᠭᠡ ᠦᠭᠡᠶ ᠥᠵᠡᠭ᠍ᠳᠡᠯ ᠣᠷᠤᠰᠢᠭᠰᠠᠭᠠᠷ ᠪᠣᠢ᠃ ᠶᠠᠭ ᠡᠢ᠌ᠮᠤ ᠣᠴᠢᠷ ᠡᠴᠡ ᠦᠪᠣᠷ ᠮᠤᠩᠭ᠋ᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠫᠷᠤᠹᠧᠰᠰᠤᠷ ᠲ᠋ᠣ᠊·ᠬᠠᠰᠪᠠᠭᠠᠨ᠎ᠠ ᠡᠴᠡ᠄ 《ᠳᠤᠮᠳᠠᠳᠤ ᠪᠠᠭ᠎ᠠ ᠰᠤᠷᠭᠠᠭᠤᠯᠢ ᠶᠢᠨ ᠰᠤᠷᠤᠭᠴᠢ ᠶᠢ ᠳᠡᠨᠡᠭ᠌ ᠮᠤᠨᠤᠭ ᠪᠣᠯᠭᠠᠵᠤ ᠪᠠᠢ᠌ᠬᠤ ᠨᠢ ᠥᠭᠡᠷ᠎ᠡ ᠭᠦᠮᠤᠨ ᠪᠢᠰᠢ᠂ ᠶᠠᠭ ᠳᠤᠮᠳᠠᠳᠤ ᠪᠠᠭ᠎ᠠ ᠰᠤᠷᠭᠠᠭᠤᠯᠢ ᠶᠢᠨ ᠪᠠᠭᠰᠢ ᠨᠡᠷ》 ᠭᠡᠵᠤ ᠣᠨᠤᠭᠠᠵᠤ ᠭᠡᠯᠡᠭ᠍ᠰᠡᠨ ᠪᠠᠢ᠌ᠨ᠎ᠠ᠃ ᠵᠠᠪᠰᠢᠶᠠᠨ ᠶᠢᠡᠷ ᠪᠢᠳᠠ 7 ᠰᠤᠷᠭᠠᠭᠤᠯᠢ ᠵᠢᠨ 35 ᠪᠠᠭᠰᠢ ᠪᠠᠨ ᠳᠠᠭᠠᠭᠤᠯᠵᠤ᠂ 2009 ᠣᠨ ᠤ 4 ᠰᠠᠷ᠎ᠠ ᠵᠢᠨ 26 ᠊᠊᠊᠊᠊᠊᠊᠊᠊᠊᠊᠊᠊᠊᠊ 28 ᠪᠣᠯᠳᠠᠯ᠎ᠠ ᠭᠤᠷᠪᠠᠨ ᠡᠳᠦᠷ ᠭᠢᠩᠭ᠋ᠠᠨ ᠠᠢ᠌ᠮᠠᠭ ᠤᠨ ᠣᠯᠠᠭᠠᠠᠬᠤᠳᠠ ᠳ᠋ᠠᠭᠢ ᠮᠤᠩᠭ᠋ᠤᠯ ᠪᠠᠭ᠎ᠠ ᠰᠤᠷᠭᠠᠭᠤᠯᠢ᠂ ᠬᠤᠷᠴᠢᠨ ᠪᠠᠷᠠᠭᠤᠨ ᠭᠠᠷᠤᠨ ᠡᠮᠦᠨᠡᠳᠤ ᠬᠤᠰᠢᠭᠤᠨ ᠤ ᠮᠢᠩ ᠳ᠋ᠧ ᠪᠠᠭ᠎ᠠ ᠰᠤᠷᠭᠠᠭᠤᠯᠢ᠂ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ ᠪᠠᠶᠠᠠᠬᠤᠰᠢᠭᠤ ᠨᠢᠭᠡᠳᠦᠭᠡᠷ ᠪᠠᠭ᠎ᠠ ᠰᠤᠷᠭᠠᠭᠤᠯᠢ᠂ ᠳᠦᠡᠭᠯᠢᠶ‍ᠦᠤ ᠬᠤᠳᠠ ᠶᠢᠨ ᠵᠠᠷᠤᠳ ᠬᠤᠰᠢᠭᠤᠨ ᠤ ᠯᠦᠪᠧᠢ ᠳ᠋ᠠᠭᠢ ᠮᠤᠩᠭ᠋ᠤᠯ ᠦᠨᠳᠦᠰᠦᠳᠠᠨ ᠤ ᠳᠤᠷᠰᠢᠯᠳᠠ ᠶᠢᠨ ᠪᠠᠭ᠎ᠠ ᠰᠤᠷᠭᠠᠭᠤᠯᠢ ᠵᠡᠷᠭᠡ ᠳᠦᠷᠪᠡᠨ ᠰᠤᠷᠭᠠᠭᠤᠯᠢ ᠳᠤ ᠭᠦᠷᠴᠤ 26 ᠦᠶ᠎ᠡ ᠭᠢᠴᠢᠶᠠᠯ ᠰᠤᠨᠤᠰᠴᠤ᠂ ᠰᠢᠨ᠎ᠠ ᠭᠢᠴᠢᠶᠠᠯ ᠤᠨ ᠥᠭᠡᠷᠡᠴᠢᠯᠡᠯᠳᠡ ᠪᠣᠯᠤᠨ ᠰᠢᠨ᠎ᠠ ᠵᠢᠭᠠᠨ ᠰᠤᠷᠭᠠᠬᠤ ᠠᠷᠭ᠎ᠠ ᠪᠠᠷᠢᠯ ᠤᠨ ᠳᠤᠬᠠᠢ ᠬᠠᠷᠢᠯᠴᠠᠨ ᠶᠠᠷᠢᠯᠴᠠᠨ᠂ ᠬᠠᠷᠢᠯᠴᠠᠨ ᠰᠤᠳᠤᠯᠵᠠᠭᠠᠵᠤ᠂ ᠬᠠᠷᠢᠯᠴᠠᠨ ᠰᠠᠨᠠᠯ ᠶᠢᠡᠨ ᠰᠤᠯᠢᠯᠴᠠᠬᠤ ᠶᠠᠪᠣᠴᠠ ᠳᠤ ᠳᠤᠤ ᠰᠢᠩ ᡁᠢ ᠠᠪᠣᠭᠠᠢ ᠶᠢᠨ ᠭᠡᠯᠡᠭ᠍ᠰᠡᠨ ᠭᠤᠷᠪᠠᠳᠤᠭᠠᠷ ᠵᠣᠢ᠌ᠯ ᠤᠨ ᠪᠠᠭᠰᠢ ᠴᠤ ᠳᠠᠭᠠᠷᠠᠯᠳᠤᠵᠤ ᠨᠡᠭᠡᠷᠡᠨ ᠨᠢᠭᠡ ᠣᠮᠳᠠᠭᠠᠰᠤᠭᠰᠠᠨ ᠭᠦᠮᠤᠨ ᠤ ᠣᠮᠳᠠ ᠳᠠᠷᠤᠵᠤ᠂ ᠴᠠᠩᠭ᠋ᠠᠭᠰᠠᠨ ᠭᠦᠮᠤᠨ ᠤ ᠴᠠᠩᠭ᠋ᠠᠭ᠎ᠠ ᠶᠢ ᠳᠡᠢ᠌ᠯᠦᠭ᠍ᠰᠡᠨ ᠰᠢᠭ᠌ ᠪᠣᠯᠤᠭᠰᠠᠨ ᠪᠠᠢ᠌ᠨ᠎ᠠ᠃ ᠬᠤᠷᠴᠢᠨ ᠪᠠᠷᠠᠭᠤᠨ ᠭᠠᠷᠤᠨ ᠡᠮᠦᠨᠡᠳᠤ ᠬᠤᠰᠢᠭᠤᠨ ᠤ ᠮᠢᠩ ᠳ᠋ᠧ ᠪᠠᠭ᠎ᠠ ᠰᠤᠷᠭᠠᠭᠤᠯᠢ ᠶᠢᠨ ᠪᠠᠢ ᠢᠤᠢ ᠿᠦᠩ ᠪᠠᠭᠰᠢ ᠥᠵᠡᠭᠦᠯᠦᠯᠭᠡ ᠶᠢᠨ ᠭᠢᠴᠢᠶᠠᠯ ᠣᠷᠤᠬᠤ ᠳᠠᠭᠠᠨ 《ᠮᠤᠩᠭ᠋ᠤᠯ ᠠᠮᠢᠳᠤᠷᠠᠯ ᠳᠤᠮᠳᠠᠭᠢ ᠳᠤᠭᠠᠨ ᠤ ᠣᠬᠠᠭᠠᠨ》 ᠭᠡᠭᠦ ᠭᠢᠴᠢᠶᠠᠯ ᠢ ᠵᠢᠭᠠᠵᠠᠢ᠃ ᠭᠢᠴᠢᠶᠠᠯ ᠡᠭᠢᠯᠡᠮᠡᠭ᠍ᠴᠡ ᠬᠤᠷᠰᠢᠨ ᠰᠤᠷᠤᠯᠴᠠᠬᠤ ᠶᠢ ᠠᠩᠬᠠᠷᠴᠤ᠂ ᠪᠠᠭᠰᠢ ᠰᠤᠷᠤᠭᠴᠢ ᠬᠠᠷᠢᠯᠴᠢᠨ ᠵᠥᠪᠳᠡᠭᠦ ᠠᠷᠭ᠎ᠠ ᠶᠢ ᠭᠡᠷᠡᠭᠯᠡᠵᠤ᠂ ᠰᠤᠷᠤᠭᠴᠢ ᠶᠢ ᠴᠢᠯᠦᠭᠡᠳᠤ ᠪᠠᠢ᠌ᠳᠠᠯ ᠳᠤ ᠭᠦᠳᠦᠯᠤᠨ ᠣᠷᠤᠭᠤᠯᠵᠤ ᠭᠢᠴᠢᠶᠠᠯ ᠤᠨ ᠳᠢᠩᠭᠢᠮ ᠢ ᠭᠦᠭ᠍ᠵᠢᠶᠡᠨ ᠲᠡᠶ ᠪᠣᠯᠭᠠᠨ᠂ ᠮᠤᠩᠭ᠋ᠤᠯ ᠠᠮᠢᠳᠤᠷᠠᠯ ᠳᠤ ᠠᠭᠤᠰᠴᠤ᠂ ᠰᠤᠷᠤᠭᠴᠢ ᠳᠤ ᠰᠤᠷᠤᠯᠴᠠᠬᠤ ᠠᠷᠭ᠎ᠠ ᠶᠢ ᠰᠤᠷᠭᠠᠭᠰᠠᠨ ᠪᠠᠢ᠌ᠨ᠎ᠠ᠃ ᠳᠤᠰ ᠭᠢᠴᠢᠶᠠᠯ ᠨᠢ ᠣᠷᠳᠤ ᠳᠦᠷᠪᠡᠯᠵᠢᠨ ᠤ ᠭᠦᠷᠢᠶᠡᠨ ᠤ ᠣᠷᠳᠤ᠂ ᠳᠠᠯᠠᠪᠠᠢ ᠶᠢ ᠶᠠᠭᠠᠭᠢᠵᠤ ᠣᠯᠬᠤ᠂ ᠪᠦᠭᠡᠷᠡᠩᠭᠡᠢ ᠪᠠᠭᠠᠨ᠎ᠠ᠂ ᠱᠤᠷᠤᠯᠵᠢᠨ ᠤ ᠡᠵᠡᠯᠡᠭᠦᠨ᠂ ᠳᠠᠯᠠᠪᠠᠢ᠂ ᠭᠦᠷᠢᠶᠡᠨ ᠤ ᠣᠷᠳᠤ ᠶᠢ ᠶᠠᠭᠠᠭᠢᠵᠤ ᠣᠯᠬᠤ ᠪᠣᠯᠤᠨ ᠬᠠᠷᠢᠴᠠᠭᠠᠳᠤ ᡂᠢ ᠶᠢᠨ ᠬᠠᠷᠢᠴᠠᠯ ᠤᠨ ᠭᠡᠮᠵᠢᠭ᠍ᠳᠡᠯ ᠢ ᠵᠢᠭᠠᠬᠤ ᠳᠠᠭᠠᠨ ᠮᠤᠩᠭ᠋ᠤᠯ ᠠᠮᠢᠳᠤᠷᠠᠯ ᠡᠴᠡ ᠰᠠᠯᠤᠭᠰᠠᠨ ᠦᠭᠡᠶ᠂ ᠪᠣᠳᠠᠳᠠᠢ ᠡᠴᠡ ᠵᠠᠢ᠌ᠳᠠᠭᠰᠠᠨ ᠦᠭᠡᠶ᠂ ᠣᠷᠠᠨ ᠳᠦᠷᠰᠦᠯᠢᠭ᠌᠂ ᠠᠮᠢᠳᠤᠯᠢᠭ ᠰᠢᠨᠡᠷᠭᠦᠤ ᠠᠷᠭ᠎ᠠ ᠠᠪᠴᠠᠯ ᠢ ᠭᠡᠷᠡᠭᠯᠡᠵᠤ᠂ ᠭᠤᠸ᠎ᠠ ᠳᠠᠭᠠᠰᠢᠶᠠᠯ ᠤᠨ ᠭᠦᠷᠳᠡᠭᠡᠮᠵᠢ ᠣᠯᠭᠤᠭᠰᠠᠨ ᠪᠠᠢ᠌ᠨ᠎ᠠ᠃ ᠵᠢᠱᠢᠶᠠᠯᠠᠪᠠᠯ᠄ 《ᠮᠤᠩᠭ᠋ᠤᠯ ᠭᠡᠷ᠂ ᠮᠤᠩᠭ᠋ᠤᠯ ᠮᠠᠯᠠᠭᠠᠢ᠂ ᠬᠠᠳᠠᠭ᠂ ᠣᠪᠣᠭ᠎ᠠ᠂ ᠰᠤᠶᠤᠯ ᠤᠨ ᠣᠷᠳᠤᠨ᠂ ᠬᠠᠷᠮᠠᠨ ᠣᠳᠠᠰᠤ᠂ ᠭᠠᠯ ᠳᠡᠷᠭᠡᠨ ᠵᠠᠮ᠂ ᠭᠢᠪᠢᠰ᠂ ᠪᠢᠷ ᠤᠨ ᠲᠦᠩᠰᠠ᠂ ᠪᠢᠴᠢᠬᠠᠨ ᠳᠤᠭ》 ᠵᠡᠷᠭᠡ ᠦᠨᠡᠨ ᠪᠣᠳᠠᠳᠠᠢ ᠵᠣᠢ᠌ᠯ ᠢ ᠥᠵᠡᠭᠦᠯᠤᠨ ᠳᠠᠨᠢᠭᠤᠯᠵᠤ᠂ ᠣᠷᠠᠨ ᠳᠦᠷᠰᠦᠯᠢᠭ᠌ ᠶᠢᠡᠷ ᠪᠦᠭᠡᠷᠡᠩᠭᠡᠢ ᠪᠠᠭᠠᠨ᠎ᠠ᠂ ᠱᠤᠷᠤᠯᠵᠢᠨ᠂ ᠣᠷᠳᠤ ᠳᠦᠷᠪᠡᠯᠵᠢᠨ ᠤ ᠭᠦᠷᠢᠶᠡᠨ ᠤ ᠣᠷᠳᠤ᠂ ᠳᠠᠯᠠᠪᠠᠢ᠂ ᠡᠵᠡᠯᠡᠭᠦᠨ ᠢ ᠣᠯᠬᠤ ᠠᠷᠭ᠎ᠠ ᠶᠢ ᠡᠵᠡᠮᠰᠢᠭᠦᠯᠵᠤ᠂ ᠭᠤᠤᠯᠳᠠᠭ᠎ᠠ ᠲᠡᠶ ᠵᠣᠢ᠌ᠯ᠂ ᠵᠠᠩᠭᠢᠯᠭ᠎ᠠ ᠶᠢᠨ ᠠᠰᠠᠭᠤᠳᠠᠯ᠂ ᠭᠦᠴᠢᠷᠳᠡᠯᠭᠡ ᠲᠡᠶ ᠣᠴᠢᠷ ᠶᠢᠡᠨ ᠰᠠᠢ᠌ᠬᠠᠨ ᠰᠢ᠌ᠤᠠᠪᠣᠷᠢᠯᠠᠵᠤ᠂ ᠰᠤᠷᠤᠭᠴᠢ ᠳᠤ ᠥᠨᠡᠩᠭᠦ ᠰᠤᠷᠤᠯᠴᠠᠬᠤ ᠠᠷᠭ᠎ᠠ ᠶᠢ ᠰᠤᠷᠭᠠᠭᠰᠠᠨ ᠪᠠᠢ᠌ᠨ᠎ᠠ᠃ ᠪᠠᠢ ᠪᠠᠭᠰᠢ ᠨᠢᠭᠡ ᠳᠤ᠂ ᠭᠢᠴᠢᠶᠠᠯ ᠤᠨ ᠳᠠᠪᠳᠠᠷ ᠲᠤ ᠪᠠᠷᠢᠭᠳᠠᠭᠰᠠᠨ ᠦᠭᠡᠶ᠂ ᠭᠢᠴᠢᠶᠠᠯ ᠪᠡᠯᠡᠳᠭᠡᠭᠦ ᠳᠠᠯ᠎ᠠ ᠪᠠᠷ ᠰᠢᠨ᠎ᠠ ᠶᠢ ᠡᠭᠦᠳᠴᠡᠢ᠃ ᠬᠤᠶᠠᠷ ᠲᠤ᠂ ᠣᠤᠯ ᠤᠨ ᠴᠢᠤᠠᠬᠤᠮᠠᠯ ᠮᠠᠶ‍ᠢᠭ ᠤᠨ ᠵᠢᠭᠠᠨ ᠰᠤᠷᠭᠠᠯᠳᠠ ᠡᠴᠡ ᠵᠠᠢ᠌ᠯᠠᠰᠭᠢᠵᠤ᠂ ᠭᠦᠳᠡᠯᠭᠡᠡᠳᠤ ᠮᠠᠶ‍ᠢᠭ ᠤᠨ ᠵᠢᠭᠠᠨ ᠰᠤᠷᠭᠠᠯᠳᠠ ᠲᠤ ᠰᠢᠯᠵᠢᠵᠤ᠂ ᠭᠢᠴᠢᠶᠠᠯ ᠣᠷᠤᠬᠤ ᠳᠠᠯ᠎ᠠ ᠪᠠᠷ ᠰᠢᠨ᠎ᠠ ᠶᠢ ᠡᠭᠦᠳᠴᠡᠢ᠃ ᠭᠤᠷᠪᠠ ᠳᠤ᠂ ᠰᠤᠷᠤᠭᠴᠢ ᠳᠤ ᠴᠢᠯᠦᠭᠡᠳᠤ ᠣᠷᠤᠨ ᠵᠠᠢ ᠶᠢ ᠣᠯᠭᠤᠵᠤ᠂ ᠪᠠᠶ᠎ᠠ ᠪᠠᠨ ᠳᠠᠭᠠᠭᠠᠬᠤ᠂ ᠬᠤᠷᠰᠢᠨ ᠬᠠᠮᠵᠢᠯᠴᠠᠬᠤ᠂ ᠰᠥᠪᠠᠭ᠍ᠴᠢᠯᠡᠵᠤ ᠰᠤᠷᠤᠯᠴᠠᠬᠤ᠂ ᠰᠤᠨᠢᠷᠬᠠᠵᠤ ᠰᠤᠷᠤᠯᠴᠠᠬᠤ᠂ ᠪᠣᠯᠪᠠᠰᠤᠷᠠᠵᠤ ᠰᠤᠷᠤᠯᠴᠠᠬᠤ ᠭᠦᠳᠡᠯᠭᠡᠡᠳᠤ ᠰᠤᠷᠤᠯᠴᠠᠯᠭ᠎ᠠ ᠶᠢ ᠡᠭᠦᠳᠴᠡᠢ᠃ ᠳᠠᠷᠤᠢ ᠪᠠᠭᠰᠢ ᠰᠤᠷᠤᠭᠴᠢ ᠨᠢᠭᠳᠠ ᠣᠶᠠᠯᠳᠤᠵᠤ ᠴᠢᠯᠦᠭᠡᠳᠤ ᠭᠢᠴᠢᠶᠠᠯ ᠪᠣᠯᠵᠤ ᠴᠢᠳᠠᠭᠰᠠᠨ ᠮᠥᠷᠳᠡᠭᠡᠨ ᠰᠤᠷᠤᠭᠴᠢᠳ ᠲᠤ ᠰᠤᠷᠤᠯᠴᠠᠯᠭ᠎ᠠ ᠶᠢᠨ ᠣᠷᠤᠨ ᠵᠠᠢ ᠶᠢ ᠪᠣᠴᠠᠭᠠᠵᠤ ᠦᠭ‍ᠭᠦᠭ᠍ᠰᠡᠨ ᠪᠠᠢ᠌ᠨ᠎ᠠ᠃ ᠭᠢᠩᠭ᠋ᠠᠨ ᠠᠢ᠌ᠮᠠᠭ ᠤᠨ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ ᠪᠠᠶᠠᠠᠬᠤᠰᠢᠭᠤ ᠨᠢᠭᠡᠳᠦᠭᠡᠷ ᠪᠠᠭ᠎ᠠ ᠰᠤᠷᠭᠠᠭᠤᠯᠢ ᠶᠢᠨ ᠪᠠᠭᠰᠢ ᠬᠠᠨ ᠰᠢᠤ ᠬᠤᠧᠨ 《ᠮᠠᠷᠭᠠᠰᠢ》 ᠭᠡᠭᠦ ᠭᠢᠴᠢᠶᠠᠯ ᠢ ᠵᠢᠭᠠᠵᠠᠢ᠃ ᠡᠨᠡ ᠪᠠᠭᠰᠢ ᠭᠢᠴᠢᠶᠠᠯ ᠤᠨ ᠠᠭᠤᠯᠭ᠎ᠠ᠂ ᠭᠡᠯᠡ ᠨᠠᠢ᠌ᠷᠠᠭᠤᠯᠭ᠎ᠠ᠂ ᠣᠤᠠᠬ᠎ᠠ ᠰᠠᠨᠠᠭ᠎ᠠ ᠵᠡᠷᠭᠡ ᠪᠦᠭᠦ ᠳᠠᠯ᠎ᠠ ᠪᠠᠷ ᠨᠡᠪᠳᠡᠷᠭᠡᠢ ᠭᠡᠳᠡᠭ᠌ ᠨᠢ ᠭᠠᠷᠴᠠᠭ᠎ᠠ ᠦᠭᠡᠶ᠃ ᠵᠢᠭᠠᠬᠤ ᠠᠷᠭ᠎ᠠ ᠴᠤ ᠠᠮᠢᠳᠤᠯᠢᠭ ᠰᠠᠢ᠌ᠬᠠᠨ᠂ ᠭᠢᠴᠢᠶᠠᠯ ᠳᠤ ᠪᠠᠭᠰᠢ ᠭᠤᠷᠪᠠᠨ ᠰᠢᠨ᠎ᠠ ᠶᠢ ᠡᠭᠦᠳᠴᠤ᠂ ᠳᠦᠷᠪᠡᠨ ᠭᠤᠶᠤ ᠶᠢ ᠢᠯᠡᠷᠡᠭᠦᠯᠵᠤ᠂ ᠭᠤᠷᠪᠠᠨ ᠣᠷᠠᠨ ᠢ ᠭᠠᠢ᠌ᠬᠠᠭᠤᠯᠵᠤ᠂ ᠬᠠᠷᠠᠯᠳᠠ ᠳᠠᠭᠠᠨ ᠭᠦᠷᠴᠤ ᠴᠢᠳᠠᠭᠰᠠᠨ ᠪᠠᠢ᠌ᠨ᠎ᠠ᠃ ᠠᠮᠵᠢᠯᠳᠠᠳᠠᠢ ᠵᠢᠭᠠᠭᠰᠠᠨ ᠭᠢᠴᠢᠶᠠᠯ ᠭᠡᠵᠤ ᠦᠨᠡᠯᠠᠵᠤ ᠪᠣᠯᠤᠮᠠᠷ᠃ ᠭᠤᠷᠪᠠᠨ ᠰᠢᠨ᠎ᠠ ᠭᠡᠳᠡᠭ᠌ ᠨᠢ᠄ ᠭᠢᠴᠢᠶᠠᠯ ᠤᠨ ᠰᠠᠳᠭᠢᠮᠵᠢ ᠨᠢ ᠰᠢᠨ᠎ᠠ᠂ ᠭᠢᠴᠢᠶᠠᠯ ᠤᠨ ᠭᠦᠳᠦᠯᠦᠮᠵᠢ ᠨᠢ ᠰᠢᠨ᠎ᠠ᠂ ᠵᠢᠭᠠᠭᠰᠠᠨ ᠠᠷᠭ᠎ᠠ ᠪᠠᠷᠢᠯ ᠨᠢ ᠰᠢᠨ᠎ᠠ᠃ ᠳᠦᠷᠪᠡᠨ ᠭᠤᠶᠤ ᠭᠡᠳᠡᠭ᠌ ᠨᠢ᠄ ᠭᠢᠴᠢᠶᠠᠯ ᠤᠨ ᠡᠭᠢᠯᠡᠯᠳᠡ ᠭᠤᠶᠤ᠂ ᠣᠩᠰᠢᠯᠭ᠎ᠠ ᠶᠢ ᠵᠢᠯᠤᠭᠤᠳᠤᠭᠰᠠᠨ ᠨᠢ ᠭᠤᠶᠤ᠂ ᠭᠢᠴᠢᠶᠠᠯ ᠤᠨ ᠰᠢᠯᠵᠢᠯᠳᠠ ᠨᠢ ᠭᠤᠶᠤ᠂ ᠳᠤᠷᠠᠳᠤᠭᠰᠠᠨ ᠠᠰᠠᠭᠤᠯᠳᠠ ᠨᠢ ᠭᠤᠶᠤ᠃ ᠭᠤᠷᠪᠠᠨ ᠣᠷᠠᠨ ᠭᠡᠳᠡᠭ᠌ ᠨᠢ᠄ ᠭᠢᠴᠢᠶᠠᠯ ᠢ ᠡᠰᠭᠡᠵᠤ ᠪᠠᠢ᠌ᠷᠢᠰᠢᠯᠠᠭᠤᠯᠤᠭᠰᠠᠨ ᠨᠢ ᠣᠷᠠᠨ᠂ ᠪᠠᠭᠰᠢ ᠰᠤᠷᠤᠭᠴᠢ ᠶᠢᠨ ᠬᠠᠮᠵᠢᠯᠴᠠᠭ᠎ᠠ ᠣᠷᠠᠨ᠂ ᠬᠠᠷᠠᠯᠳᠠ ᠪᠠᠨ ᠪᠠᠶᠡᠭᠦᠯᠦᠭ᠍ᠰᠡᠨ ᠶᠠᠪᠣᠴᠠ ᠣᠷᠠᠨ᠃ ᠢᠩᠭᠢᠵᠤ ᠰᠤᠷᠤᠭᠴᠢ ᠪᠠᠷ ᠪᠦᠭᠦᠯᠢ ᠴᠤᠭᠴᠠ ᠡᠴᠡ ᠣᠢ᠌ᠯᠭᠠᠭᠤᠯᠬᠤ᠂ ᠵᠠᠩᠭᠢᠯᠭ᠎ᠠ ᠶᠢᠨ ᠥᠭᠡ ᠥᠭᠦᠯᠡᠪᠦᠷᠢ ᠶᠢ ᠣᠢ᠌ᠯᠭᠠᠭᠤᠯᠬᠤ᠂ ᠭᠤᠸ᠎ᠠ ᠳᠠᠭᠠᠰᠢᠶᠠᠯ ᠤᠨ ᠮᠠᠳᠠᠷᠠᠮᠵᠢ ᠣᠯᠭᠤᠵᠤ ᠴᠢᠳᠠᠭᠰᠠᠨ ᠪᠠᠢ᠌ᠨ᠎ᠠ᠃ ᠭᠡᠪᠠᠴᠤ ᠳᠤᠰ ᠪᠠᠭᠰᠢ ᠣᠩᠰᠢᠯᠭ᠎ᠠ ᠵᠢᠯᠤᠭᠤᠤᠠᠬᠤ ᠶᠠᠪᠣᠴᠠ ᠳᠠᠭᠠᠨ ᠰᠤᠷᠤᠭᠴᠢ ᠶᠢᠨ ᠰᠤᠩᠭ᠋ᠤᠵᠤ ᠣᠩᠰᠢᠭᠰᠠᠨ ᠮᠦᠷ ᠪᠠᠳᠠᠭ ᠢ ᠶᠡᠮᠡᠷ ᠤᠴᠢᠷ ᠡᠴᠡ ᠰᠤᠩᠭ᠋ᠤᠵᠤ ᠣᠩᠰᠢᠭᠰᠠᠨ ᠢ ᠨᠢ ᠠᠰᠠᠭᠤᠭᠰᠠᠨ ᠪᠣᠯ ᠨᠠᠯᠢᠶᠠᠤᠨ ᠵᠥᠭᠡᠷ ᠪᠠᠢ᠌ᠭᠰᠠᠨ᠃ ᠳᠦᠡᠭᠯᠢᠶ‍ᠦᠤ ᠬᠤᠳᠠ ᠶᠢᠨ ᠵᠠᠷᠤᠳ ᠬᠤᠰᠢᠭᠤᠨ ᠤ ᠯᠦᠪᠧᠢ ᠳ᠋ᠠᠭᠢ ᠮᠤᠩᠭ᠋ᠤᠯ ᠦᠨᠳᠦᠰᠦᠳᠠᠨ ᠤ ᠳᠤᠷᠰᠢᠯᠳᠠ ᠶᠢᠨ ᠪᠠᠭ᠎ᠠ ᠰᠤᠷᠭᠠᠭᠤᠯᠢ ᠶᠢᠨ ᠬᠠᠢ ᠢᠤᠢ ᠪᠠᠭᠰᠢ 《反义词歌》 ᠭᠡᠭᠦ ᠭᠢᠳᠠᠤᠨ ᠭᠡᠯᠡᠨ ᠤ ᠭᠢᠴᠢᠶᠠᠯ ᠵᠢᠭᠠᠵᠠᠢ᠃ ᠳᠤᠰ ᠪᠠᠭᠰᠢ ᠳᠤᠤᠷ᠎ᠠ ᠣᠨ ᠳᠤ ᠭᠢᠴᠢᠶᠠᠯ ᠵᠢᠭᠠᠬᠤ ᠳᠠᠯ᠎ᠠ ᠪᠠᠷ ᠣᠠᠴᠠ ᠴᠢᠳᠠᠮᠠᠭᠠᠢ᠂ ᠶᠡᠭᠡ ᠠᠪᠢᠶᠠᠰᠯᠢᠭ ᠶᠤᠮ ᠪᠠᠢ᠌ᠨ᠎ᠠ᠃ ᠨᠢᠭᠡ ᠳᠤ᠂ ᠣᠯᠠᠷᠢᠭᠤᠯᠬᠤ ᠡᠷᠳᠡᠮ ᠳᠤ ᠭᠠᠷᠮᠠᠭᠠᠢ᠂ ᠠᠭᠤᠯᠭ᠎ᠠ ᠶᠢ ᠣᠯᠠᠷᠢᠭᠤᠯᠵᠤ ᠵᠢᠭᠠᠬᠤ᠂ ᠠᠷᠭ᠎ᠠ ᠶᠢ ᠣᠯᠠᠷᠢᠭᠤᠯᠵᠤ ᠵᠢᠭᠠᠬᠤ᠂ ᠶᠠᠪᠣᠴᠠ ᠶᠢ ᠣᠯᠠᠷᠢᠭᠤᠯᠵᠤ ᠵᠢᠭᠠᠬᠤ ᠨᠢ ᠪᠢᠰᠢᠷᠠᠮ᠎ᠠ ᠰᠠᠢ᠌ᠬᠠᠨ᠃ ᠬᠤᠶᠠᠷ ᠲᠤ᠂ ᠭᠡᠯᠪᠠᠷᠢ ᠡᠴᠡ ᠠᠭᠤᠯᠭ᠎ᠠ ᠳᠤ ᠭᠦᠡᠵᠡᠭᠡᠢ᠌ᠷᠡᠭᠦᠯᠵᠤ᠂ ᠠᠭᠤᠯᠭ᠎ᠠ ᠡᠴᠡ ᠡᠭᠦᠳᠦᠯᠳᠡ ᠶᠢᠨ ᠣᠷᠠᠯᠢᠭ ᠲᠤ ᠭᠦᠳᠦᠯᠦᠭ᠍ᠰᠡᠨ ᠨᠢ ᠠᠪᠢᠶᠠᠰᠯᠢᠭ ᠰᠠᠢ᠌ᠬᠠᠨ᠃ ᠭᠢᠴᠢᠶᠠᠯ ᠤᠨ ᠡᠭᠢᠯᠡᠯᠳᠡ ᠳᠤ ᠪᠣᠳᠤᠭᠤᠯᠤᠭᠰᠠᠨ᠂ ᠳᠠᠷᠠᠭ᠎ᠠ ᠨᠢ ᠳᠸᠯᠸᠢᠰ ᠶᠢᠡᠷ ᠥᠵᠡᠭᠦᠯᠦᠭ᠍ᠰᠡᠨ᠂ ᠵᠠᠯᠭᠠᠭᠠᠤᠨ ᠣᠯᠠᠨ ᠰᠤᠷᠤᠭᠴᠢ ᠪᠠᠷ ᠢᠯᠭᠠᠭ᠎ᠠ ᠶᠢ ᠨᠢ ᠡᠷᠢᠭᠦᠯᠵᠤ ᠶᠠᠷᠢᠭᠤᠯᠤᠭᠰᠠᠨ᠂ ᠳᠠᠭᠢᠨ ᠠᠭᠤᠯᠭ᠎ᠠ ᠶᠢᠨ ᠭᠦᠡᠵᠡᠭᠡᠢ᠌ᠷᠡᠯ ᠳᠤ ᠰᠢᠯᠵᠢᠭ᠍ᠰᠡᠨ ᠶᠠᠪᠣᠴᠠ ᠪᠣᠯ ᠭᠠᠢ᠌ᠬᠠᠮ᠎ᠠ ᠰᠠᠢ᠌ᠬᠠᠨ᠃ ᠭᠤᠷᠪᠠ ᠳᠤ᠂ ᠳᠦᠷᠢᠮᠴᠢ ᠣᠩᠰᠢᠯᠭ᠎ᠠ ᠶᠢ ᠰᠠᠢ᠌ᠬᠠᠨ ᠠᠰᠢᠭᠯᠠᠵᠤ᠂ ᠣᠩᠰᠢᠯᠭ᠎ᠠ ᠶᠢᠨ ᠣᠯᠠᠨ ᠭᠡᠯᠪᠠᠷᠢ ᠳᠤ ᠠᠭᠤᠰᠤᠭᠰᠠᠨ ᠨᠢ ᠣᠷᠤᠰᠤᠮ᠎ᠠ ᠰᠠᠢ᠌ᠬᠠᠨ᠃ ᠡᠨᠡ ᠭᠢᠴᠢᠶᠠᠯ ᠢ ᠢᠩᠭᠢᠵᠤ ᠭᠡᠢ᠌ᠰᠪᠦᠷᠢ ᠡᠴᠡ ᠪᠣᠳᠠᠳᠠᠢ᠂ ᠳᠠᠭᠢᠨ ᠪᠣᠳᠠᠳᠠᠢ ᠡᠴᠡ ᠭᠡᠢ᠌ᠰᠪᠦᠷᠢ᠂ ᠵᠠᠯᠭᠠᠭᠠᠤᠨ ᠭᠡᠢ᠌ᠰᠪᠦᠷᠢ ᠡᠴᠡ ᠦᠨᠡᠨ ᠮᠡᠳᠡᠯᠭᠡ ᠵᠥᠭ᠌ ᠰᠢᠯᠵᠢᠭ᠍ᠰᠡᠨ ᠪᠠᠢ᠌ᠨ᠎ᠠ᠃ ᠥᠭᠡᠷ᠎ᠡ ᠪᠠᠷ ᠭᠡᠯᠡᠪᠠᠯ ᠪᠠᠭᠰᠢ ᠶᠢᠨ ᠳᠦᠷᠢᠮᠴᠢ ᠣᠩᠰᠢᠯᠭ᠎ᠠ ᠡᠴᠡ ᠰᠤᠷᠤᠭᠴᠢ ᠶᠢᠨ ᠣᠩᠰᠢᠯᠭ᠎ᠠ ᠶᠢᠨ ᠣᠯᠠᠨ ᠭᠡᠯᠪᠠᠷᠢ ᠶᠢ ᠰᠠᠢ᠌ᠬᠠᠨ ᠵᠢᠯᠤᠭᠤᠤᠠᠴᠤ᠂ ᠣᠩᠰᠢᠯᠭ᠎ᠠ ᠶᠢᠨ ᠪᠣᠭᠤᠮᠳᠠ ᠶᠢ ᠭᠤᠶᠤ ᠳᠠᠪᠠᠭᠰᠠᠨ ᠡᠴᠡ ᠰᠤᠷᠤᠭᠴᠢ ᠭᠢᠴᠢᠶᠠᠯ ᠢ ᠦᠪᠡᠷ ᠤᠨ ᠡᠷᠭᠡ ᠦᠭᠡᠶ ᠪᠦᠭᠦ ᠴᠤᠭᠴᠠ ᠡᠴᠡ ᠣᠢ᠌ᠯᠠᠭᠠᠵᠤ ᠴᠢᠳᠠᠭᠰᠠᠨ ᠪᠠᠢ᠌ᠨ᠎ᠠ᠃ ᠰᠢᠯᠢ ᠶᠢᠨ ᠭᠤᠤᠯ ᠠᠢ᠌ᠮᠠᠭ ᠤᠨ ᠵᠡᠭᠦᠨ ᠦᠵᠦᠮᠤᠴᠢᠨ ᠬᠤᠰᠢᠭᠤᠨ ᠤ ᠮᠤᠩᠭ᠋ᠤᠯ ᠳᠤᠷᠰᠢᠯᠳᠠ ᠶᠢᠨ ᠪᠠᠭ᠎ᠠ ᠰᠤᠷᠭᠠᠭᠤᠯᠢ ᠶᠢᠨ ᠰᠡᠷᠡᠡᠭᠡᠷᠡᠯ ᠪᠠᠭᠰᠢ ᠨᠢᠭᠡᠳᠦᠭᠡᠷ ᠣᠨ ᠤ 《ᠳᠡᠮᠡᠭᠡ ᠢᠮᠠᠭ᠎ᠠ ᠬᠤᠶᠠᠷ》 ᠭᠡᠭᠦ ᠭᠢᠴᠢᠶᠠᠯ ᠢ ᠵᠢᠭᠠᠵᠠᠢ᠃ ᠭᠢᠴᠢᠶᠠᠯ ᠰᠤᠨᠤᠰᠬᠤ ᠶᠠᠪᠣᠴᠠ ᠳᠤ ᠨᠠᠳᠠᠳᠤ ᠭᠤᠶᠤ᠂ ᠣᠷᠠᠨ᠂ ᠭᠤᠸ᠎ᠠ ᠳᠠᠭᠠᠰᠢᠶᠠᠯ ᠤᠨ ᠭᠦᠷᠳᠡᠮᠵᠢ ᠦᠨᠳᠦᠷ ᠪᠠᠢ᠌ᠨ᠎ᠠ ᠭᠡᠵᠤ ᠪᠣᠳᠤᠭᠳᠠᠵᠠᠢ᠃ ᠭᠢᠴᠢᠶᠠᠯ ᠤᠨ ᠡᠭᠢᠯᠡᠯᠳᠡ ᠳᠤ ᠪᠠᠭᠰᠢ ᠶᠢᠨ ᠳᠤᠷᠠᠳᠤᠭᠰᠠᠨ ᠠᠰᠠᠭᠤᠯᠳᠠ ᠭᠤᠶᠤ᠂ ᠪᠠᠭᠰᠢ ᠶᠠᠷᠢᠭᠰᠠᠨ ᠥᠯᠢᠭᠡᠷ ᠭᠤᠶᠤ᠂ ᠰᠤᠷᠤᠭᠴᠢ ᠪᠠᠷ ᠪᠠᠭᠰᠢ ᠶᠢ ᠮᠠᠭᠳᠠᠭᠤᠯᠤᠭᠰᠠᠨ ᠨᠢ ᠭᠤᠶᠤ᠃ ᠶᠠᠪᠣᠴᠠ ᠳᠤ᠂ ᠣᠩᠰᠢᠯᠭ᠎ᠠ ᠶᠢ ᠵᠢᠯᠤᠭᠤᠳᠤᠭᠰᠠ ᠭᠡᠯᠪᠠᠷᠢ ᠨᠢ ᠣᠷᠠᠨ᠂ ᠰᠤᠷᠤᠭᠴᠢ ᠶᠢ ᠵᠤᠷᠢᠭᠵᠢᠭᠤᠯᠤᠭᠰᠠᠨ ᠠᠷᠭ᠎ᠠ ᠨᠢ ᠣᠷᠠᠨ᠂ ᠨᠤᠳᠤᠭ ᠣᠰᠤᠨ ᠤ ᠪᠠᠨ ᠳᠠᠨᠢᠯᠴᠠᠭᠤᠯᠭ᠎ᠠ ᠭᠢᠭ᠍ᠰᠡᠨ ᠨᠢ ᠣᠷᠠᠨ᠃ ᠦᠷ᠎ᠡ ᠳ᠋ᠦ᠋ᠩ ᠳᠤ᠂ ᠣᠯᠠᠨ ᠰᠤᠷᠤᠭᠴᠢ ᠶᠢ ᠬᠠᠷᠭᠠᠯᠵᠠᠵᠤ ᠴᠢᠳᠠᠭᠰᠠᠨ ᠨᠢ ᠠᠮᠵᠢᠯᠳᠠ ᠳᠤ ᠭᠦᠷᠦᠭ᠍ᠰᠡᠨ ᠪᠠᠢ᠌ᠨ᠎ᠠ᠃ ᠰᠤᠷᠤᠭᠴᠢ ᠶᠢᠨ ᠰᠡᠳᠭᠢᠭᠦᠢ ᠶᠢ ᠭᠦᠭ᠍ᠵᠢᠭᠡᠵᠤ᠂ ᠭᠦᠳᠡᠯᠭᠡᠡᠳᠤ ᠰᠤᠷᠤᠯᠴᠠᠯᠭ᠎ᠠ ᠪᠣᠯᠤᠭᠰᠠ ᠨᠢ ᠠᠮᠵᠢᠯᠳᠠ ᠳᠤ ᠭᠦᠷᠦᠭ᠍ᠰᠡᠨ ᠪᠠᠢ᠌ᠨ᠎ᠠ᠃ ᠭᠢᠴᠢᠶᠠᠯ ᠪᠠᠭᠤᠬᠤ ᠳᠤ ᠪᠦᠭᠦ ᠰᠤᠷᠤᠭᠴᠢ ᠰᠠᠯᠵᠤ ᠶᠠᠳᠠᠵᠤ ᠳᠤᠷᠠᠰᠤᠯ ᠮᠥᠷᠦᠭᠡᠳᠦᠯ ᠬᠤᠴᠤᠷᠭᠠᠭᠰᠠᠠᠨ ᠨᠢ ᠠᠮᠵᠢᠯᠳᠠ ᠳᠤ ᠭᠦᠷᠦᠭ᠍ᠰᠡᠨ ᠪᠠᠢ᠌ᠨ᠎ᠠ᠃

ᠳᠡᠭᠡᠷᠡᠭᠢ ᠪᠣᠯ ᠮᠢᠨᠤ ᠭᠢᠴᠢᠶᠠᠯ ᠰᠤᠨᠤᠰᠬᠤ ᠶᠠᠪᠣᠴᠠ ᠳᠤ ᠦᠵᠡᠵᠤ ᠬᠠᠷᠠᠭᠰᠠᠨ ᠪᠣᠯᠪᠠᠰᠤᠷᠠᠩᠭ᠋ᠤᠢ ᠪᠣᠰᠤ ᠵᠣᠢ᠌ᠯ ᠪᠣᠯᠤᠨ᠎ᠠ᠃ ᠣᠯᠠᠨ ᠪᠠᠭᠰᠢ ᠨᠡᠷ ᠭᠡᠭᠡᠨ ᠳᠡᠭᠡᠨ ᠳᠤᠯᠢᠳᠠᠨ ᠨᠠᠠᠳᠢᠨ ᠰᠤᠷᠭᠠᠯ ᠶᠢᠡᠨ ᠡᠷᠢᠶᠡᠯ ᠦᠭᠡᠶ ᠳᠡᠪᠰᠢᠭᠦᠯᠭᠦ ᠶᠢ ᠭᠦᠰᠡᠨ ᠨᠠᠢ᠌ᠳᠠᠶ᠎ᠠ︕


ᠠᠷᠤ ᠬᠤᠷᠴᠢᠨ ᠬᠤᠰᠢᠭᠤᠨ ᠤ ᠵᠢᠭᠠᠬᠤᠢ ᠰᠤᠷᠬᠤᠢ ᠶᠢ ᠰᠤᠳᠤᠯᠬᠤ ᠭᠡᠷ ᠤᠨ ᠪᠠᠶᠠᠠᠪᠣᠯᠠᠭ

ᠵᠤᠬᠢᠶᠠᠭᠴᠢ᠄ ᠪᠠᠶᠠᠠᠪᠣᠯᠠᠭ
ᠬᠠᠷᠢᠶ᠎ᠠ᠄ ᠪᠠᠭᠰᠢ ᠶᠢᠨ ᠬᠠᠨᠢ
ᠳᠠᠷᠤᠮ᠄ 3600
ᠴᠠᠭ᠄ 2009 ᠤᠨ ᠤ 09 ᠰᠠᠷ᠎ᠠ ᠶᠢᠨ 21