ᠵᠠᠷᠤᠳ ᠤᠨ ᠭᠠᠵᠠᠷ ᠣᠰᠤᠨ ᠤ ᠨᠠᠷ᠎ᠠ ᠶᠢᠨ ᠰᠤᠶᠤᠯ ᠰᠡᠳᠭᠢᠭᠦᠢ

〔ᠠᠭᠤᠯᠭ᠎ᠠ ᠶᠢᠨ ᠳᠤᠪᠴᠢ〕᠄ ᠭᠠᠵᠠᠷ ᠣᠰᠤᠨ ᠤ ᠨᠠᠷ᠎ᠠ ᠪᠣᠯ ᠨᠢᠭᠡ ᠵᠣᠢ᠌ᠯ ᠤᠨ ᠰᠤᠶᠤᠯ ᠤᠨ ᠥᠵᠡᠭ᠍ᠳᠡᠯ ᠮᠦᠨ᠃ ᠵᠠᠷᠤᠳ ᠬᠤᠰᠢᠭᠤᠨ ᠤ ᠭᠠᠵᠠᠷ ᠣᠰᠤᠨ ᠤ ᠨᠠᠷ᠎ᠠ ᠨᠢ ᠮᠤᠩᠭ᠋ᠤᠯ ᠰᠤᠶᠤᠯ ᠤᠨ ᠴᠢᠬᠤᠯᠠ ᠨᠢᠭᠡᠨ ᠪᠦᠷᠢᠯᠳᠦᠭᠦᠨ ᠪᠣᠯᠤᠭᠰᠠᠨ ᠤ ᠬᠤᠪᠢ ᠳᠤ᠂ ᠵᠠᠷᠤᠳᠴᠤᠳ ᠤᠨ ᠠᠵᠤ ᠠᠮᠢᠳᠤᠷᠠᠯ᠂ ᠨᠡᠢ᠌ᠭᠡᠮ ᠳᠡᠦᠭᠡ᠂ ᠰᠢᠳᠦᠯᠭᠡ ᠪᠢᠰᠢᠷᠠᠯ᠂ ᠦᠵᠡᠯ ᠣᠬᠠᠮᠰᠠᠷ ᠵᠡᠷᠭᠡ ᠣᠯᠠᠨ ᠳᠠᠯ᠎ᠠ ᠶᠢᠨ ᠰᠤᠶᠤᠯ ᠤᠨ ᠠᠭᠤᠯᠬᠤᠨ ᠢ ᠬᠠᠳᠠᠭᠠᠯᠠᠭᠰᠠᠭᠠᠷ ᠢᠷᠡᠭ᠍ᠰᠡᠨ ᠶᠤᠮ᠃ ᠳᠤᠰ ᠥᠭᠦᠯᠡᠯ ᠳᠤ ᠵᠠᠷᠤᠳ ᠬᠤᠰᠢᠭᠤᠨ ᠤ ᠭᠠᠵᠠᠷ ᠣᠰᠤᠨ ᠤ ᠨᠠᠷ᠎ᠠ ᠶᠢᠨ ᠰᠤᠶᠤᠯ ᠢ ᠪᠠᠯᠭᠡᠳᠡᠯ ᠰᠤᠶᠤᠯ (ᠥᠩᠭᠡ ᠶᠢᠨ ᠪᠠᠯᠭᠡᠳᠡᠯ᠂ ᠳᠤᠭᠠᠨ ᠤ ᠪᠠᠯᠭᠡᠳᠡᠯ᠂ ᠭᠦᠮᠤᠨ ᠤ ᠨᠠᠷ᠎ᠠ ᠶᠢᠨ ᠪᠠᠯᠭᠡᠳᠡᠯ)᠂ ᠱᠠᠰᠢᠨ ᠤ ᠰᠤᠶᠤᠯ (ᠪᠦᠭᠡ ᠶᠢᠨ ᠱᠠᠰᠢᠨ᠂ ᠪᠣᠷᠬᠠᠨ ᠤ ᠱᠠᠰᠢᠨ᠂ ᠪᠣᠮᠪᠠ ᠶᠢᠨ ᠱᠠᠰᠢᠨ)᠂ ᠠᠵᠤ ᠠᠬᠤᠢ ᠶᠢᠨ ᠰᠤᠶᠤᠯ (ᠳᠤᠪᠣ ᠶᠢᠨ ᠰᠤᠶᠤᠯ ᠪᠠ ᠵᠤᠭᠠᠴᠠᠯ ᠰᠤᠶᠤᠯ) ᠵᠡᠷᠭᠡ ᠭᠤᠷᠪᠠᠨ ᠶᠡᠭᠡ ᠳᠠᠯ᠎ᠠ ᠪᠠᠷ ᠨᠠᠷᠢᠯᠢᠭ ᠵᠠᠳᠠᠯᠤᠨ ᠰᠢᠠᠵᠢᠯᠠᠵᠤ᠂ ᠳᠡᠭᠦᠨ ᠤ ᠳᠤᠳᠤᠷᠠᠭᠢ ᠡᠴᠢᠨ᠎ᠡ ᠳᠠᠯᠳᠠ ᠣᠷᠤᠰᠢᠵᠤ ᠪᠠᠢ᠌ᠬᠤ ᠰᠤᠶᠤᠯ ᠢ ᠠᠭᠤᠳᠠᠯᠤᠨ ᠭᠠᠷᠭᠠᠭᠠᠤᠨ᠂ ᠪᠣᠰᠤᠳ ᠭᠠᠵᠠᠷ ᠣᠷᠤᠨ ᠡᠴᠡ ᠢᠯᠭᠠᠭᠳᠠᠬᠤ ᠰᠤᠶᠤᠯ ᠤᠨ ᠣᠠᠴᠠᠯᠢᠭ ᠢ ᠢᠯᠡᠷᠡᠭᠦᠯᠭᠦ ᠶᠢ ᠵᠤᠷᠢᠵᠠᠢ᠃

〔ᠵᠠᠩᠭᠢᠯᠠᠭ᠎ᠠ ᠶᠢᠨ ᠥᠭᠡ〕᠄ ᠵᠠᠷᠤᠳ ᠬᠤᠰᠢᠭᠤ᠂ ᠭᠠᠵᠠᠷ ᠣᠰᠤᠨ ᠤ ᠨᠠᠷ᠎ᠠ᠂ ᠪᠠᠯᠭᠡᠳᠡᠯ ᠰᠤᠶᠤᠯ᠂ ᠱᠠᠰᠢᠨ ᠤ ᠰᠤᠶᠤᠯ᠂ ᠠᠵᠤ ᠠᠬᠤᠢ ᠶᠢᠨ ᠰᠤᠶᠤᠯ


ᠭᠠᠵᠠᠷ ᠣᠰᠤᠨ ᠤ ᠨᠠᠷ᠎ᠠ ᠪᠣᠯ ᠨᠢᠭᠡ ᠵᠣᠢ᠌ᠯ ᠤᠨ ᠰᠤᠶᠤᠯ ᠤᠨ ᠥᠵᠡᠭ᠍ᠳᠡᠯ ᠮᠦᠨ᠃ ᠰᠤᠶᠤᠯ ᠤᠨ ᠭᠦᠭ᠍ᠵᠢᠯᠳᠡ ᠶᠢᠨ ᠠᠩᠬᠠᠨ ᠤ ᠱᠠᠳᠤᠨ ᠳᠤ᠂ ᠭᠦᠮᠦᠰ ᠶᠠᠷᠤ ᠨᠢ ᠳᠤᠬᠠᠢ ᠶᠢᠨ ᠭᠠᠵᠠᠷ ᠤᠨ ᠨᠢᠳᠤᠨ ᠳᠤ ᠢᠯᠠ ᠬᠠᠷᠠᠭᠳᠠᠬᠤ ᠊᠊᠊᠊᠊᠊᠊᠊᠊᠊᠊᠊᠊᠊᠊ ᠪᠠᠢ᠌ᠷᠢ ᠪᠠᠢ᠌ᠴᠠ᠂ ᠭᠡᠯᠪᠠᠷᠢ ᠳᠦᠷᠰᠤ᠂ ᠦᠵᠡᠮᠵᠢ ᠪᠠᠢ᠌ᠳᠠᠯ ᠵᠡᠷᠭᠡ ᠪᠠᠷ ᠭᠤᠤᠯᠯᠠᠨ ᠨᠡᠷᠡᠯᠡᠳᠡᠭ᠌᠃ ᠰᠤᠶᠤᠯ ᠪᠣᠯᠪᠠᠰᠤᠨ ᠭᠦᠭ᠍ᠵᠢᠭᠡᠳ ᠨᠠᠩ ᠦᠨᠳᠦᠷ ᠲᠦᠪᠰᠢᠨ ᠳᠤ ᠭᠦᠷᠭᠦ ᠦᠶ᠎ᠡ᠂ ᠭᠦᠮᠦᠰ ᠳᠤᠬᠠᠢ ᠶᠢᠨ ᠭᠠᠵᠠᠷ ᠤᠨ ᠰᠠᠭᠤᠭᠠᠯᠢ ᠢᠷᠭᠡᠳ᠂ ᠣᠪᠣᠭ ᠠᠢ᠌ᠮᠠᠭ ᠪᠣᠶᠤ ᠬᠤᠯᠪᠣᠭᠳᠠᠯᠳᠤ ᠭᠡᠷᠡᠭ᠌ ᠶᠠᠭᠤᠮ᠎ᠠ᠂ ᠳᠡᠦᠭᠡ ᠳᠤᠷᠠᠰᠬᠠᠯ ᠤᠨ ᠵᠣᠢ᠌ᠯᠠᠰ ᠵᠡᠷᠭᠡ ᠪᠠᠷ ᠨᠡᠷᠡᠯᠡᠭᠦ ᠪᠣᠯᠵᠤ᠂ ᠨᠡᠢ᠌ᠭᠡᠮ ᠤᠨ ᠭᠦᠭ᠍ᠵᠢᠯᠳᠡ ᠶᠢ ᠳᠠᠭᠠᠯᠳᠤᠨ ᠭᠠᠵᠠᠷ ᠣᠰᠤᠨ ᠤ ᠨᠠᠷ᠎ᠠ ᠶᠢᠨ ᠰᠤᠶᠤᠯ ᠤᠨ ᠠᠭᠤᠯᠬᠤᠨ ᠨᠢ ᠣᠯᠠᠮ ᠶᠢᠡᠷ ᠪᠠᠶᠠᠯᠢᠭᠵᠢᠨ ᠦᠷᠭᠡᠵᠢᠭ᠍ᠰᠡᠨ ᠶᠤᠮ᠃ ᠡᠢ᠌ᠮᠤ ᠡᠴᠡ ᠭᠠᠵᠠᠷ ᠣᠰᠤᠨ ᠤ ᠨᠠᠷ᠎ᠠ ᠨᠢ ᠦᠨᠳᠦᠰᠦᠳᠠᠨ ᠤ ᠰᠤᠶᠤᠯ ᠤᠨ ᠭᠦᠭ᠍ᠵᠢᠯᠳᠡ ᠶᠢᠨ ᠳᠡᠦᠭᠡᠨ ᠭᠡᠷᠡᠴᠢ ᠪᠣᠯᠵᠤ ᠪᠠᠢ᠌ᠬᠤ ᠶᠤᠮ᠃

ᠵᠠᠷᠤᠳ ᠬᠤᠰᠢᠭᠤᠨ ᠤ ᠭᠠᠵᠠᠷ ᠣᠰᠤᠨ ᠤ ᠨᠠᠷ᠎ᠠ ᠨᠢ ᠮᠤᠩᠭ᠋ᠤᠯ ᠰᠤᠶᠤᠯ ᠤᠨ ᠴᠢᠬᠤᠯᠠ ᠨᠢᠭᠡᠨ ᠪᠦᠷᠢᠯᠳᠦᠭᠦᠨ ᠪᠣᠯᠤᠭᠰᠠᠨ ᠤ ᠬᠤᠪᠢ ᠳᠤ᠂ ᠵᠠᠷᠤᠳᠴᠤᠳ ᠤᠨ ᠠᠵᠤ ᠠᠮᠢᠳᠤᠷᠠᠯ᠂ ᠨᠡᠢ᠌ᠭᠡᠮ ᠳᠡᠦᠭᠡ᠂ ᠰᠢᠳᠦᠯᠭᠡ ᠪᠢᠰᠢᠷᠠᠯ᠂ ᠦᠵᠡᠯ ᠣᠬᠠᠮᠰᠠᠷ ᠵᠡᠷᠭᠡ ᠣᠯᠠᠨ ᠳᠠᠯ᠎ᠠ ᠶᠢᠨ ᠰᠤᠶᠤᠯ ᠤᠨ ᠠᠭᠤᠯᠬᠤᠨ ᠢ ᠬᠠᠳᠠᠭᠠᠯᠠᠭᠰᠠᠭᠠᠷ ᠢᠷᠠᠵᠠᠢ᠃

ᠨᠢᠭᠡ ᠵᠠᠷᠤᠳ ᠬᠤᠰᠢᠭᠤᠨ ᠤ ᠭᠠᠵᠠᠷ ᠣᠰᠤᠨ ᠤ ᠨᠠᠷ᠎ᠠ ᠳ᠋ᠠᠭᠢ ᠪᠠᠯᠭᠡᠳᠡᠯ ᠰᠤᠶᠤᠯ

ᠰ·ᠳᠤᠯᠮ᠎ᠠ ᠡᠴᠡ ᠄ 《ᠪᠠᠯᠭᠡᠳᠡᠯ ᠪᠣᠯ ᠪᠢᠳᠠᠨ ᠤ ᠳᠦᠷᠰᠦᠯᠡᠭᠦ ᠪᠣᠳᠤᠯ ᠤᠨ ᠵᠢᠷᠦᠭᠡ ᠰᠤᠳᠠᠰᠤ ᠪᠣᠯᠵᠤ᠂ ᠦᠯᠦ ᠳᠠᠨᠢᠭᠳᠠᠬᠤ ᠳᠡᠭᠦᠰᠭᠡᠯ ᠦᠭᠡᠶ ᠪᠦᠭᠦᠨ ᠢ ᠨᠡᠭᠡᠭᠡᠨ ᠬᠠᠷᠠᠬᠤ᠂ ᠳᠠᠷᠠ ᠳᠤᠮᠳᠠ ᠪᠠᠨ ᠣᠬᠠᠮᠰᠠᠷ ᠪᠣᠰᠤ ᠶᠢᠨ ᠴᠢᠨᠠᠳᠤ ᠬᠠᠳᠠᠭᠠᠯᠠᠭᠳᠠᠭᠰᠠᠨ ᠡᠷᠳᠡᠨᠢᠰ ᠤᠨ ᠦᠪ ᠢ ᠭᠦᠡᠳᠡᠭᠦ ᠵᠥᠭ᠌ ᠴᠢᠭ᠌ ᠲᠤ ᠭᠦᠳᠦᠯᠵᠤ ᠪᠠᠢ᠌ᠨ᠎ᠠ᠃ ᠪᠠᠯᠭᠡᠳᠡᠯ ᠪᠣᠯ ᠦᠨᠡᠨ ᠳᠡᠭᠡᠨ ᠪᠢᠳᠠ ᠦᠪᠡᠷᠰᠠᠤᠨ ᠶᠢᠡᠨ ᠣᠬᠠᠮᠰᠠᠷᠯᠠᠭᠰᠠᠨ ᠡᠰᠡᠭᠦ ᠡᠴᠡ ᠦᠯᠦ ᠰᠢᠯᠳᠠᠭᠠᠯᠠᠨ ᠡᠳᠦᠷ ᠳᠤᠳᠤᠮ ᠤᠨ ᠠᠵᠢᠯ ᠠᠮᠢᠳᠤᠷᠠᠯ ᠳᠠᠭᠠᠨ ᠦᠷᠭᠦᠯᠵᠢ ᠳᠤᠯᠭᠠᠷᠠᠵᠤ ᠪᠠᠢ᠌ᠳᠠᠭ ᠳᠠᠢ᠌ᠮᠤ ᠥᠵᠡᠭ᠍ᠳᠡᠯ ᠮᠦᠨ᠃ ᠭᠦᠰᠡᠯᠡᠩ ᠮᠦᠷᠦᠭᠡᠳᠦᠯ᠂ ᠣᠢ᠌ᠯᠠ ᠭᠡᠷᠡᠭ᠌᠂ ᠠᠶ᠎ᠠ ᠵᠠᠩ ᠠᠯᠢ ᠨᠢᠭᠡᠨ ᠳᠤ ᠦᠪᠡᠷᠰᠠᠤᠨ ᠶᠢᠡᠷ ᠮᠠᠨᠢ ᠮᠡᠳᠡᠭᠦᠯᠦᠯ ᠦᠭᠡᠶ ᠲᠦᠯᠭᠢᠨ ᠣᠷᠤᠭᠤᠯᠵᠤ᠂ ᠮᠠᠠᠳᠤᠯ ᠪᠠᠭᠤᠷᠠᠯ ᠤᠨ ᠠᠯᠢ ᠨᠢᠭᠡ ᠶᠢ ᠠᠮᠰᠠᠭᠤᠯᠵᠤ ᠪᠠᠢ᠌ᠳᠠᠭ》 [1] (P.1) ᠭᠡᠵᠤ ᠳᠤᠳᠤᠷᠬᠠᠢ᠌ᠯᠠᠭᠰᠠᠨ ᠶᠤᠮ᠃

ᠳᠠᠢ᠌ᠮᠤ ᠪᠠᠷ ᠵᠠᠷᠤᠳ ᠤᠨ ᠭᠠᠵᠠᠷ ᠣᠰᠤᠨ ᠤ ᠨᠠᠷ᠎ᠠ ᠳᠤ ᠪᠠᠯᠭᠡᠳᠡᠯ ᠰᠤᠶᠤᠯ ᠭᠦᠨ ᠬᠠᠳᠠᠭᠠᠯᠠᠭᠳᠠᠵᠤ᠂ ᠥᠩᠭᠡ ᠶᠢᠨ ᠪᠠᠯᠭᠡᠳᠡᠯ᠂ ᠳᠤᠭᠠᠨ ᠤ ᠪᠠᠯᠭᠡᠳᠡᠯ᠂ ᠭᠦᠮᠤᠨ ᠤ ᠨᠠᠷ᠎ᠠ ᠶᠢᠨ ᠪᠠᠯᠭᠡᠳᠡᠯ ᠵᠡᠷᠭᠡ ᠰᠤᠶᠤᠯ ᠤᠨ ᠥᠩᠭᠡ ᠪᠢᠯᠬᠠᠮ᠎ᠠ ᠳᠤᠳᠤ ᠢᠯᠠᠷᠠᠵᠤ ᠪᠠᠢ᠌ᠨ᠎ᠠ᠃

(ᠨᠢᠭᠡ) ᠥᠩᠭᠡ ᠶᠢᠨ ᠪᠠᠯᠭᠡᠳᠡᠯ

ᠮᠤᠩᠭ᠋ᠤᠯᠴᠤᠳ ᠥᠩᠭᠡ ᠪᠠᠷ ᠪᠠᠯᠭᠡᠰᠢᠶᠡᠵᠤ᠂ ᠣᠢ᠌ᠯᠠᠳᠪᠣᠷᠢᠯᠠᠯ ᠠᠮᠢᠳᠤᠷᠠᠯ ᠶᠢᠡᠨ ᠳᠡᠭᠡᠭ᠍ᠰᠢ ᠳᠠᠳᠠᠬᠤ ᠣᠯᠠᠮᠵᠢᠯᠠᠯᠳᠤ ᠳᠡᠦᠭᠡ ᠲᠡᠶ ᠶᠤᠮ᠃ ᠮᠤᠩᠭ᠋ᠤᠯ ᠤᠨ ᠨᠡᠢ᠌ᠭᠡᠮ ᠤᠨ ᠳᠡᠦᠭᠡ ᠶᠢ ᠠᠵᠢᠪᠠᠯ᠂ ᠮᠤᠩᠭ᠋ᠤᠯ ᠤᠨ ᠮᠠᠠᠳᠤᠯ ᠨᠢ 《ᠴᠠᠭᠠᠨ᠂ ᠬᠠᠷ᠎ᠠ᠂ ᠭᠦᠭᠡ》 ᠶ᠋ᠢᠨ ᠨᠡᠢ᠌ᠯᠡᠭ᠌ ᠵᠤᠷᠢᠭ ᠰᠠᠨᠠᠭᠠᠨ ᠳᠤ ᠥᠡᠳᠦᠰᠦᠯᠡᠭ᠍ᠰᠡᠨ ᠶᠤᠮ [2] (P.564)᠃ ᠥᠩᠭᠡ ᠪᠣᠳᠤᠭ ᠤᠨ ᠰᠤᠶᠤᠯ ᠤᠨ ᠨᠢᠭᠡ ᠠᠭᠤᠯᠭ᠎ᠠ ᠪᠣᠯᠤᠭᠰᠠᠨ 《ᠴᠠᠭᠠᠨ᠂ ᠬᠠᠷ᠎ᠠ᠂ ᠭᠦᠭᠡ》 ᠨᠢ ᠦᠨᠳᠦᠰᠦᠳᠠᠨ ᠤ ᠣᠶᠤᠨ ᠣᠬᠠᠭᠠᠨ ᠤ ᠳᠦᠷᠰᠤ ᠰᠢᠠᠵᠢ ᠳᠤ ᠳᠤᠰ ᠳᠤᠰ ᠤᠨ ᠣᠴᠢᠷ ᠤᠳᠬ᠎ᠠ ᠲᠡᠶ᠃ ᠡᠢ᠌ᠮᠦᠷᠭᠦ ᠥᠩᠭᠡ ᠶᠢᠨ ᠪᠠᠯᠭᠡᠳᠡᠯ ᠰᠤᠶᠤᠯ ᠨᠢ ᠵᠠᠷᠤᠳ ᠨᠤᠳᠤᠭ ᠲᠤ ᠦᠷᠭᠡᠨ ᠶᠢᠡᠷ ᠳᠠᠷᠬᠠᠵᠤ᠂ ᠣᠳᠤ ᠪᠣᠯᠳᠠᠯ᠎ᠠ ᠣᠯᠠᠮᠵᠢᠯᠠᠭᠳᠠᠭᠰᠠᠭᠠᠷ ᠪᠠᠢ᠌ᠭ᠎ᠠ ᠶᠢ ᠭᠠᠵᠠᠷ ᠣᠰᠤᠨ ᠤ ᠨᠠᠷ᠎ᠠ ᠡᠴᠡ ᠵᠤᠭᠢᠬᠤ ᠭᠡᠮᠵᠢᠶ᠎ᠡ ᠪᠠᠷ ᠦᠵᠡᠵᠤ ᠭᠠᠷᠤᠨ᠎ᠠ᠃ ᠵᠠᠷᠤᠳ ᠮᠤᠩᠭ᠋ᠤᠯᠴᠤᠳ ᠴᠠᠭᠠᠨ᠂ ᠬᠠᠷ᠎ᠠ᠂ ᠭᠦᠭᠡ ᠥᠩᠭᠡ ᠶᠢ ᠡᠷᠭᠢᠮᠯᠡᠭᠦ ᠪᠠᠷ ᠪᠠᠷᠠᠬᠤ ᠦᠭᠡᠶ ᠣᠯᠠᠭᠠᠨ᠂ ᠨᠤᠭᠤᠭᠠᠨ᠂ ᠰᠢᠷ᠎ᠠ ᠵᠡᠷᠭᠡ ᠥᠩᠭᠡ ᠶᠢ ᠲᠤᠩ ᠡᠷᠭᠢᠮᠯᠡᠵᠤ᠂ ᠰᠠᠢ᠌ᠨ ᠰᠠᠢ᠌ᠬᠠᠨ ᠤ ᠪᠠᠯᠭᠡ ᠳᠡᠮᠳᠡᠭ᠌ ᠪᠣᠯᠭᠠᠳᠠᠭ ᠶᠤᠮ᠃

ᠳᠤᠬᠠᠢ᠌ᠯᠠᠪᠠᠯ ᠄ ᠴᠠᠭᠠᠨ ᠭᠡᠷ᠂ ᠴᠠᠭᠠᠨ ᠣᠪᠣᠭ᠎ᠠ᠂ ᠴᠠᠭᠠᠨ ᠳᠠᠪᠠᠭ᠎ᠠ᠂ ᠴᠠᠭᠠᠨ ᠨᠠᠭᠤᠷ᠂ ᠬᠠᠷ᠎ᠠ ᠳᠤᠪᠣ᠂ ᠬᠠᠷ᠎ᠠ ᠬᠤᠰᠢᠭᠤ᠂ ᠬᠠᠷ᠎ᠠ ᠪᠤᠯᠦᠡᠭ᠌᠂ ᠬᠠᠷ᠎ᠠ ᠵᠤ᠋᠂ ᠬᠠᠷ᠎ᠠ ᠡᠷᠭᠢ᠂ ᠬᠠᠷ᠎ᠠ ᠱᠠᠳᠤ᠂ ᠬᠠᠷ᠎ᠠ ᠰᠢᠨᠠ᠂ ᠬᠠᠷ᠎ᠠ ᠨᠠᠭᠤᠷ᠂ ᠬᠠᠷ᠎ᠠ ᠴᠢᠯᠠᠭᠤ᠂ ᠬᠠᠷ᠎ᠠ ᠠᠭᠤᠯᠠ᠂ ᠭᠦᠭᠡᠬᠠᠳᠡ᠂ ᠭᠦᠭᠡ ᠪᠣᠯᠠᠭ ᠣᠷᠤᠢ᠂ ᠰᠢᠷᠠᠬᠤᠧᠨ᠂ ᠰᠢᠷᠠᠬᠠᠳᠠ᠂ ᠰᠢᠷ᠎ᠠ ᠬᠤᠳᠳᠤᠭ᠂ ᠰᠢᠷ᠎ᠠ ᠣᠪᠣᠭ᠎ᠠ᠂ ᠣᠯᠠᠭᠠᠨ ᠠᠭᠤᠯᠠ᠂ ᠣᠯᠠᠭᠠᠨ ᠭᠡᠷᠡᠯ᠂ ᠣᠯᠠᠭᠠᠨ ᠱᠤᠷᠦᠡᠭ᠌᠂ ᠣᠯᠠᠭᠠᠨ ᠠᠭᠤᠯᠠ᠂ ᠣᠯᠠᠭᠠᠠᠬᠠᠳᠠ᠂ ᠣᠯᠠᠭᠠᠨ ᠳᠡᠭᠡ ᠶᠢᠨ ᠣᠷᠤᠢ᠂ ᠣᠯᠠᠭᠠᠨ ᠴᠢᠯᠠᠭᠤᠳᠤ᠂ ᠣᠯᠠᠭᠠᠨ ᠳᠤᠬᠤᠮ᠂ ᠨᠤᠭᠤᠭᠠᠠᠴᠢᠯᠠᠭᠤ᠂ ᠨᠤᠭᠤᠭᠠᠨ ᠨᠠᠭᠤᠷ᠂ ᠨᠤᠭᠤᠭᠠᠨ ᠣᠰᠤ᠂ ᠨᠤᠭᠤᠭᠠᠨ ᠳᠤᠪᠣ》 ᠭᠡᠭᠦ ᠮᠠᠳᠤ ᠶᠢᠨ ᠬᠤᠯᠪᠣᠭᠳᠠᠯ ᠪᠦᠭᠦᠢ ᠨᠠᠷ᠎ᠠ ᠢᠯᠠᠷᠠᠵᠤ᠂ ᠪᠠᠯᠭᠡᠰᠢᠶᠡᠨ ᠭᠦᠡᠳᠦᠳᠭᠡᠳᠡᠭ᠌ ᠣᠷᠠᠨ ᠰᠠᠨᠠᠭ᠎ᠠ ᠪᠠᠨ ᠢᠯᠡᠷᠭᠡᠢ᠌ᠯᠡᠭ᠍ᠰᠡᠨ ᠪᠠᠢ᠌ᠨ᠎ᠠ᠃

ᠵᠠᠷᠤᠳ ᠬᠤᠰᠢᠭᠤᠨ ᠤ ᠭᠠᠵᠠᠷ ᠣᠰᠤᠨ ᠤ ᠨᠠᠷ᠎ᠠ ᠳᠤ ᠦᠨᠳᠦᠰᠦᠨ ᠳᠠᠪᠤᠨ ᠥᠩᠭᠡ ᠶᠢᠨ ᠪᠠᠯᠭᠡᠳᠡᠯ ᠢᠯᠡᠷᠭᠡᠢ ᠪᠠᠢ᠌ᠬᠤ ᠶᠢᠨ ᠳᠠᠭᠠᠤ ᠪᠣᠷᠤ ᠥᠩᠭᠡ ᠪᠠᠷ ᠳᠤᠳᠤᠳᠬᠠᠨ ᠢᠯᠡᠷᠭᠡᠢ᠌ᠯᠡᠭ᠍ᠰᠡᠨ ᠨᠠᠷ᠎ᠠ ᠨᠠᠯᠢᠶᠠᠤᠨ ᠭᠠᠷᠴᠤ ᠢᠷᠡᠭ᠍ᠰᠡᠨ ᠨᠢ ᠶᠡᠭᠡ ᠰᠤᠨᠢᠷᠬᠠᠯᠳᠠᠢ ᠰᠠᠨᠠᠭᠳᠠᠭᠰᠠᠨ ᠪᠢᠯᠠ᠃ ᠡᠨᠡ ᠨᠢ ᠪᠠᠷᠤᠭ ᠮᠤᠩᠭ᠋ᠤᠯᠴᠤᠳ ᠤᠨ ᠥᠩᠭᠡ ᠪᠣᠳᠤᠭ ᠤᠨ ᠰᠤᠶᠤᠯ ᠤᠨ ᠳᠤᠬᠠᠢ ᠦᠵᠡᠯᠳᠠ ᠶᠢᠨ ᠳᠠᠪᠰᠢᠯ ᠭᠦᠭ᠍ᠵᠢᠯ ᠪᠣᠯᠤᠭᠰᠠᠨ ᠪᠠᠢ᠌ᠬ᠎ᠠ᠂ ᠪᠣᠷᠤ ᠥᠩᠭᠡ ᠨᠢ ᠶᠠᠷᠤ ᠳᠤ ᠪᠠᠨ ᠲᠦᠪ ᠶᠡᠭᠡᠮᠰᠦᠭ᠌᠂ ᠪᠣᠯᠪᠠᠰᠤᠨ ᠶᠤᠰᠤᠷᠬᠠᠭ ᠢ ᠪᠠᠯᠭᠡᠳᠡᠳᠡᠭ᠌ ᠢ ᠵᠠᠷᠤᠳ ᠨᠤᠳᠤᠭ ᠤᠨ ᠠᠮᠢᠳᠤᠷᠠᠯ ᠳᠤᠮᠳᠠ ᠡᠴᠡ ᠠᠵᠢᠭᠯᠠᠵᠤ ᠭᠠᠷᠤᠨ᠎ᠠ᠃

ᠵᠠᠷᠤᠳ ᠤᠨ ᠭᠠᠵᠠᠷ ᠣᠰᠤᠨ ᠤ ᠨᠠᠷ᠎ᠠ ᠳᠤ〈ᠪᠣᠷᠤ ᠳᠤᠯᠤᠭᠠᠢ᠂ ᠵᠡᠭᠦᠨ ᠪᠣᠷᠤ᠂ ᠪᠣᠷᠤ ᠬᠤᠰᠢᠭᠤ᠂ ᠪᠣᠷᠤ ᠦᠨᠳᠦᠷ᠂ ᠪᠣᠷᠤ ᠣᠰᠤᠨ ᠨᠠᠭᠤᠷ᠂ ᠭᠦᠷᠢᠶᠡᠨ ᠪᠣᠷᠤ ᠳᠠᠯ᠎ᠠ᠂ ᠰᠠᠬᠠᠯᠳᠤ ᠶᠢᠨ ᠪᠣᠷᠤ ᠳᠠᠯ᠎ᠠ᠂ ᠪᠣᠷᠤ ᠮᠤᠷᠢ ᠶᠢᠨ ᠠᠭᠤᠯᠠ᠂ ᠪᠣᠷᠤ ᠵᠢᠷᠦᠭᠡ ᠶᠢᠨ ᠠᠷᠤ ᠶᠢᠨ ᠳᠠᠪᠠᠭ᠎ᠠ᠂ ᠪᠣᠷᠤ ᠵᠢᠷᠦᠭᠡ〉 ᠭᠡᠭᠦ ᠮᠠᠳᠤ ᠪᠠᠷ ᠨᠠᠯᠢᠶᠠᠤᠨ ᠭᠡᠳᠤᠨ ᠪᠣᠷᠤ ᠥᠩᠭᠡ ᠪᠠᠷ ᠨᠡᠷᠡᠯᠡᠭ᠍ᠰᠡᠨ ᠨᠠᠷᠠᠰ ᠢᠯᠠᠷᠠᠵᠠᠢ᠃ ᠡᠳᠡᠭᠡᠷ ᠨᠢ ᠪᠦᠷ ᠨᠤᠳᠤᠭ ᠤᠨ ᠮᠤᠩᠭ᠋ᠤᠯᠴᠤᠳ ᠤᠨ ᠰᠢᠨ᠎ᠠ ᠣᠶᠤᠨ ᠤ ᠳᠠᠯᠠᠰᠳᠤ ᠪᠣᠯᠬᠤ ᠶᠤᠰᠤᠳᠠᠢ᠂ ᠡᠭᠦᠨ ᠳᠤ 《ᠪᠣᠷᠤ ᠵᠢᠷᠦᠭᠡ》 ᠪᠠᠷ ᠨᠡᠷᠡᠯᠡᠭ᠍ᠰᠡᠨ ᠨᠠᠷ᠎ᠠ ᠭᠡᠳᠤ ᠭᠡᠳᠤ ᠪᠠᠢ᠌ᠬᠤ ᠨᠢ ᠨᠠᠩ ᠴᠤ ᠮᠤᠩᠭ᠋ᠤᠯᠴᠤᠳ ᠤᠨ ᠮᠠᠨᠢ ᠰᠢᠨ᠎ᠠ ᠦᠶ᠎ᠡ ᠳᠤ ᠵᠤᠭᠢᠴᠠᠭᠰᠠᠨ ᠣᠷᠠᠨ ᠰᠡᠳᠭᠢᠭᠦᠢ ᠶᠢ ᠬᠠᠷᠠᠭᠤᠯᠵᠤ ᠪᠣᠢ᠃

(ᠬᠤᠶᠠᠷ) ᠳᠤᠭᠠᠨ ᠤ ᠪᠠᠯᠭᠡᠳᠡᠯ

《ᠳᠤᠭ᠎ᠠ ᠪᠣᠯ ᠭᠠᠭᠴᠠ ᠭᠦ ᠭᠡᠮᠵᠢᠶ᠎ᠡ ᠶᠢ ᠪᠣᠰᠤ᠂ ᠪᠠᠰᠠ ᠤᠳᠬ᠎ᠠ᠂ ᠭᠦᠴᠤᠨ ᠴᠢᠳᠠᠯ ᠢ ᠢᠯᠡᠷᠭᠡᠢ᠌ᠯᠡᠳᠡᠭ᠌᠃ ᠣᠯᠠᠮᠵᠢᠯᠠᠯᠳᠤ ᠰᠤᠶᠤᠯ ᠰᠡᠳᠬᠢᠯᠭᠡᠨ ᠳᠤ ᠶᠠᠭᠤᠮ᠎ᠠ ᠥᠵᠡᠭ᠍ᠳᠡᠯ᠂ ᠣᠢ᠌ᠯᠠ ᠭᠡᠷᠡᠭ᠌ ᠤᠨ ᠦᠨᠡᠨ ᠮᠦᠨ ᠢ ᠭᠦᠷᠦᠯᠴᠡᠨ ᠣᠢ᠌ᠯᠠᠭᠠᠬᠤ ᠶᠠᠷᠤ ᠪᠢᠰᠢ ᠶᠢᠨ ᠭᠠᠢ᠌ᠬᠠᠯᠳᠠᠢ ᠣᠴᠢᠷ ᠬᠤᠯᠪᠣᠭᠳᠠᠯ ᠲᠡᠶ ᠵᠣᠢ᠌ᠯ ᠪᠠᠢ᠌ᠳᠠᠭ᠃ ᠳᠤᠭ᠎ᠠ ᠪᠣᠯᠭᠠᠨ ᠪᠠᠯᠭᠡᠳᠡᠯ ᠤᠨ ᠳᠠᠪᠳᠠᠰᠢ ᠦᠭᠡᠶ ᠪᠣᠳᠠᠭᠠᠯᠢ ᠴᠢᠨᠠᠷᠳᠠᠢ ᠭᠢᠭᠡᠳ ᠳᠠᠳᠠᠨ ᠤ ᠡᠨᠡ ᠭᠦ ᠦᠨ᠎ᠡ ᠴᠠᠨ᠎ᠠ ᠶᠢ ᠳᠤᠭᠠᠨ ᠤ ᠣᠬᠠᠭᠠᠨ ᠪᠣᠰᠤ᠂ ᠪᠠᠯᠭᠡᠳᠡᠯ ᠵᠦᠢ ᠶᠢᠨ ᠣᠬᠠᠭᠠᠨ ᠯᠠ ᠭᠠᠷᠭᠠᠨ ᠢᠯᠡᠷᠭᠡᠢ᠌ᠯᠡᠵᠤ ᠴᠢᠳᠠᠨ᠎ᠠ [3] (P.17)》 ᠭᠡᠵᠤ ᠰ·ᠳᠤᠯᠮ᠎ᠠ ᠵᠢᠭᠠᠨ ᠭᠠᠷᠭᠠᠭᠰᠠᠨ ᠶᠤᠮ᠃

ᠮᠤᠩᠭ᠋ᠤᠯᠴᠤᠤᠳ ᠰᠤᠶᠤᠯ ᠰᠡᠳᠭᠢᠭᠦᠢ ᠶᠢᠨ ᠦᠪᠡᠷᠮᠢᠴᠠ ᠰᠢᠠᠵᠢ᠂ ᠱᠠᠰᠢᠨ ᠰᠤᠷᠳᠠᠬᠤᠨ᠂ ᠣᠭᠰᠠᠭ᠎ᠠ ᠵᠦᠢ ᠵᠡᠷᠭᠡ ᠶᠢᠨ ᠰᠢᠯᠳᠠᠭᠠᠨ ᠡᠴᠡ ᠪᠣᠯᠵᠤ᠂ 《ᠭᠤᠷᠪᠠ》 ᠪᠠ 《ᠶ‍ᠢᠰᠤ》 ᠶ᠋ᠢᠨ ᠳᠤᠭ᠎ᠠ ᠶᠢ ᠣᠠᠴᠠ ᠡᠷᠭᠢᠮᠯᠡᠳᠡᠭ᠌ ᠪᠠᠢ᠌ᠭᠰᠠᠨ ᠶᠤᠮ᠃ ᠡᠳᠦᠷ ᠳᠤᠳᠤᠮ ᠤᠨ ᠠᠮᠢᠳᠤᠷᠠᠯ ᠳᠤᠮᠳᠠ ᠨᠠᠢ᠌ᠷ ᠤᠨ 《ᠭᠤᠷᠪᠠᠨ》 ᠬᠤᠠᠳᠠᠭ᠎ᠠ ᠠᠷᠢᠭᠢ᠂ ᠡᠷ᠎ᠡ ᠶᠢᠨ ᠭᠤᠷᠪᠠᠨ ᠨᠠᠭᠠᠳᠤᠮ᠂ ᠡᠷ᠎ᠡ ᠶᠢᠨ ᠮᠠᠯᠵᠢᠶ᠎ᠠ ᠭᠤᠷᠪᠠ᠂ ᠶ‍ᠢᠰᠤᠨ ᠪᠠᠳᠠᠭ ᠢᠷᠦᠭᠡᠯ᠂ ᠶᠠᠷᠠ ᠶ‍ᠢᠰᠤᠨ ᠳᠡᠭ᠍ᠷᠢ ᠭᠡᠭᠦ ᠮᠠᠳᠤ ᠪᠠᠷ ᠨᠠᠢ᠌ᠳᠠᠮ ᠤᠨ ᠴᠢᠨᠠᠷ ᠲᠡᠶ ᠪᠠᠯᠭᠡᠳᠡᠨ ᠭᠡᠷᠡᠭᠯᠡᠳᠡᠭ᠌᠃ ᠣᠳᠤ ᠪᠣᠯᠵᠤ ᠢᠷᠡᠭᠡᠳ 《ᠭᠤᠷᠪᠠ》 ᠪᠠ 《ᠶ‍ᠢᠰᠤ》 ᠡᠴᠡ ᠪᠣᠰᠤᠳ ᠳᠤᠭ᠎ᠠ ᠶᠢ ᠴᠤ ᠪᠠᠯᠭᠡᠳᠡᠯ ᠰᠠᠨᠠᠭ᠎ᠠ ᠪᠦᠭᠦᠢ ᠤᠳᠬ᠎ᠠ ᠪᠠᠷ ᠭᠡᠷᠡᠭᠯᠡᠭᠦ ᠪᠣᠯᠵᠠᠢ᠂ ᠡᠭᠦᠨ ᠢ ᠰ·ᠳᠤᠯᠮ᠎ᠠ ᠶᠢᠨ ᠰᠤᠳᠤᠯᠤᠯ ᠭᠦᠨ ᠭᠡᠷᠡᠴᠢᠯᠡᠵᠤ ᠪᠠᠢ᠌ᠨ᠎ᠠ᠃

ᠵᠢᠱᠢᠶᠠᠯᠠᠪᠠᠯ ᠄ ᠭᠠᠭᠴᠠ ᠬᠠᠳᠠ᠂ ᠳᠠᠪᠣ ᠭᠤᠤᠨᠢ ᠶᠢᠨ ᠠᠢ᠌ᠯ᠂ ᠬᠤᠤᠰ ᠭᠦᠮᠤᠨ ᠤ ᠵᠤᠭᠰᠤᠭᠠᠯ (ᠬᠠᠮᠳᠤ ᠶᠢᠨ ᠭᠦᠴᠤᠨ ᠴᠢᠳᠠᠯ ᠶᠡᠭᠡ ᠪᠣᠯᠬᠤ ᠶᠢ ᠭᠦᠰᠡᠮᠵᠢᠯᠡᠵᠡᠢ)᠂ ᠬᠤᠶᠠᠷᠬᠤᠧᠨ᠂ ᠬᠤᠶᠠᠷ ᠬᠤᠳᠳᠤᠭ᠂ ᠬᠤᠶᠠᠷ ᠠᠭᠤᠯᠠ ᠶᠢᠨ ᠬᠠᠳᠠ (ᠢᠳᠡᠷᠡᠭᠦᠨ ᠰᠦᠷᠯᠢᠭ᠌ ᠢ ᠪᠠᠯᠭᠡᠳᠡᠵᠡᠢ)᠂ ᠭᠤᠷᠪᠠᠨ ᠳᠠᠪᠠᠭ᠎ᠠ᠂ ᠭᠤᠷᠪᠠᠨ ᠮᠤᠳᠤ᠂ ᠭᠤᠷᠪᠠᠨ ᠣᠷᠤᠢ᠂ ᠭᠤᠷᠪᠠᠨ ᠭᠤᠵᠦᠩ᠂ ᠭᠤᠷᠪᠠᠨ ᠴᠠᠭᠠᠨ ᠦᠷᠦᠭᠡ᠂ ᠳᠦᠷᠪᠠᠨ ᠭᠡᠷ᠂ ᠰᠧ ᠯᠢᠶᠠᠨ ᠳᠠᠪᠠᠭ᠎ᠠ᠂ ᠳᠦᠷᠪᠠᠨ ᠬᠤᠷᠤᠭᠤᠳᠤ ᠠᠭᠤᠯᠠ᠂ ᠳᠠᠪᠤᠨ ᠭᠡᠷ ᠤᠨ ᠳᠠᠯ᠎ᠠ᠂ ᠳᠠᠪᠤᠨ ᠮᠤᠳᠤ᠂ ᠵᠢᠷᠭᠤᠭᠠᠨ ᠵᠢᠯᠠᠭ᠎ᠠ ᠶᠢᠨ ᠭᠦᠡᠳᠡᠢ᠂ ᠳᠤᠯᠤᠭᠠᠨ ᠢᠯᠠᠮᠠᠨ ᠭᠤᠤ᠂ ᠨᠢ᠋ᠮᠠᠨ ᠭᠡᠭᠡᠨ᠂ ᠨᠢ᠋ᠮᠠᠨ ᠡᠳᠦᠷ ᠤᠨ ᠭᠠᠵᠠᠷ᠂ ᠨᠢ᠋ᠮᠠᠨ ᠰᠢᠷᠭ᠎ᠠ᠂ ᠮᠢᠩᠭ᠋ᠠᠨ (ᠠᠯᠢ ᠨᠢᠭᠡᠨ ᠳᠤᠮᠤ ᠪᠦᠭᠦᠯᠢ ᠳᠤᠭ᠎ᠠ ᠳᠤ ᠭᠦᠷᠪᠠᠯ ᠣᠴᠢᠷ ᠶᠠᠪᠣᠳᠠᠯ ᠰᠢᠭᠤᠳ ᠰᠢᠯᠤᠭᠤᠨ ᠪᠣᠯᠬᠤ ᠪᠣᠶᠤ ᠶᠠᠮᠠᠷ ᠨᠢᠭᠡᠨ ᠭᠠᠢ᠌ᠬᠠᠮᠰᠢᠭ ᠡᠭᠦᠰᠭᠦ ᠪᠠᠷ ᠥᠵᠡᠳᠡᠭ᠌)ᠭᠡᠷᠳᠤ᠂ ᠵᠢᠷᠠᠨ᠂ ᠨᠠᠶᠠᠠᠳᠠ ᠭᠡᠭᠦ ᠨᠠᠷᠠᠰ ᠨᠢ ᠳᠠᠷᠤᠢ ᠳᠤᠭᠠᠨ ᠤ ᠪᠠᠯᠭᠡᠳᠡᠯ ᠤᠨ ᠪᠣᠳᠠᠳᠤ ᠢᠯᠠᠷᠠᠯ ᠮᠦᠨ᠃

(ᠭᠤᠷᠪᠠ) ᠭᠦᠮᠤᠨ ᠤ ᠨᠠᠷ᠎ᠠ ᠶᠢᠨ ᠪᠠᠯᠭᠡᠳᠡᠯ

ᠵᠠᠷᠤᠳ ᠤᠨ ᠭᠠᠵᠠᠷ ᠣᠰᠤᠨ ᠤ ᠨᠠᠷ᠎ᠠ ᠳᠤ ᠭᠦᠮᠤᠨ ᠤ ᠨᠠᠷ᠎ᠠ ᠪᠠᠷ ᠨᠡᠷᠡᠯᠡᠭ᠍ᠰᠡᠨ ᠭᠠᠵᠠᠷ ᠣᠰᠤᠨ ᠤ ᠨᠠᠷ᠎ᠠ ᠨᠠᠯᠢᠶᠠᠤᠨ ᠣᠯᠠᠨ ᠪᠠᠢ᠌ᠵᠤ᠂ ᠳᠡᠳᠡᠭᠡᠷ ᠭᠦᠮᠦᠰ ᠢ ᠴᠠᠭ ᠢᠮᠠᠭᠳᠠ ᠳᠤᠷᠠᠰᠤᠨ ᠰᠠᠨᠠᠭᠠᠯᠵᠠᠵᠤ᠂ ᠳᠠᠳᠠᠨᠤᠰ ᠤᠨ ᠣᠢ᠌ᠯᠠ ᠠᠵᠢᠯᠯᠠᠭ᠎ᠠ ᠪᠠ ᠵᠤᠷᠢᠭ ᠰᠠᠨᠠᠭ᠎ᠠ ᠶᠢ ᠦᠶ᠎ᠡ ᠶᠢᠨ ᠦᠶ᠎ᠡ ᠵᠠᠯᠭᠠᠮᠵᠢᠯᠠᠨ ᠣᠯᠠᠮᠵᠢᠯᠠᠵᠤ᠂ ᠬᠤᠵᠢᠮ ᠤᠨ ᠠᠮᠢᠳᠤᠷᠠᠯ ᠶᠢᠡᠨ ᠨᠠᠩ ᠪᠠᠶᠠᠯᠢᠭ ᠳᠠᠩᠰᠤᠭ᠂ ᠵᠤᠯ ᠵᠢᠷᠭᠠᠯ ᠲᠡᠶ ᠪᠣᠯᠭᠠᠬᠤ ᠶᠢ ᠭᠦᠰᠡᠨ ᠪᠠᠯᠭᠡᠳᠡᠭ᠍ᠰᠡ ᠪᠣᠶᠤ ᠵᠠᠷᠢᠮ ᠭᠡᠨᠡᠨ ᠣᠢ᠌ᠯᠠ ᠭᠡᠷᠡᠭ᠌ ᠭᠢᠭ᠍ᠰᠡᠨ ᠭᠦᠮᠦᠰ ᠤᠨ ᠨᠠᠷ᠎ᠠ ᠪᠠᠷ ᠨᠠᠷᠠᠯᠠᠵᠤ᠂ ᠬᠣᠢ᠌ᠴᠢ ᠦᠶ᠎ᠡ ᠶᠢᠨ ᠭᠢᠨ ᠳᠤ ᠴᠡᠭᠡᠷᠯᠡᠯ ᠥᠵᠡᠭᠦᠯᠵᠤ᠂ ᠠᠮᠢ ᠨᠠᠰᠤ ᠪᠠᠨ ᠨᠠᠠᠳᠢᠩᠨᠠᠵᠤ᠂ ᠠᠵᠤ ᠠᠮᠢᠳᠤᠷᠠᠯ ᠶᠢᠡᠨ ᠡᠷᠭᠦᠵᠤ ᠶᠠᠪᠣᠬᠤ ᠶᠢ ᠭᠦᠰᠡᠨ ᠡᠷᠡᠮᠡᠯᠵᠡᠭ᠍ᠰᠡᠨ ᠪᠠᠢ᠌ᠳᠠᠭ᠃

ᠪᠠᠶᠠᠨ ᠴᠠᠭᠠᠨ ᠄ ᠨᠤᠳᠤᠭ ᠣᠰᠤ ᠪᠠᠨ ᠬᠠᠮᠠᠭᠠᠯᠠᠵᠤ ᠶᠠᠪᠣᠭᠰᠠᠨ ᠨᠤᠳᠤᠭ ᠤᠨ ᠪᠠᠭᠠᠳᠤᠷ ᠮᠦᠨ᠂ ᠳᠡᠭᠡᠭᠦ ᠪᠠᠷ ᠠᠢ᠌ᠯ ᠤᠨ ᠨᠠᠷ᠎ᠠ ᠶᠢ ᠳᠡᠭᠦᠨ ᠶᠢᠡᠷ ᠰᠢᠭᠤᠳ ᠨᠠᠷᠠᠯᠠᠵᠤ᠂ ᠨᠤᠳᠤᠭ ᠲᠠᠭᠠᠨ ᠭᠠᠪᠢᠶ᠎ᠠ ᠵᠢᠳᠭᠦᠯ ᠲᠡᠶ ᠶᠢ ᠳᠤᠷᠠᠰᠤᠨ ᠶᠠᠪᠣᠬᠤ ᠶᠢᠨ ᠬᠠᠮᠳᠤ ᠳᠡᠭᠦᠨ ᠤ ᠢᠳᠠ ᠭᠦᠴᠤ᠂ ᠡᠷᠡᠯᠭᠡᠭ᠌ ᠪᠠᠭᠠᠳᠤᠷ ᠢ ᠲᠠᠭᠠᠨ ᠰᠤᠷᠤᠯᠴᠠᠵᠤ᠂ ᠨᠤᠳᠤᠭ ᠣᠰᠤ ᠪᠠᠨ ᠣᠯᠠᠮ ᠭᠦᠭ᠍ᠵᠢᠭᠦᠯᠦᠨ᠎ᠡ ᠭᠡᠰᠡᠨ ᠴᠠᠭᠠᠪᠣᠷ ᠪᠣᠳᠤᠯ ᠤᠨ ᠭᠦᠰᠡᠯ ᠮᠦᠨ᠃

ᠳ᠋ᠠᠢ᠌ᠰᠢᠶᠤᠤ ᠶᠢᠨ ᠴᠡᠭᠡᠯ ᠄ ᠳ᠋ᠠᠢ᠌ᠰᠢᠶᠤᠤ ᠭᠡᠳᠡᠭ᠌ ᠡᠮᠡᠭ᠍ᠳᠡᠢ ᠶᠢᠨ ᠭᠡᠨᠡᠨ ᠪᠣᠳᠤᠯ ᠡᠴᠡ ᠠᠮᠢ ᠪᠠᠨ ᠬᠤᠷᠤᠭᠠᠭᠰᠠ ᠭᠠᠵᠠᠷ᠂ ᠡᠨᠡ ᠨᠢ ᠳᠠᠷᠤᠢ ᠴᠡᠭᠡᠷᠯᠡᠯ ᠤᠨ ᠡᠭᠦᠳᠡᠨ ᠡᠴᠡ ᠨᠡᠷᠡᠯᠡᠭ᠍ᠰᠡᠨ ᠶᠤᠮ᠃

ᠮᠦᠯᠠᠨ ᠳᠠᠪᠠᠭ᠎ᠠ ᠄ ᠠᠵᠢᠯ ᠠᠮᠢᠳᠤᠷᠠᠯ ᠳᠤ ᠪᠠᠨ ᠭᠠᠷᠮᠠᠭᠠᠢ ᠮᠦᠯᠠᠨ ᠨᠥᠭᠦᠷ ᠶᠢᠡᠷ ᠨᠠᠷᠠᠯᠠᠵᠤ᠂ ᠣᠯᠠᠨ ᠤ ᠰᠠᠢ᠌ᠨ ᠳᠠᠭᠠᠭᠤᠯᠤᠭᠴᠢ ᠪᠠᠨ ᠲᠠᠭᠠᠨ ᠣᠷᠤᠭᠰᠢᠯᠠᠨ᠎ᠠ ᠭᠡᠰᠡᠨ ᠭᠡᠭᠦᠳᠡᠭ᠌ ᠳᠦᠭᠦᠷᠡᠩ ᠢᠳᠡᠭᠡᠯ ᠶᠢᠡᠨ ᠳᠠᠯᠪᠢᠭᠰᠠᠨ ᠶᠤᠮ᠃

ᠡᠳᠡᠭᠡᠷ ᠡᠴᠡ ᠪᠣᠰᠤᠳ ᠪ᠊·ᠵᠠᠯᠠᠨ ᠤ ᠮᠠᠩᠬ᠎ᠠ (ᠪ᠊·ᠵᠠᠯᠠᠨ ᠤ ᠣᠳᠠᠭᠠᠨ ᠡᠳᠦᠷ ᠵᠠᠮᠨᠠᠭᠰᠠᠨ ᠮᠠᠩᠬ᠎ᠠ)᠂ ᠳᠠᠮᠠᠷᠤ ᠶᠢᠨ ᠮᠠᠩᠬ᠎ᠠ᠂ ᠪᠠᠭᠠᠰᠤᠳᠤ ᠣᠪᠣᠭ᠎ᠠ᠂ ᠡᠩᠬᠡ ᠶᠢᠨ ᠣᠪᠣᠭ᠎ᠠ᠂ ᠪᠠᠷᠳᠠᠢ ᠶᠢᠨ ᠣᠪᠣᠭ᠎ᠠ᠂ ᠷᠠᠰᠢᠨᠢᠮ᠎ᠠ ᠶᠢᠨ ᠨᠠᠭᠤᠷ᠂ ᠮᠠᠨ ᠯᠢᠶᠠᠩ ᠤᠨ ᠨᠠᠭᠤᠷ᠂ ᠣᠩᠭ᠋ᠤᠷᠬᠠᠢ ᠰᠢᠷᠤᠪ᠂ ᠳᠡᠭᠦᠰ ᠤᠨ ᠪᠣᠷᠤ᠂ ᠳᠠᠯᠠᠠᠳᠠᠢ ᠶᠢᠨ ᠴᠠᠭᠠᠨ᠂ ᠴᠠᠯᠮ᠎ᠠ ᠶᠢᠨ ᠴᠠᠭ᠎ᠠ᠂ ᠧᠹᠦ᠋ ᠶᠢᠨ ᠵᠢᠯᠠᠭ᠎ᠠ᠂ ᠵᠢᠮᠪᠠ ᠶᠢᠨ ᠳᠠᠪᠠᠭ᠎ᠠ᠂ ᠪᠣᠯᠤᠴᠢᠯᠠᠭᠤ ᠶᠢᠨ ᠳᠠᠯ᠎ᠠ (ᠳᠠᠯ᠎ᠠ ᠳᠦᠭᠦᠷᠡᠩ ᠳᠠᠪᠤᠨ ᠬᠤᠰᠢᠭᠤ ᠮᠠᠯ ᠶᠢᠡᠨ ᠪᠠᠯᠴᠢᠭᠡᠷᠯᠡᠭᠦᠯᠵᠤ᠂ ᠪᠠᠶᠠᠨ ᠳᠠᠩᠰᠤᠭ ᠠᠮᠢᠳᠤᠷᠠᠯ ᠢ ᠪᠠᠢ᠌ᠭᠤᠯᠤᠭᠰᠠᠨ ᠪᠣᠯᠤᠴᠢᠯᠠᠭᠤ)᠂ ᠰᠠᠠᠳᠠᠭ ᠤᠨ ᠭᠠᠩᠭ᠋᠎ᠠ᠂ ᠮᠥᠩᠭᠡ ᠶᠢᠨ ᠨᠠᠭᠤᠷ᠂ ᠰᠦᠩ ᠳ᠋ᠠ ᠶᠢᠨ ᠳᠠᠪᠠᠭ᠎ᠠ ᠭᠡᠭᠦ ᠮᠠᠳᠤ ᠪᠠᠷ ᠨᠠᠯᠢᠶᠠᠤᠨ ᠣᠯᠠᠨ ᠪᠠᠯᠭᠡᠳᠡᠯ ᠤᠳᠬ᠎ᠠ ᠲᠡᠶ ᠭᠠᠵᠠᠷ ᠣᠰᠤᠨ ᠤ ᠨᠠᠷ᠎ᠠ ᠪᠠᠢ᠌ᠨ᠎ᠠ᠃ ᠡᠨᠡ ᠨᠢ ᠵᠠᠷᠤᠳ ᠮᠤᠩᠭ᠋ᠤᠯᠴᠤᠳ ᠤᠨ ᠦᠵᠡᠯ ᠰᠠᠨᠠᠭᠠᠨ ᠤ ᠳᠠᠪᠰᠢᠯᠳᠠ ᠪᠠ ᠬᠠᠢ᠌ᠷ᠎ᠠ ᠰᠡᠳᠬᠢᠯᠭᠡ ᠶᠢᠨ ᠣᠠᠳᠤᠷᠤᠯ ᠢ ᠣᠯᠠᠮ ᠨᠢᠭᠡ ᠠᠯᠬᠤᠮ ᠢᠯᠡᠷᠡᠭᠦᠯᠦᠭ᠍ᠰᠡᠨ ᠪᠠᠢ᠌ᠨ᠎ᠠ᠃

ᠬᠤᠶᠠᠷ᠂ ᠵᠠᠷᠤᠳ ᠬᠤᠰᠢᠭᠤᠨ ᠤ ᠭᠠᠵᠠᠷ ᠣᠰᠤᠨ ᠤ ᠨᠠᠷ᠎ᠠ ᠳ᠋ᠠᠭᠢ ᠱᠠᠰᠢᠨ ᠤ ᠰᠤᠶᠤᠯ

ᠱᠠᠰᠢᠨ ᠰᠤᠷᠳᠠᠬᠤᠨ ᠪᠣᠯ ᠭᠦᠮᠤᠨ ᠳᠦᠷᠤᠯᠭᠢᠳᠠᠨ ᠤ ᠨᠡᠢ᠌ᠭᠡᠮ ᠭᠦᠭ᠍ᠵᠢᠭᠡᠳ ᠵᠤᠭᠢᠬᠤ ᠨᠢᠭᠡ ᠱᠠᠳᠤ ᠦᠶ᠎ᠡ ᠳᠤ ᠭᠦᠷᠦᠭ᠍ᠰᠡᠨ ᠦᠶ᠎ᠡ ᠳᠤ ᠪᠣᠢ ᠪᠣᠯᠤᠭᠰᠠᠨ ᠨᠢᠭᠡ ᠵᠣᠢ᠌ᠯ ᠤᠨ ᠰᠤᠶᠤᠯ ᠤᠨ ᠥᠵᠡᠭ᠍ᠳᠡᠯ ᠮᠦᠨ᠃ ᠳᠠᠷᠠ ᠨᠢ ᠪᠣᠳᠠᠳᠤ ᠶ‍ᠢᠷᠳᠢᠠᠴᠤ ᠶᠢᠨ ᠭᠠᠳᠠᠨ᠎ᠠ ᠪᠠᠢ᠌ᠭᠠᠯᠢ ᠡᠴᠡ ᠳᠠᠪᠠᠭᠰᠠᠨ ᠨᠢᠭᠤᠴᠠ ᠭᠦᠴᠤᠨ ᠪᠣᠶᠤ ᠪᠣᠳᠠᠳᠤ ᠪᠠᠶ᠎ᠠ ᠪᠠᠢ᠌ᠬᠤ ᠶᠢ ᠢᠳᠡᠭᠡᠵᠤ᠂ ᠳᠤᠰ ᠨᠢᠭᠤᠴᠠ ᠭᠦᠴᠤᠨ ᠨᠢ ᠬᠠᠷᠢᠴᠠᠯᠠᠰᠢ ᠦᠭᠡᠶ ᠡᠷᠭᠡ ᠮᠠᠳᠠᠯ ᠲᠡᠶ ᠪᠠᠢ᠌ᠵᠤ᠂ ᠪᠠᠢ᠌ᠭᠠᠯᠢ ᠶᠢᠨ ᠣᠯᠠᠷᠢᠨ ᠬᠤᠪᠢᠰᠬᠤ ᠶᠢ ᠡᠵᠡᠷᠭᠡᠨ ᠵᠠᠭᠢᠷᠴᠤ᠂ ᠭᠦᠮᠤᠨ ᠶ‍ᠢᠷᠳᠢᠠᠴᠤ ᠶᠢᠨ ᠬᠤᠪᠢ ᠵᠠᠶᠠᠭ᠎ᠠ ᠶᠢ ᠳᠤᠭᠳᠠᠭᠠᠳᠠᠭ ᠡᠴᠡ ᠡᠨᠡᠭᠦ ᠨᠢᠭᠤᠴᠠ ᠳᠠᠯᠳᠠ ᠭᠦᠴᠤᠨ ᠢ ᠨᠢᠭᠡᠮᠦᠰᠤᠨ ᠪᠢᠰᠢᠷᠠᠨ ᠭᠦᠡᠳᠦᠳᠭᠡᠵᠤ᠂ ᠴᠢᠨᠠᠭᠰᠢᠯᠠᠨ ᠰᠥᠰᠦᠭᠯᠡᠨ ᠰᠢᠳᠦᠳᠡᠭ᠌ ᠨᠢᠭᠡ ᠵᠣᠢ᠌ᠯ ᠤᠨ ᠣᠢ᠌ᠯᠠ ᠠᠵᠢᠯᠯᠠᠭ᠎ᠠ ᠪᠣᠯᠬᠤ ᠶᠤᠮ [4]᠃

ᠮᠤᠩᠭ᠋ᠤᠯ ᠦᠨᠳᠦᠰᠦᠳᠠᠨ ᠭᠤᠤᠯᠳᠠᠭᠤ ᠪᠦᠭᠡ ᠮᠦᠷᠭᠦᠯ ᠤᠨ ᠱᠠᠰᠢᠨ ᠪᠠ ᠪᠣᠷᠬᠠᠨ ᠤ ᠱᠠᠰᠢᠨ ᠢ ᠰᠢᠳᠦᠳᠡᠭ᠌᠃ ᠵᠠᠷᠤᠳ ᠤᠨ ᠭᠠᠵᠠᠷ ᠣᠰᠤᠨ ᠤ ᠨᠠᠷ᠎ᠠ ᠳᠤ ᠳᠤᠰ ᠬᠤᠶᠠᠷ ᠵᠣᠢ᠌ᠯ ᠤᠨ ᠱᠠᠰᠢᠨ ᠤ ᠰᠤᠶᠤᠯ ᠭᠦᠨ ᠳᠤᠳᠤ ᠠᠭᠤᠯᠤᠭᠳᠠᠵᠤ ᠪᠠᠢ᠌ᠨ᠎ᠠ᠃

(ᠨᠢᠭᠡ) ᠪᠦᠭᠡ ᠶᠢᠨ ᠱᠠᠰᠢᠨ

ᠬᠤᠷᠴᠢᠨ ᠪᠦᠭᠡ ᠮᠦᠷᠭᠦᠯ ᠤᠨ ᠰᠢᠳᠦᠯᠭᠡ ᠳᠠᠭᠢᠯᠭ᠎ᠠ ᠳᠤ ᠲᠦᠮᠡᠨ ᠪᠣᠳᠠᠰ ᠲᠤ ᠰᠦᠨᠠᠰᠤ ᠲᠡᠶ ᠭᠡᠭᠦ ᠦᠵᠡᠯᠳᠠ ᠪᠠᠷ ᠰᠠᠭᠤᠷᠢᠯᠠᠭᠰᠠᠨ ᠪᠠᠢ᠌ᠭᠠᠯᠢᠯᠢᠭ ᠰᠢᠳᠦᠯᠭᠡ᠂ ᠣᠩᠭ᠋ᠤᠳ ᠤᠨ ᠰᠢᠳᠦᠯᠭᠡ᠂ ᠳᠡᠭᠡᠳᠦᠰ ᠤᠨ ᠰᠢᠳᠦᠯᠭᠡ ᠶᠢᠨ ᠣᠯᠠᠮᠵᠢᠯᠠᠯ ᠬᠠᠳᠠᠭᠠᠯᠠᠭᠳᠠᠵᠤ ᠪᠣᠢ᠃ ᠵᠠᠷᠤᠳ ᠬᠤᠰᠢᠭᠤᠨ ᠤ ᠨᠢᠭᠡ ᠪᠦᠯᠦᠭ᠌ ᠭᠠᠵᠠᠷ ᠣᠰᠤᠨ ᠤ ᠨᠠᠷ᠎ᠠ ᠳᠤ ᠪᠦᠭᠡ ᠮᠦᠷᠭᠦᠯ ᠤᠨ ᠰᠢᠳᠦᠯᠭᠡ ᠳᠠᠭᠢᠯᠭ᠎ᠠ ᠶᠢᠨ ᠰᠤᠶᠤᠯ ᠭᠦᠨ ᠨᠠᠪᠴᠢᠵᠤ᠂ ᠱᠠᠰᠢᠨ ᠤ ᠰᠤᠶᠤᠯ ᠤᠨ ᠣᠯᠠ ᠮᠦᠷ ᠢ ᠬᠠᠷᠠᠭᠳᠠᠭᠤᠯᠤᠭᠰᠠᠨ ᠪᠠᠢ᠌ᠨ᠎ᠠ᠃

⒈ ᠳᠡᠭ᠍ᠷᠢ ᠶᠢᠨ ᠰᠢᠳᠦᠯᠭᠡ

ᠳᠡᠭ᠍ᠷᠢ ᠪᠣᠯ ᠪᠦᠭᠡ ᠮᠦᠷᠭᠦᠯ ᠤᠨ ᠭᠤᠤᠯ ᠰᠢᠳᠦᠭᠡᠨ᠂ ᠳᠡᠭ᠍ᠷᠢ ᠶᠢᠨ ᠳᠠᠭᠢᠯᠭ᠎ᠠ ᠪᠣᠯ ᠪᠦᠭᠡ ᠶᠢᠨ ᠴᠢᠬᠤᠯᠠ ᠨᠢᠭᠡᠨ ᠳᠠᠭᠢᠯᠭ᠎ᠠ ᠪᠣᠯᠤᠨ᠎ᠠ᠃ ᠳᠡᠭ᠍ᠷᠢ ᠶᠢᠨ ᠳᠠᠭᠢᠯᠭ᠎ᠠ ᠳᠤ ᠳᠤᠯᠤᠭᠠᠨ ᠰᠠᠷ᠎ᠠ ᠶᠢᠨ ᠳᠠᠭᠢᠯᠭ᠎ᠠ᠂ ᠬᠤᠠᠳᠠᠨ ᠤ ᠬᠤᠷ᠎ᠠ ᠭᠤᠶᠤᠬᠤ ᠳᠡᠭ᠍ᠷᠢ ᠳᠠᠭᠢᠯᠭ᠎ᠠ᠂ ᠳᠡᠭ᠍ᠷᠢ ᠶᠢᠨ ᠭᠡᠰᠢᠭ᠌ ᠳᠠᠯᠠᠯᠬᠤ ᠳᠠᠭᠢᠯᠭ᠎ᠠ᠂ ᠯᠠ ᠰᠠᠷ᠎ᠠ ᠶᠢᠨ ᠬᠤᠷᠢᠨ ᠭᠤᠷᠪᠠᠨ ᠤ ᠳᠠᠭᠢᠯᠭ᠎ᠠ᠂ ᠴᠠᠭᠠᠨ ᠰᠠᠷ᠎ᠠ ᠶᠢᠨ ᠰᠢᠨ᠎ᠠ ᠶᠢᠨ ᠨᠢᠭᠡᠨ ᠤ ᠳᠠᠭᠢᠯᠭ᠎ᠠ ᠵᠡᠷᠭᠡ ᠪᠣᠢ [5] (P.508)᠃

ᠵᠠᠷᠤᠳ ᠬᠤᠰᠢᠭᠤᠨ ᠤ ᠰᠠᠭᠢᠭᠤᠯᠰᠤᠨ ᠠᠭᠤᠯᠠ᠂ ᠣᠬᠤᠨ᠎ᠠ (ᠰᠠᠭᠢᠭᠤᠯᠰᠤᠨ ᠭᠡᠵᠤ ᠥᠵᠡᠳᠡᠭ᠌) ᠶ᠋ᠢᠨ ᠳᠠᠪᠠᠭ᠎ᠠ᠂ ᠯᠤᠤᠰ ᠤᠨ ᠠᠭᠤᠯᠠ ᠵᠡᠷᠭᠡ ᠪᠣᠯ ᠳᠠᠷᠤᠢ ᠳᠡᠭ᠍ᠷᠢ ᠶᠢᠨ ᠳᠠᠭᠢᠯᠭ᠎ᠠ ᠭᠢᠳᠡᠭ᠌ ᠭᠠᠵᠠᠷ ᠶᠤᠮ᠃ ᠳᠠᠠᠳᠠᠭᠢ ᠮᠤᠩᠭ᠋ᠤᠯᠴᠤᠳ ᠪᠦᠭᠡ ᠵᠠᠯᠠᠵᠤ᠂ ᠡᠳᠦᠷ ᠬᠤᠨᠤᠭ ᠰᠤᠩᠭ᠋ᠤᠭᠠᠤᠨ᠂ ᠬᠤᠷ᠎ᠠ ᠭᠤᠶᠤᠬᠤ ᠳᠠᠭᠢᠯᠭ᠎ᠠ ᠪᠣᠶᠤ ᠳᠡᠭ᠍ᠷᠢ ᠶᠢᠨ ᠭᠡᠰᠢᠭ᠌ ᠳᠠᠯᠠᠯᠬᠤ ᠳᠠᠭᠢᠯᠭ᠎ᠠ ᠭᠢᠨ᠎ᠠ᠂ ᠪᠦᠭᠦᠢᠯᠡ ᠳᠠᠭᠢᠯᠭ᠎ᠠ ᠶᠢᠨ ᠠᠵᠢᠯᠯᠠᠭ᠎ᠠ ᠶᠢ ᠳᠠᠭᠠᠭᠠᠴᠢᠯᠠᠭᠴᠢ ᠪᠦᠭᠡ ᠡᠭᠦᠷᠭᠡᠯᠡᠵᠤ᠂ 《ᠭᠡᠰᠢᠭ᠌ ᠤᠨ ᠰᠤᠮᠤ》 ᠪᠠᠨ ᠳᠤᠯᠤᠭᠠᠢ ᠳᠡᠭᠡᠷ᠎ᠡ ᠪᠠᠨ ᠭᠦᠡᠳᠡᠯᠡᠨ ᠪᠠᠷᠢᠵᠤ᠂ ᠳᠦᠷᠪᠠᠨ ᠵᠥᠭ᠌ ᠨᠢ᠋ᠮᠠᠨ ᠵᠤᠪᠭᠢᠰ ᠢ ᠡᠵᠡᠯᠡᠭ᠍ᠰᠡᠨ ᠳᠡᠭ᠍ᠷᠢ᠂ ᠳᠤᠯᠤᠭᠠᠨ ᠳᠤᠯᠤᠭ᠎ᠠ ᠳᠦᠴᠢ ᠶ‍ᠢᠰᠤ᠂ ᠶ‍ᠢᠰᠤ ᠶ‍ᠢᠰᠤ ᠨᠠᠶᠠᠨ ᠨᠢᠭᠡ ᠭᠡᠭᠦ ᠮᠠᠳᠤ ᠪᠠᠷ ᠳᠤᠷᠠᠳᠤᠨ ᠵᠠᠯᠠᠵᠤ ᠵᠠᠯᠪᠠᠷᠢᠨ ᠳᠠᠭᠠᠳᠬᠠᠳᠠᠭ᠃ ᠡᠨᠡ ᠦᠶ᠎ᠡ ᠳᠤ ᠭᠦᠮᠦᠰ ᠳᠡᠭ᠍ᠷᠢ ᠳᠤ ᠰᠥᠭᠦᠳᠤᠨ ᠮᠦᠷᠭᠦᠵᠡᠭᠡᠨ᠎ᠡ᠂ ᠡᠭᠦᠨ ᠤ ᠳᠠᠷᠠᠭ᠎ᠠ ᠪᠦᠭᠡ ᠭᠡᠰᠢᠭ᠌ ᠳᠠᠯᠠᠯᠬᠤ ᠳᠤ ᠶ‍ᠢᠰᠤᠨ ᠡᠷᠦᠭᠡ ᠶᠢᠨ ᠨᠠᠰᠤᠳᠠᠤᠨ ᠭᠡᠰᠢᠭ᠌ ᠤᠨ ᠪᠠᠭ᠎ᠠ ᠰᠤᠮᠤ ᠪᠠᠷ ᠢᠳᠡᠭᠡᠨ ᠣᠮᠳᠠᠭᠠᠨ ᠤ ᠵᠣᠢ᠌ᠯᠠᠰ ᠢ ᠳᠡᠭ᠍ᠷᠢ ᠥᠭᠡᠳᠡ ᠰᠠᠴᠤᠨ᠎ᠠ᠂ ᠠᠢ᠌ᠯ ᠣᠯᠠᠨ ᠶᠢᠡᠷ ᠶᠢᠡᠨ ᠠᠮᠤᠰᠤ ᠪᠣᠳᠠᠭ᠎ᠠ ᠢᠳᠡᠵᠡᠭᠡᠨ᠎ᠡ᠃

ᠡᠨᠡᠭᠦ ᠵᠠᠩ ᠣᠢ᠌ᠯᠠ ᠣᠳᠤ ᠪᠣᠯᠳᠠᠯ᠎ᠠ ᠬᠠᠳᠠᠭᠠᠯᠠᠭᠳᠠᠵᠤ ᠪᠠᠢ᠌ᠭ᠎ᠠ ᠨᠢ ᠪᠦᠭᠡ ᠮᠦᠷᠭᠦᠯ ᠤᠨ ᠳᠡᠭ᠍ᠷᠢ ᠶᠢᠨ ᠰᠢᠳᠦᠯᠭᠡ ᠶᠢᠨ ᠰᠤᠶᠤᠯ ᠤᠨ ᠣᠯᠠᠮᠵᠢᠯᠠᠯ ᠢ ᠭᠡᠷᠡᠴᠢᠯᠡᠭᠦ ᠳᠤ ᠴᠢᠬᠤᠯᠠ ᠣᠢ᠌ᠯᠠᠳᠤᠯ ᠥᠵᠡᠭᠦᠯᠵᠤ ᠪᠠᠢ᠌ᠨ᠎ᠠ᠃

⒉ᠣᠪᠣᠭ᠎ᠠ ᠳᠠᠭᠢᠯᠭ᠎ᠠ

ᠣᠪᠣᠭ᠎ᠠ ᠳᠠᠭᠢᠯᠭ᠎ᠠ ᠪᠣᠯ ᠮᠦᠷᠭᠦᠯ ᠳᠠᠭᠢᠯᠭ᠎ᠠ ᠭᠢᠭᠡᠳ ᠡᠷ᠎ᠡ ᠶᠢᠨ ᠭᠤᠷᠪᠠᠨ ᠨᠠᠭᠠᠳᠤᠮ ᠢ ᠣᠶᠠᠯᠳᠤᠭᠤᠯᠤᠭᠰᠠᠨ ᠨᠠᠢ᠌ᠳᠠ ᠶᠢᠨ ᠭᠦᠳᠡᠯᠭᠡᠭᠡᠨ ᠪᠣᠯᠤᠨ᠎ᠠ᠃ ᠣᠪᠣᠭᠠᠨ ᠳᠠᠭᠢᠯᠭ᠎ᠠ ᠳᠤ ᠯᠠᠮᠠ ᠪᠣᠶᠤ ᠪᠦᠭᠡ ᠵᠠᠯᠠᠵᠤ᠂ ᠨᠠᠪᠳᠠᠭ ᠰᠠᠪᠳᠠᠭ ᠢ ᠳᠠᠭᠢᠵᠤ᠂ ᠰᠠᠩ ᠳᠠᠯᠪᠢᠭᠤᠯᠤᠨ᠎ᠠ᠃

ᠣᠪᠣᠭ᠎ᠠ ᠳᠠᠭᠢᠯᠭ᠎ᠠ ᠶᠢ ᠵᠢᠯ ᠪᠦᠷᠢ ᠶᠢᠨ ᠨᠠᠮᠤᠷ ᠡᠪᠠᠰᠤ ᠳᠠᠷᠢᠶ᠎ᠠ ᠬᠠᠳᠤᠬᠤ ᠵᠠᠪᠰᠠᠷ ᠳᠤᠭᠳᠠᠭᠰᠠᠨ ᠡᠳᠦᠷ ᠡᠷᠭᠢᠯᠡᠳᠡᠭ᠌ ᠪᠣᠶᠤ ᠭᠠᠩ ᠬᠠᠭᠰᠠᠷᠠᠭᠠᠨ᠂ ᠭᠠᠢ ᠭᠠᠮᠰᠢᠭ ᠲᠤᠬᠢᠶᠠᠯᠳᠤᠪᠠᠯ ᠡᠷᠭᠢᠯᠡᠨ ᠶᠠᠪᠣᠭᠳᠠᠭᠤᠯᠳᠠᠭ᠃ ᠡ᠊ᠨᠳᠡ ᠵᠠᠷᠤᠳ ᠬᠤᠰᠢᠭᠤᠨ ᠤ ᠭᠡᠳᠤᠨ ᠭᠠᠵᠠᠷ ᠣᠰᠤ ᠪᠠᠷ ᠵᠢᠱᠢᠶ᠎ᠠ ᠥᠵᠡᠭᠦᠯᠦᠶ᠎ᠡ᠃

ᠭᠠᠠᠵᠤᠤᠷ ᠣᠪᠣᠭ᠎ᠠ ᠄ ᠵᠠᠷᠤᠳ ᠬᠤᠰᠢᠭᠤᠨ ᠤ ᠴᠠᠭᠠᠨ ᠳᠡᠮᠡᠭᠡ ᠬᠠᠨ ᠠᠭᠤᠯᠠᠨ ᠤ ᠪᠠᠷᠠᠭᠤᠨ ᠬᠣᠢ᠌ᠳᠤ ᠬᠤᠷᠮᠤᠢ ᠳᠤ ᠪᠠᠢ᠌ᠭ᠎ᠠ ᠳᠤᠮᠤ ᠣᠪᠣᠭ᠎ᠠ ᠪᠣᠯᠤᠨ᠎ᠠ᠃ ᠵᠠᠷᠤᠳ᠂ ᠦᠵᠦᠮᠤᠴᠢᠨ᠂ ᠠᠷᠤ ᠬᠤᠷᠴᠢᠨ ᠭᠤᠷᠪᠠᠨ ᠬᠤᠰᠢᠭᠤᠨ ᠤ ᠮᠠᠯᠴᠢᠳ ᠪᠦᠷ ᠰᠢᠳᠤᠨ ᠳᠠᠭᠢᠳᠠᠭ᠂ ᠡᠳᠡᠭᠡᠷ ᠮᠠᠯᠴᠢᠳ ᠡᠨᠡᠭᠦᠷ ᠥᠩᠭᠡᠷᠡᠭᠦ ᠳᠤ ᠪᠠᠨ ᠮᠤᠷᠢ ᠪᠣᠶᠤ ᠳᠡᠷᠭᠡᠨ ᠡᠴᠡ ᠪᠠᠨ ᠪᠠᠭᠤᠵᠤ᠂ ᠣᠪᠣᠭᠠᠨ ᠳᠡᠭᠡᠷ᠎ᠡ ᠴᠢᠯᠠᠭᠤ ᠨᠠᠮᠠᠵᠤ᠂ ᠣᠪᠣᠭ᠎ᠠ ᠶᠢ ᠨᠠᠷᠠᠨ ᠡᠷᠭᠢᠯᠳᠡ ᠪᠠᠷ ᠭᠤᠷᠪᠠ ᠡᠷᠭᠢᠵᠤ ᠮᠦᠷᠭᠦᠵᠤ ᠰᠥᠰᠦᠭᠯᠡᠳᠡᠭ᠌᠃ ᠣᠳᠠᠭᠠᠨ ᠡᠳᠦᠷ ᠵᠤᠵᠠᠭᠠᠨ ᠬᠤᠨᠤᠭ ᠥᠩᠭᠡᠷᠡᠭ᠍ᠰᠡᠨ ᠳᠤᠯᠠ ᠡᠨᠡ ᠴᠢᠯᠠᠭᠤᠨ ᠣᠪᠣᠭ᠎ᠠ ᠨᠢ ᠭᠦᠷᠢᠶᠡᠨ ᠣᠷᠳᠤ ᠪᠠᠷᠤᠭ 30 ᠮᠸᠲ᠋ᠷ᠂ ᠦᠨᠳᠦᠷ ᠶᠢᠡᠷ ᠶᠢᠡᠨ 3 ᠮᠸᠲ᠋ᠷ ᠪᠣᠯᠵᠤ᠂ ᠣᠯᠠᠨ ᠭᠦᠮᠤᠨ ᠤ ᠮᠦᠷᠭᠦᠯ ᠭᠢᠵᠤ ᠶᠠᠪᠣᠭᠰᠠᠨ ᠴᠤᠪᠣᠭ᠎ᠠ ᠨᠢ ᠨᠢᠭᠡᠨᠲᠡ ᠬᠤᠩᠭᠢᠯ ᠵᠠᠮ ᠪᠣᠯᠤᠭᠰᠠᠨ ᠪᠠᠢ᠌ᠨ᠎ᠠ᠃ ᠵᠤᠨ ᠨᠠᠮᠤᠷ ᠤᠨ ᠣᠯᠠᠷᠢᠯ ᠪᠣᠯᠬᠤ ᠳᠤ ᠣᠪᠣᠭᠠᠨ ᠡᠩᠭᠡᠷ ᠤᠨ ᠴᠢᠯᠠᠭᠤᠨ ᠳᠡᠭᠡᠷ᠎ᠡ ᠡᠷᠭᠦᠵᠤ ᠳᠠᠭᠢᠭᠰᠠᠨ ᠬᠤᠷᠤᠳ ᠳᠤᠰᠤ ᠭᠤᠭᠤᠵᠢᠮᠠᠷ ᠰᠢᠷᠠᠯᠠᠵᠤ᠂ ᠰᠢᠷ᠎ᠠ ᠳᠤᠰᠤᠨ ᠦᠨᠦᠷ ᠬᠠᠩᠬᠤᠯᠵᠤ᠂ ᠬᠤᠨᠢᠨ ᠰᠡᠭᠦᠯ ᠤᠨ ᠳᠤᠰᠤ ᠳᠤᠰᠤᠯᠠᠵᠤ᠂ ᠬᠠᠭᠤᠷᠠᠢ ᠪᠣᠳᠠᠭ᠎ᠠ ᠣᠪᠣᠭ᠎ᠠ ᠳᠤᠪᠣᠭ᠎ᠠ᠂ ᠵᠤᠭᠤᠰ ᠮᠥᠩᠭᠦ ᠪᠠᠭᠯᠠᠭ᠎ᠠ ᠪᠠᠭᠯᠠᠭ᠎ᠠ ᠪᠠᠢ᠌ᠬᠤ ᠶᠢ ᠣᠯᠵᠤ ᠬᠠᠷᠠᠨ᠎ᠠ᠃ ᠡᠳᠡᠭᠡᠷ ᠳᠠᠭᠢᠯᠭ᠎ᠠ ᠶᠢᠨ ᠡᠳ᠋ ᠢ ᠭᠦᠮᠦᠰ ᠶᠠᠷᠤ ᠡᠴᠡ ᠭᠦᠳᠡᠯᠭᠡᠳᠡᠭ᠌ ᠦᠭᠡᠶ ᠶᠤᠮ᠃

ᠴᠠᠭᠠᠨ ᠣᠪᠣᠭ᠎ᠠ ᠄ ᠠᠯᠳᠠᠨ ᠰᠢᠷᠭᠤᠤᠯ ᠠᠭᠤᠯᠠᠨ ᠤ 9 ᠣᠷᠭᠢᠯ ᠤᠨ ᠬᠠᠮᠤᠭ ᠦᠨᠳᠦᠷ ᠣᠷᠭᠢᠯ ᠤᠨ ᠭᠢᠨᠢ ᠣᠷᠤᠢ ᠳᠡᠭᠡᠷ᠎ᠡ ᠡᠷᠳᠡᠨ ᠤ ᠭᠦᠮᠦᠰ ᠤᠨ ᠪᠣᠰᠬᠠᠭᠰᠠᠨ ᠴᠢᠯᠠᠭᠤᠨ ᠣᠪᠣᠭ᠎ᠠ ᠪᠣᠯᠤᠨ᠎ᠠ᠂ ᠳᠤᠰ ᠣᠪᠣᠭ᠎ᠠ ᠶᠢ ᠵᠢᠯ ᠪᠦᠷᠢ ᠶᠢᠨ ᠳᠠᠪᠤᠨ ᠰᠠᠷ᠎ᠠ ᠶᠢᠨ ᠰᠢᠨ᠎ᠠ ᠶᠢᠨ ᠳᠠᠪᠤᠨ ᠳᠤ ᠳᠠᠭᠢᠳᠠᠭ ᠪᠦᠭᠡᠳ ᠯᠠᠮᠠ ᠪᠦᠭᠡ ᠨᠡᠷ ᠲᠤᠩ ᠴᠠᠭᠠᠨ ᠯᠠᠪᠠᠢ ᠪᠠᠷᠢᠵᠤ ᠣᠪᠣᠭ᠎ᠠ ᠶᠢ ᠳᠤᠭᠤᠷᠢᠨ ᠬᠤᠷᠤᠢ ᠳᠠᠯᠠᠯᠭ᠎ᠠ ᠭᠢᠵᠤ ᠬᠤᠷ᠎ᠠ ᠪᠣᠷᠤᠭᠠᠨ ᠭᠤᠶᠤᠳᠠᠭ᠃ ᠠᠯᠳᠠᠨ ᠰᠢᠷᠭᠤᠤᠯ ᠳᠤ ᠰᠢᠷᠭᠤᠬᠤ ᠪᠠᠷ ᠣᠴᠢᠭᠰᠠᠨ ᠵᠤᠭᠠᠴᠠᠭᠰᠠᠤᠨ ᠴᠤ ᠡᠨᠡ ᠣᠪᠣᠭᠠᠨ ᠳᠤ ᠴᠢᠯᠠᠭᠤ ᠨᠠᠮᠠᠨ ᠰᠥᠰᠦᠭᠯᠡᠨ ᠳᠠᠭᠢᠳᠠᠭ ᠶᠤᠮ᠃

⒊ ᠮᠤᠳᠤᠨ ᠰᠢᠳᠦᠯᠭᠡ

ᠬᠤᠷᠴᠢᠨ ᠪᠦᠭᠡ ᠮᠦᠷᠭᠦᠯ ᠳᠤ ᠣᠯᠠᠩᠭᠢ ᠳᠤ ᠪᠠᠨ ᠱᠠᠩᠰᠢ ᠮᠤᠳᠤ ᠶᠢ ᠰᠢᠳᠦᠭᠡᠨ ᠮᠤᠳᠤ ᠭᠡᠵᠤ ᠳᠠᠭᠢᠵᠤ ᠪᠠᠢ᠌ᠪᠠ᠂ ᠵᠠᠷᠢᠮ ᠳᠤ ᠪᠠᠨ ᠪᠣᠰᠤᠳ ᠵᠣᠢ᠌ᠯ ᠤᠨ ᠮᠤᠳᠤ ᠪᠠᠷ ᠰᠢᠳᠦᠯᠭᠡ ᠪᠣᠯᠭᠠᠳᠠᠭ ᠥᠵᠡᠭ᠍ᠳᠡᠯ ᠴᠤ ᠣᠷᠤᠰᠢᠨ᠎ᠠ᠃ ᠵᠠᠷᠤᠳ ᠨᠤᠳᠤᠭ ᠲᠤ ᠬᠠᠢ᠌ᠯᠠᠰᠤᠨ ᠮᠤᠳᠤ ᠪᠠᠷ ᠰᠢᠳᠦᠭᠡᠨ ᠮᠤᠳᠤ ᠪᠣᠯᠭᠠᠨ ᠰᠢᠳᠦᠭᠦ ᠥᠵᠡᠭ᠍ᠳᠡᠯ ᠣᠯᠠᠨ ᠬᠠᠷᠠᠭᠳᠠᠨ᠎ᠠ᠃ ᠵᠠᠷᠤᠳ ᠬᠤᠰᠢᠭᠤᠨ ᠤ ᠠᠯᠢᠶ᠎ᠠ ᠭᠤᠤᠯ ᠤᠨ ᠵᠡᠭᠦᠨ ᠭᠦᠪᠠᠭᠡ ᠳᠡᠭᠡᠷ᠎ᠡ ᠭᠡᠷᠴᠢᠯᠡᠭᠤ ᠰᠤᠮᠤ ᠶᠢᠨ ᠬᠠᠳᠠᠨ ᠠᠢ᠌ᠯ ᠭᠠᠴᠠᠭ᠎ᠠ ᠶᠢᠨ ᠡᠮᠦᠨ᠎ᠡ ᠪᠠᠢ᠌ᠳᠠᠭ ᠬᠠᠢ᠌ᠯᠠᠰᠤᠨ ᠮᠤᠳᠤ ᠊᠊᠊᠊᠊᠊᠊᠊᠊᠊᠊᠊᠊᠊᠊ ᠪᠦᠳᠦᠭᠦᠨ ᠮᠤᠳᠤ (ᠭᠠᠵᠠᠷ ᠤᠨ ᠨᠠᠷ᠎ᠠ) ᠨᠢ ᠳᠠᠷᠤᠢ ᠠᠷᠠᠤᠨ ᠣᠯᠠᠨ ᠳᠤ 《ᠰᠢᠳᠦᠭᠡᠨ ᠮᠤᠳᠤ》 ᠭᠡᠵᠤ ᠰᠢᠳᠦᠭ᠍ᠳᠡᠵᠤ᠂ ᠳᠠᠭᠢᠯᠭ᠎ᠠ ᠳᠠᠯᠪᠢᠳᠠᠭ ᠣᠴᠢᠷ ᠲᠡᠶ ᠶᠤᠮ᠂ ᠵᠢᠯ ᠪᠦᠷᠢ ᠶᠢᠨ ᠪᠢᠯᠢᠭ᠌ ᠤᠨ ᠣᠯᠠᠷᠢᠯ ᠤᠨ ᠳᠠᠪᠤᠨ ᠰᠠᠷ᠎ᠠ ᠳᠤ ᠡᠳᠦᠷ ᠰᠤᠩᠭ᠋ᠤᠨ᠂ ᠠᠢ᠌ᠯ ᠠᠢ᠌ᠮᠠᠭ ᠤᠨ ᠠᠬᠠᠮᠠᠤᠨ ᠭᠡᠯᠡᠮᠦᠷᠴᠢ ᠪᠠᠨ 《ᠴᠠᠭᠠᠨ ᠡᠪᠦᠭᠡᠨ》 ᠡᠷᠭᠦᠮᠵᠢᠯᠡᠨ 《ᠰᠢᠳᠦᠭᠡᠨ ᠮᠤᠳᠤᠨ》 ᠊ᠤ ᠬᠠᠵᠠᠭᠤ ᠳᠤ ᠰᠠᠭᠤᠯᠭᠠᠨ᠂ ᠭᠡᠰᠢᠭ᠌ ᠤᠨ ᠳᠡᠭᠡᠵᠢ ᠬᠤᠨᠢᠨ ᠡᠪᠴᠢᠭᠦᠤ ᠪᠠᠷᠢᠭᠤᠯᠵᠤ ᠢᠷᠦᠭᠡᠯ ᠣᠩᠰᠢᠭᠤᠯᠵᠤ᠂ ᠣᠯᠠᠨ ᠶᠢᠡᠷ ᠶᠢᠡᠨ ᠮᠦᠷᠭᠦᠵᠡᠭᠡᠳᠡᠭ᠌᠃ ᠵᠠᠷᠤᠳ ᠬᠤᠰᠢᠭᠤᠨ ᠤ ᠪᠠᠶᠠᠠᠮᠠᠩᠬ᠎ᠠ ᠣᠢ ᠰᠢᠭᠤᠢ ᠶᠢᠨ ᠳᠠᠯᠠᠪᠠᠢ ᠶᠢᠨ ᠵᠡᠭᠦᠨ ᠳᠠᠯ᠎ᠠ ᠳᠤ ᠪᠠᠷᠤᠭ ᠭᠤᠷᠪᠠᠨ ᠭᠠᠵᠠᠷ ᠵᠠᠢ᠌ᠳᠠᠢ ᠬᠤᠶᠠᠷ ᠪᠦᠳᠦᠭᠦᠨ ᠭᠦᠮᠤᠨ ᠳᠡᠪᠠᠷᠢᠭᠡᠳ ᠭᠦᠷᠭᠦ ᠦᠭᠡᠶ ᠬᠠᠢ᠌ᠯᠠᠰᠤᠨ ᠮᠤᠳᠤ ᠶᠢ ᠠᠢ᠌ᠯ ᠳᠤᠰᠬᠤᠨ ᠤ ᠭᠦᠮᠦᠰ 《ᠡᠵᠢ ᠮᠤᠳᠤ》 ᠭᠡᠵᠤ ᠨᠡᠷᠡᠯᠡᠳᠡᠭ᠌ ᠪᠦᠭᠡᠳ 〈ᠡᠵᠡᠨ ᠰᠠᠭᠢᠭᠤᠰᠤ〉 ᠭᠡᠮᠡᠨ ᠦᠵᠡᠵᠤ᠂ ᠰᠢᠳᠤᠨ ᠳᠠᠭᠢᠳᠠᠭ᠃ ᠭᠡᠷᠪᠡ ᠬᠡᠦᠬᠡᠳ ᠪᠠᠭᠠᠴᠤᠳ ᠣᠪᠠᠢ᠌ᠨ ᠳᠤ ᠦᠭᠡᠶ ᠪᠠᠷ ᠰᠠᠯᠠᠭ᠎ᠠ ᠨᠠᠮᠠᠭ᠎ᠠ ᠶᠢ ᠨᠢ ᠬᠤᠭᠤᠯᠬᠤ ᠳᠤ ᠭᠦᠷᠪᠠᠯ ᠭᠡᠷ ᠤᠨ ᠠᠬᠠᠮᠠᠤᠨ ᠳᠠᠷᠠ ᠳᠠᠷᠤᠢ ᠮᠤᠳᠤᠨ ᠤ ᠳᠡᠷᠭᠡᠳᠡ ᠭᠦᠷᠴᠤ᠂ ᠮᠦᠷᠭᠦᠨ ᠰᠥᠭᠦᠳᠦᠭᠡᠳ ᠄ 《ᠮᠤᠳᠤᠨ ᠰᠠᠭᠢᠭᠤᠰᠤ ᠶᠢ ᠠᠭᠤᠷᠯᠠᠭᠤᠯᠤᠯ᠎ᠠ᠂ ᠦᠷᠤᠰᠢᠶᠠᠨ ᠠᠭᠤᠴᠢᠯᠠᠬᠤ ᠪᠣᠯᠪᠠᠤ ︕᠂》 ᠭᠡᠵᠤ ᠠᠭᠤᠴᠢᠯᠠᠯ ᠭᠦᠰᠡᠳᠡᠭ᠌ ᠶᠤᠮ᠃

ᠡᠭᠦᠨ ᠲᠡᠶ ᠠᠳᠠᠯᠢ ᠪᠠᠷ ᠡᠮᠡᠭᠡᠨ ᠮᠤᠳᠤ᠂ ᠱᠠᠩᠰᠢᠨ ᠮᠤᠳᠤ ᠭᠡᠭᠦ ᠭᠠᠵᠠᠷ ᠣᠰᠤᠨ ᠤ ᠨᠠᠷ᠎ᠠ ᠳᠤ ᠪᠦᠷ ᠪᠦᠭᠡ ᠮᠦᠷᠭᠦᠯ ᠤᠨ ᠮᠤᠳᠤᠨ ᠰᠢᠳᠦᠯᠭᠡ ᠶᠢᠨ ᠰᠤᠶᠤᠯ ᠰᠢᠩᠭᠡᠵᠤ᠂ ᠪᠦᠭᠡ ᠶᠢᠨ ᠱᠠᠰᠢᠨ ᠨᠢ ᠦᠨᠢ ᠣᠳᠠᠭᠠᠨ ᠤ ᠦᠶ᠎ᠡ ᠣᠯᠠᠮᠵᠢᠯᠠᠯ ᠲᠡᠶ ᠪᠦᠭᠡᠳ ᠠᠷᠠᠤᠨ ᠤᠨ ᠳᠤᠮᠳᠠ ᠦᠷᠭᠡᠨ ᠳᠠᠷᠬᠠᠵᠤ ᠭᠦᠨ ᠰᠢᠳᠦᠭ᠍ᠳᠡᠵᠤ ᠢᠷᠡᠭ᠍ᠰᠡᠨ ᠢ ᠦᠵᠡᠵᠤ ᠭᠠᠷᠤᠨ᠎ᠠ᠃

(ᠬᠤᠶᠠᠷ) ᠰᠢᠷ᠎ᠠ ᠶᠢᠨ (ᠪᠣᠷᠬᠠᠨ) ᠱᠠᠰᠢᠨ

ᠮᠤᠩᠭ᠋ᠤᠯ ᠰᠤᠶᠤᠯ ᠢ ᠭᠦᠨ ᠨᠥᠯᠦᠭᠡᠯᠡᠭ᠍ᠰᠡᠨ ᠨᠢ ᠰᠢᠷ᠎ᠠ ᠶᠢᠨ ᠱᠠᠰᠢᠨ ᠪᠣᠯᠤᠨ᠎ᠠ᠂ ᠰᠢᠷ᠎ᠠ ᠶᠢᠨ ᠱᠠᠰᠢᠨ ᠪᠣᠯ ᠲᠦᠪᠡᠳ ᠤᠨ ᠪᠣᠷᠬᠠᠨ ᠤ ᠱᠠᠰᠢᠨ ᠤ ᠪᠦᠯᠦᠭ᠌ ᠤᠨ ᠬᠠᠮᠤᠭ ᠤᠨ ᠰᠡᠭᠦᠯᠴᠢ ᠶᠢᠨ ᠮᠠᠠᠳᠤᠭᠰᠠᠨ ᠳᠤᠮᠤ ᠱᠠᠰᠢᠨ ᠤ ᠪᠦᠯᠦᠭ᠌ ᠮᠦᠨ᠃ ᠰᠢᠷ᠎ᠠ ᠶᠢᠨ ᠱᠠᠰᠢᠨ ᠵᠠᠷᠤᠳ ᠲᠤ ᠳᠡᠯᠭᠡᠷᠡᠨ ᠭᠦᠭ᠍ᠵᠢᠭᠦ ᠳᠤ ᠪᠠᠨ᠂ ᠮᠤᠩᠭ᠋ᠤᠯᠴᠤᠳ ᠤᠨ ᠣᠵᠠᠭᠤᠷ ᠰᠢᠳᠦᠯᠭᠡ ᠪᠠ ᠢᠳᠡᠭᠡᠯ ᠪᠢᠰᠢᠷᠠᠯ ᠲᠡᠶ ᠢᠵᠢᠯᠢᠰᠢᠵᠤ᠂ ᠮᠤᠩᠭ᠋ᠤᠯᠴᠤᠳ ᠤᠨ ᠣᠯᠠᠮᠵᠢᠯᠠᠯᠳᠤ ᠵᠠᠩ ᠣᠢ᠌ᠯᠠ ᠲᠡᠶ ᠣᠶᠠᠯᠳᠤᠨ᠂ ᠮᠤᠩᠭ᠋ᠤᠯᠵᠢᠵᠤ ᠬᠤᠪᠢᠷᠠᠨ ᠢᠷᠭᠡᠡᠰᠢᠪᠡ᠃ ᠮᠤᠩᠭ᠋ᠤᠯᠴᠤᠳ ᠳᠦᠷᠢᠮᠵᠢᠭ᠍ᠰᠡᠨ ᠰᠢᠷ᠎ᠠ ᠶᠢᠨ ᠱᠠᠰᠢᠨ ᠤ ᠱᠠᠭᠢᠮᠤᠨᠢ᠂ ᠽᠤᠩᠺᠸ᠎ᠠ᠂ ᠮᠠᠬᠠᠺᠠᠯᠠ ᠵᠡᠷᠭᠡ ᠪᠣᠷᠬᠠᠨ ᠢ ᠰᠢᠳᠦᠭᠦ ᠪᠠᠷ ᠪᠠᠷᠠᠬᠤ ᠦᠭᠡᠶ ᠣᠵᠠᠭᠤᠷ ᠰᠢᠳᠦᠭᠡᠨ ᠶᠢᠡᠨ ᠴᠤ ᠰᠦᠮ᠎ᠡ ᠭᠡᠢ᠌ᠤᠨ ᠲᠤ ᠭᠦᠷᠦᠭᠯᠡᠨ ᠱᠤᠭᠤᠵᠤ ᠳᠠᠭᠢᠵᠤ ᠰᠢᠳᠦᠳᠡᠭ᠌ ᠪᠠᠢ᠌ᠵᠠᠢ᠃ ᠭᠦᠰᠡᠯᠡᠩᠵᠢᠭᠦᠯᠦᠭ᠍ᠰᠡᠨ ᠱᠠᠰᠢᠨ ᠤ ᠳᠦᠷᠢ᠂ ᠪᠣᠷᠬᠠᠨ ᠤ ᠭᠦᠷᠦᠭ᠌ ᠵᠢᠷᠤᠭ ᠨᠢ ᠭᠦᠮᠦᠰ ᠲᠤ ᠱᠠᠰᠢᠨ ᠤ ᠬᠠᠯᠠᠭᠤᠨ ᠰᠡᠳᠬᠢᠯᠭᠡ᠂ ᠢᠳᠡᠭᠡᠯ ᠪᠢᠰᠢᠷᠠᠯ ᠢ ᠳᠦᠷᠦᠭ᠍ᠳᠡᠭᠦᠯᠳᠡᠭ᠌᠃ ᠪᠣᠷᠬᠠᠨ ᠤ ᠭᠦᠷᠦᠭ᠌ ᠵᠢᠷᠤᠭ ᠤᠨ ᠪᠣᠳᠤᠯᠢᠶᠠᠠᠳᠠᠢ ᠰᠢᠰᠲ᠋ᠸᠮ ᠨᠢ ᠪᠣᠷᠬᠠᠨ ᠱᠠᠰᠢᠨ ᠤ ᠦᠨᠳᠦᠰᠦᠨ ᠦᠵᠡᠯ ᠰᠠᠨᠠᠭ᠎ᠠ ᠶᠢ ᠢᠯᠡᠳᠭᠡᠵᠤ᠂ ᠪᠠᠢ᠌ᠭᠠᠯᠢ ᠡᠴᠡ ᠳᠠᠪᠠᠭᠰᠠᠨ ᠭᠦᠴᠤ ᠪᠠ ᠪᠣᠳᠠᠰ ᠤᠨ ᠳᠦᠷᠢ ᠪᠠᠷ ᠡᠳᠡᠭᠡᠳ ᠣᠷᠴᠢᠨ ᠠᠬᠤᠢ ᠶᠢ ᠪᠦᠳᠦᠭᠡᠵᠤ᠂ ᠭᠦᠮᠦᠰ ᠤᠨ ᠱᠠᠰᠢᠨ ᠤ ᠰᠠᠳᠭᠢᠴᠠ᠂ ᠰᠡᠳᠬᠢᠯᠭᠡ ᠶᠢ ᠴᠢᠩᠭ᠋ᠠᠳᠬᠠᠳᠠᠭ᠃

⒈ ᠰᠦᠮ᠎ᠡ ᠭᠡᠢ᠌ᠤᠨ ᠶᠢᠡᠷ ᠨᠡᠷᠡᠯᠡᠭ᠍ᠰᠡᠨ ᠭᠠᠵᠠᠷ ᠣᠰᠤᠨ ᠤ ᠨᠠᠷ᠎ᠠ ᠳ᠋ᠠᠭᠢ ᠰᠢᠷ᠎ᠠ ᠶᠢᠨ ᠱᠠᠰᠢᠨ ᠤ ᠰᠤᠶᠤᠯ

ᠵᠠᠷᠤᠳ ᠤᠨ ᠠᠯᠳᠠᠢ ᠶᠢᠨ ᠳᠠᠪᠢᠨ ᠰᠦᠮ᠎ᠡ ᠳᠤ ᠳᠠᠷᠬᠠᠨ ᠬᠤᠰᠢᠭᠤᠨ ᠤ ᠳᠦᠴᠢᠨ ᠨᠠᠷᠠᠰ ᠣᠯᠠᠭᠠᠴᠢᠨ᠂ ᠪᠢᠩᠳᠤ ᠬᠤᠰᠢᠭᠤ ᠶᠢᠨ ᠠᠷᠪᠠᠨ ᠨᠠᠷᠠᠰ ᠣᠯᠠᠭᠠᠴᠢᠨ ᠦᠪᠡᠷ ᠦᠪᠡᠷ ᠤᠨ ᠰᠢᠳᠦᠭᠡᠨ ᠶᠢᠡᠨ ᠳᠠᠭᠢᠵᠤ ᠪᠠᠢ᠌ᠪᠠ᠃

ᠵᠠᠷᠤᠳ ᠤᠨ ᠪᠣᠷᠤᠯᠵᠢᠨ ᠰᠦᠮ᠎ᠡ ᠳᠤ ᠬᠠᠢ᠌ᠷᠬᠠᠨ ᠬᠠᠨ ᠠᠭᠤᠯᠠ᠂ ᠳᠢᠭ ᠤᠨ ᠬᠠᠨ ᠠᠭᠤᠯᠠ ᠶᠢᠨ ᠰᠠᠪᠳᠠᠭ ᠢ ᠳᠠᠭᠢᠵᠤ ᠪᠠᠢ᠌ᠪᠠ᠂ ᠬᠠᠢ᠌ᠷᠬᠠᠨ ᠠᠭᠤᠯᠠ ᠶᠢᠨ ᠰᠠᠪᠳᠠᠭ ᠨᠢ ᠴᠠᠭᠠᠨ ᠴᠢᠷᠠᠢ᠌ᠳᠠᠢ᠂ ᠰᠢᠷ᠎ᠠ ᠴᠤᠬᠤᠷ ᠮᠤᠷᠢ ᠭᠦᠯᠦᠭᠯᠡᠭ᠍ᠰᠡᠨ ᠶᠢᠡᠷ᠂ ᠳᠢᠭ ᠤᠨ ᠬᠠᠨ ᠠᠭᠤᠯᠠ ᠶᠢᠨ ᠰᠠᠪᠳᠠᠭ ᠢ ᠭᠦᠭᠡ ᠰᠠᠷᠠᠯ ᠮᠤᠷᠢ ᠭᠦᠯᠦᠭᠯᠡᠭ᠍ᠰᠡᠨ ᠮᠠᠶ‍ᠢᠭ ᠶᠢᠡᠷ ᠪᠠᠷᠢᠵᠤ ᠪᠦᠳᠦᠭᠡᠭᠡᠳ ᠨᠤᠮ ᠣᠩᠰᠢᠨ ᠠᠮᠢᠯᠠᠭᠤᠯᠵᠤ ᠳᠠᠭᠢᠳᠠᠭ᠃ ᠡᠳᠡᠭᠡᠷ ᠰᠢᠳᠦᠭᠡᠨ ᠨᠢ ᠠᠭᠤᠯᠠ ᠬᠠᠢ᠌ᠷᠬᠠᠨ ᠳᠤ ᠡᠵᠡᠨ ᠰᠠᠪᠳᠠᠭ ᠲᠡᠶ ᠭᠡᠵᠤ ᠮᠦᠷᠭᠦᠨ ᠳᠠᠭᠠᠳᠬᠠᠳᠠᠭ ᠮᠤᠩᠭ᠋ᠤᠯᠴᠤᠳ ᠤᠨ ᠣᠯᠠᠮᠵᠢᠯᠠᠯᠳᠤ ᠰᠢᠳᠦᠭᠡᠨ ᠡᠴᠡ ᠦᠨᠳᠦᠰᠦ ᠲᠡᠶ᠃

ᠵᠠᠷᠤᠳ ᠤᠨ ᠰᠢᠷᠭᠤᠤᠯ ᠤᠨ ᠰᠦᠮ᠎ᠡ ᠶᠢ ᠠᠯᠳᠠᠨ ᠰᠢᠷᠭᠤᠤᠯ ᠠᠭᠤᠯᠠᠨ ᠤ ᠡᠩᠭᠡᠷ ᠲᠤ ᠪᠠᠢ᠌ᠭᠤᠯᠵᠤ᠂ ᠮᠤᠩᠭ᠋ᠤᠯᠴᠤᠳ ᠤᠨ ᠰᠢᠳᠦᠳᠡᠭ᠌ ᠠᠷᠪᠠᠨ ᠭᠤᠷᠪᠠᠨ ᠠᠯᠳᠠᠨ ᠰᠢᠷᠭᠤᠤᠯ ᠢ ᠪᠣᠷᠬᠠᠠᠴᠢᠯᠠᠭᠰᠠᠨ ᠪᠠᠢ᠌ᠳᠠᠭ᠃ ᠠᠯᠳᠠᠨ ᠰᠢᠷᠭᠤᠤᠯ ᠪᠣᠯ ᠬᠠᠨᠢᠶᠠᠳᠤ ᠳᠠᠭᠰᠢᠭᠤᠷ ᠢ ᠵᠠᠰᠠᠵᠤ᠂ ᠳᠠᠮᠢᠷ ᠢ ᠨᠡᠮᠡᠭ᠍ᠳᠡᠭᠦᠯᠵᠤ᠂ ᠭᠠᠯᠵᠠᠭᠤ ᠡᠪᠡᠳᠴᠢᠨ ᠳᠤ ᠳᠤᠰᠠᠳᠠᠢ ᠭᠡᠮᠡᠨ ᠮᠤᠩᠭ᠋ᠤᠯᠴᠤᠳ ᠰᠢᠳᠤᠵᠤ ᠪᠠᠢ᠌ᠵᠠᠢ᠃ ᠡᠨᠡ ᠨᠢ ᠡᠷᠳᠡᠨ ᠤ ᠮᠤᠩᠭ᠋ᠤᠯᠴᠤᠳ ᠤᠨ ᠪᠠᠢ᠌ᠭᠠᠯᠢᠯᠢᠭ ᠰᠢᠳᠦᠯᠭᠡ ᠶᠢ ᠰᠢᠷ᠎ᠠ ᠶᠢᠨ ᠱᠠᠰᠢᠨ ᠰᠢᠩᠭᠡᠭᠡᠨ ᠠᠪᠣᠭᠰᠠᠨ ᠶᠠᠪᠣᠳᠠᠯ ᠶᠤᠮ᠃

ᠰᠢᠷ᠎ᠠ ᠶᠢᠨ ᠱᠠᠰᠢᠨ ᠤ ᠰᠦᠮ᠎ᠡ ᠭᠡᠢ᠌ᠤᠨ ᠤᠨ ᠱᠠᠰᠢᠨ ᠤ ᠠᠵᠢᠯᠯᠠᠭ᠎ᠠ ᠨᠢ ᠣᠯᠠᠮ ᠶᠢᠡᠷ ᠠᠷᠠᠤᠨ ᠤᠨ ᠳᠤᠮᠳᠠ ᠨᠠᠪᠳᠠᠷᠠᠵᠤ᠂ ᠯᠠᠮᠠ ᠨᠡᠷ ᠤᠨ ᠱᠠᠰᠢᠨ ᠤ ᠠᠵᠢᠯᠯᠠᠭ᠎ᠠ ᠨᠢ ᠠᠷᠠᠤᠨ ᠤᠨ ᠠᠮᠢᠳᠤᠷᠠᠯ ᠵᠠᠩᠰᠢᠯ (ᠡᠪᠡᠳᠴᠢᠨ ᠵᠠᠰᠠᠯᠭ᠎ᠠ ᠪᠠᠭᠳᠠᠨ᠎ᠠ) ᠲᠡᠶ ᠨᠢᠭᠡᠳᠤᠨ ᠣᠶᠠᠯᠳᠤᠬᠤ ᠪᠣᠯᠵᠠᠢ᠃ ᠰᠦᠮ᠎ᠡ ᠭᠡᠢ᠌ᠤᠨ ᠤᠨ ᠬᠤᠷᠠᠯ ᠴᠤᠭᠯᠠᠭᠠᠨ ᠳᠤ ᠮᠤᠩᠭ᠋ᠤᠯ ᠣᠯᠠᠮᠵᠢᠯᠠᠯᠳᠤ ᠨᠠᠢ᠌ᠷ ᠨᠠᠭᠠᠳᠤᠮ᠂ ᠵᠤᠭ᠎ᠠ ᠴᠡᠩᠭᠡᠯ ᠤᠨ ᠵᠠᠩ ᠣᠢ᠌ᠯᠠ ᠶᠢ ᠰᠢᠩᠭᠡᠭᠡᠨ ᠠᠪᠣᠭᠰᠠᠨ ᠪᠠ ᠰᠢ ᠵᠥᠴᠦᠭᠡ᠂ ᠬᠤᠭᠤᠷ ᠤᠨ ᠥᠯᠢᠭᠡᠷ ᠭᠡᠯᠡᠭᠦ ᠵᠡᠷᠭᠡ ᠠᠷᠠᠤᠨ ᠤᠨ ᠳᠠᠭᠤᠯᠠᠯᠳᠤ ᠣᠷᠠᠯᠢᠭ ᠤᠨ ᠵᠣᠢ᠌ᠯ ᠶᠠᠪᠣᠭᠳᠠᠳᠠᠭ ᠶᠤᠮ᠃

ᠵᠠᠷᠤᠳ ᠤᠨ ᠬᠤᠰᠢᠭᠤᠨ ᠰᠦᠮ᠎ᠡ᠂ ᠭᠠᠬᠠᠢ ᠶᠢᠨ ᠰᠦᠮ᠎ᠡ᠂ ᠮᠠᠢ᠌ᠷᠠᠨ ᠰᠦᠮ᠎ᠡ ᠶᠢᠨ ᠵᠢᠷᠭᠤᠭᠠᠨ ᠰᠠᠷ᠎ᠠ ᠶᠢᠨ ᠰᠦᠮ᠎ᠡ ᠶᠢᠨ ᠬᠤᠷᠠᠯ ᠳᠤ ᠮᠤᠷᠢ ᠪᠦᠭᠡ ᠶᠢᠨ ᠨᠠᠭᠠᠳᠤᠮ ᠵᠠᠯᠭᠠᠯᠳᠤᠨ ᠭᠡᠳᠤᠨ ᠡᠳᠦᠷ ᠦᠷᠭᠦᠯᠵᠢᠯᠡᠵᠤ᠂ ᠰᠦᠮ᠎ᠡ ᠶᠢᠨ ᠬᠤᠷᠠᠯ ᠤᠨ ᠣᠪᠣᠭ᠎ᠠ ᠳᠠᠭᠢᠯᠭ᠎ᠠ ᠳᠤ ᠰᠢᠯᠵᠢᠵᠤ ᠨᠠᠢ᠌ᠷ ᠨᠠᠭᠠᠳᠤᠮ ᠪᠣᠯᠳᠠᠭ᠃

ᠵᠠᠷᠤᠳ ᠬᠤᠰᠢᠭᠤᠨ ᠤ ᠪᠠᠢ᠌ᠯᠠ ᠶᠢᠨ ᠰᠦᠮ᠎ᠡ ᠶᠢᠨ ᠣᠩᠰᠢᠯᠭ᠎ᠠ ᠲᠡᠶ ᠱᠠᠪᠢ ᠪᠠᠢ᠌ᠭᠰᠠᠨ ᠫᠠᠵᠠᠢ᠂ ᠳᠤᠷᠵᠢ ᠨᠡᠷ ᠠᠯᠳᠠᠷᠳᠤ ᠬᠤᠭᠤᠷᠴᠢ ᠪᠣᠯᠵᠤ ᠭᠦᠮᠦᠵᠢᠭ᠍ᠳᠡᠭ᠍ᠰᠡᠨ ᠪᠣᠳᠠᠳᠤ ᠵᠢᠱᠢᠶ᠎ᠠ ᠲᠡᠶ᠃

ᠵᠠᠷᠤᠳ ᠤᠨ ᠣᠳᠠᠴᠢ ᠶᠢᠨ ᠰᠦᠮ᠎ᠡ ᠪᠣᠯ ᠮᠠᠠᠪᠠᠷᠠᠰᠠᠩ (ᠲᠦᠪᠡᠳ ᠡᠮᠨᠡᠯᠭᠡ ᠶᠢᠨ ᠣᠬᠠᠭᠠᠠᠳᠠᠨ) [6] (P.268) ᠲᠡᠶ ᠰᠦᠮ᠎ᠡ ᠭᠡᠢ᠌ᠤᠨ ᠶᠤᠮ᠂ ᠳᠤᠰ ᠰᠦᠮ᠎ᠡ ᠶᠢᠨ ᠰᠢᠳᠦᠭᠡᠨ ᠨᠢ ᠣᠳᠠᠴᠢ ᠪᠣᠷᠬᠠᠨ ᠊᠊᠊᠊᠊᠊᠊᠊᠊᠊᠊᠊᠊᠊᠊ ᠡᠮ ᠤᠨ ᠬᠠᠭᠠᠨ ᠸᠴᠢᠷᠪᠠᠨᠢ ᠰᠠᠭᠢᠭᠤᠰᠤ ᠪᠢᠯᠠ᠃ ᠣᠳᠠᠴᠢ ᠶᠢᠨ ᠰᠦᠮ᠎ᠡ ᠶᠢᠨ ᠨᠥᠯᠦᠭᠡ ᠪᠠᠷ ᠪᠣᠰᠤᠳ ᠤᠢ᠌ᠷᠠᠯᠴᠠᠭ᠎ᠠ ᠰᠦᠮ᠎ᠡ ᠭᠡᠢ᠌ᠤᠨ ᠤᠨ ᠯᠠᠮᠠ ᠨᠡᠷ ᠴᠤ ᠡᠮᠴᠢ ᠶᠢᠨ ᠰᠤᠷᠭᠠᠯ ᠳᠤ ᠰᠢᠯᠭᠠᠷᠠᠬᠤ ᠪᠣᠯᠵᠠᠢ᠃ ᠣᠳᠠᠴᠢ ᠶᠢᠨ ᠰᠦᠮ᠎ᠡ ᠡᠴᠡ ᠤᠷᠢᠳ ᠬᠤᠵᠢᠳ ᠨᠠᠷᠠᠳᠤ ᠡᠮᠴᠢ ᠰᠤᠩᠳᠣᠢ᠌ᠵᠠᠪ᠂ ᠴᠣᠢ᠌ᠨᠢᠩᠪᠣ᠂ ᠱᠤᠩᠬᠤᠷ ᠨᠡᠷ ᠴᠤᠯᠭᠤᠷᠠᠵᠤ᠂ ᠪᠣᠰᠤᠳ ᠰᠦᠮ᠎ᠡ ᠡᠴᠡ ᠳᠠᠮᠤᠵᠠᠪ (ᠪᠣᠷᠤᠯᠵᠢᠨ ᠰᠦᠮ᠎ᠡ)᠂ ᠭᠦᠦᠰᠡᠢ ᠶᠢᠨ ᠬᠤᠪᠢᠯᠭᠠᠨ (ᠭᠦᠦᠰᠡᠢ ᠶᠢᠨ ᠰᠦᠮ᠎ᠡ)᠂ ᠳᠠᠮᠪᠠᠳᠤᠷᠵᠢ (ᠰᠤᠪᠣᠷᠭᠠᠨ ᠰᠦᠮ᠎ᠡ)᠂ ᠳᠠᠮᠪᠢ (ᠭᠦᠡᠳᠡᠯᠡᠨ ᠰᠦᠮ᠎ᠡ)᠂ ᠭᠠᠴᠤᠭ᠂ ᠰᠢᠷᠠᠪᠵᠠᠮᠰᠤ (ᠪᠠᠢ᠌ᠯᠠ ᠶᠢᠨ ᠰᠦᠮ᠎ᠡ) ᠵᠡᠷᠭᠡ ᠯᠠᠮᠠ ᠡᠮᠴᠢ ᠭᠦᠮᠦᠵᠢᠭ᠍ᠳᠡᠵᠡᠢ᠃ ᠡᠳᠡᠭᠡᠷ ᠯᠠᠮᠠ ᠡᠮᠴᠢ ᠨᠡᠷ ᠮᠤᠩᠭ᠋ᠤᠯᠴᠤᠳ ᠤᠨ ᠡᠪᠡᠳᠴᠢᠨ ᠡᠮᠭᠡᠭ᠌ ᠢ ᠵᠠᠰᠠᠨ ᠡᠳᠡᠭᠡᠷᠡᠭᠦᠯᠵᠤ᠂ ᠮᠤᠩᠭ᠋ᠤᠯ ᠠᠨᠠᠭᠠᠬᠤ ᠣᠬᠠᠭᠠᠨ ᠤ ᠭᠦᠭ᠍ᠵᠢᠯᠳᠡ ᠳᠤ ᠬᠤᠪᠢ ᠨᠠᠮᠠᠷᠢ ᠪᠠᠨ ᠡᠷᠭᠦᠭ᠍ᠰᠡᠨ ᠶᠤᠮ᠃

ᠵᠠᠷᠤᠳ ᠬᠤᠰᠢᠭᠤᠨ ᠤ ᠮᠤᠷᠢᠨ ᠰᠦᠮ᠎ᠡ᠂ ᠭᠠᠳᠠᠰᠤᠨ ᠰᠦᠮ᠎ᠡ᠂ ᠶᠡᠭᠡᠳᠡᠯ᠎ᠡ ᠰᠦᠮ᠎ᠡ᠂ ᠭᠡᠭᠡᠨ ᠰᠦᠮ᠎ᠡ᠂ ᠪᠠᠠᠴᠢᠨ ᠰᠦᠮ᠎ᠡ᠂ ᠰᠤᠪᠣᠷᠭᠠᠨ ᠰᠦᠮ᠎ᠡ᠂ ᠬᠠᠢ᠌ᠷᠬᠠᠨ ᠰᠦᠮ᠎ᠡ᠂ ᠴᠠᠭᠠᠨ ᠳᠤᠯᠤᠭᠠᠢ ᠰᠦᠮ᠎ᠡ᠂ ᠭᠦᠩ ᠤᠨ ᠰᠦᠮ᠎ᠡ᠂ ᠬᠠᠷᠠᠮᠤᠳᠤ ᠵᠤᠤ ᠶᠢᠨ ᠰᠦᠮ᠎ᠡ ᠵᠡᠷᠭᠡ ᠰᠦᠮ᠎ᠡ ᠶᠢᠨ ᠭᠦᠳᠡᠯᠭᠡᠭᠡᠨ ᠤ ᠠᠭᠤᠯᠭ᠎ᠠ ᠪᠠ ᠭᠡᠯᠪᠠᠷᠢ ᠨᠢ ᠮᠦᠨ ᠳᠡᠭᠡᠷ᠎ᠡ ᠶᠠᠷᠢᠵᠤ ᠥᠩᠭᠡᠷᠡᠭ᠍ᠰᠡᠨ ᠰᠦᠮ᠎ᠡ ᠨᠤᠭᠦᠳ ᠲᠡᠶ ᠦᠨᠳᠦᠰᠦᠨ ᠳᠤ ᠪᠠᠨ ᠠᠳᠠᠯᠢ ᠪᠠᠢ᠌ᠵᠤ᠂ ᠭᠦᠷᠢᠶ᠎ᠡ ᠭᠡᠪᠴᠢᠶ᠎ᠡ ᠪᠠ ᠨᠥᠯᠦᠭᠡ ᠳᠤᠰᠬᠠᠯ ᠤᠨ ᠳᠠᠯ᠎ᠠ ᠪᠠᠷ ᠦᠪᠡᠷ ᠤᠨ ᠶᠢᠡᠨ ᠣᠠᠴᠠᠯᠢᠭ ᠶᠢᠡᠨ ᠬᠠᠳᠠᠭᠠᠯᠠᠭᠰᠠᠭᠠᠷ ᠶᠤᠮ᠃

⒉ ᠪᠣᠰᠤᠳ ᠵᠣᠢ᠌ᠯ ᠶᠢᠡᠷ ᠨᠡᠷᠡᠯᠡᠭ᠍ᠰᠡᠨ ᠭᠠᠵᠠᠷ ᠣᠰᠤᠨ ᠤ ᠨᠠᠷ᠎ᠠ ᠳ᠋ᠠᠭᠢ ᠰᠢᠷ᠎ᠠ ᠶᠢᠨ ᠱᠠᠰᠢᠨ ᠤ ᠰᠤᠶᠤᠯ

ᠬᠠᠳᠠᠭ ᠤᠨ ᠠᠭᠤᠯᠠ ᠄ ᠵᠠᠷᠤᠳ ᠤᠨ ᠦᠯᠵᠡᠢ᠌ᠮᠦ᠋ᠷᠠᠨ ᠰᠤᠮᠤ ᠶᠢᠨ ᠭᠢᠵᠠᠭᠠᠷ ᠲᠤ ᠪᠠᠢ᠌ᠭ᠎ᠠ ᠬᠠᠳᠠᠭ ᠰᠢᠭ ᠰᠤᠠᠵᠢᠷᠠᠭᠰᠠᠨ ᠳᠤᠰ ᠠᠭᠤᠯᠠ ᠶᠢᠨ ᠨᠠᠪᠳᠠᠭ ᠰᠠᠪᠳᠠᠭ ᠨᠢ ᠨᠢᠭᠡ ᠨᠢᠳᠤ ᠨᠢ ᠰᠤᠬᠤᠷ ᠪᠦᠭᠡᠳ ᠣᠠᠴᠠᠭᠠᠢ ᠳᠤᠭᠰᠢᠨ ᠭᠡᠨ᠎ᠡ᠂ ᠶᠠᠫᠣᠨ ᠡᠵᠡᠷᠭᠡᠭ᠌ ᠳᠦᠷᠢᠮᠡᠭᠡᠢ᠌ᠳᠡᠨ ᠳᠤᠮᠳᠠᠳᠤ ᠶᠢ ᠳᠦᠷᠢᠮᠡᠭᠡᠢ᠌ᠯᠡᠭ᠍ᠰᠡᠨ ᠳᠠᠷᠠ ᠦᠶ᠎ᠡ ᠳᠤ ᠳᠤᠰ ᠠᠭᠤᠯᠠ ᠶᠢᠨ ᠡᠮᠦᠨ᠎ᠡ ᠳᠠᠯ᠎ᠠ ᠳᠤ ᠢᠮᠠᠭᠠᠨ ᠳᠠᠯᠠᠪᠠᠢ ᠪᠠᠢ᠌ᠭᠤᠯᠤᠭᠠᠤᠨ ᠣᠷᠤᠭᠰᠢ ᠦᠭᠡᠶ ᠪᠠᠢ᠌ᠬᠤ ᠳᠤ ᠳᠤᠰ ᠠᠭᠤᠯᠠ ᠶᠢᠨ ᠨᠠᠪᠳᠠᠭ ᠰᠠᠪᠳᠠᠭ ᠢ ᠳᠠᠷᠤᠨ᠎ᠠ ᠭᠡᠳ 《ᠣᠮ ᠮᠠ ᠨᠢ ᠪᠠᠤᠨ ᠮᠠᠢ ᠬᠤᠩ》 ᠭᠡᠭᠦ ᠮᠠᠨᠢ ᠵᠢᠷᠭᠤᠭᠠᠨ ᠥᠰᠦᠭ᠌ ᠢ ᠠᠭᠤᠯᠠᠨ ᠳᠡᠭᠡᠷᠡᠭᠢ ᠬᠠᠳᠠᠨ ᠳᠡᠭᠡᠷ᠎ᠡ ᠰᠡᠢ᠌ᠯᠦᠭ᠍ᠰᠡᠨ ᠪᠠᠢ᠌ᠨ᠎ᠠ᠂ ᠡᠨᠡᠭᠦ ᠮᠠᠨᠢ ᠵᠢᠷᠭᠤᠭᠠᠨ ᠥᠰᠦᠭ᠌ ᠨᠢ ᠶᠠᠫᠣᠨ ᠤ ᠳᠦᠷᠢᠮᠡᠭᠡᠢ᠌ᠯᠡᠯ ᠢ ᠭᠡᠷᠡᠴᠢᠯᠡᠭᠦ ᠦᠨᠢᠳᠠ ᠶᠢᠨ ᠭᠡᠷᠡᠴᠢ ᠪᠣᠯᠤᠨ ᠬᠤᠴᠤᠷᠴᠠᠢ [7]᠃

ᠳᠠᠷᠤᠯᠭ᠎ᠠ ᠶᠢᠨ ᠰᠤᠪᠣᠷᠭ᠎ᠠ ᠄ ᠨᠢᠭᠡᠨ ᠬᠠᠭᠠᠰ ᠨᠢ ᠨᠤᠷᠠᠭᠰᠠᠨ ᠬᠠᠳᠠᠨ ᠰᠤᠪᠣᠷᠭ᠎ᠠ ᠮᠦᠨ᠂ ᠠᠷᠠᠤᠨ ᠢᠷᠭᠡᠳ ᠣᠯᠠᠨ ᠵᠢᠯ ᠤᠨ ᠳᠤᠷᠰᠢ ᠡᠨᠡᠭᠦ ᠰᠤᠪᠣᠷᠭ᠎ᠠ ᠶᠢ ᠮᠠᠩᠭ᠋ᠤᠰ ᠴᠢᠳᠭᠦᠷ ᠢ ᠳᠠᠷᠤᠭᠰᠠᠨ ᠰᠤᠪᠣᠷᠭ᠎ᠠ ᠭᠡᠮᠡᠨ ᠰᠠᠨᠠᠭ᠎ᠠ ᠪᠠᠨ ᠠᠷᠢᠭᠤᠳᠬᠠᠵᠤ ᠪᠣᠳᠤᠯ ᠶᠢᠡᠨ ᠵᠠᠰᠠᠬᠤ ᠪᠠ ᠡᠪᠡᠳᠴᠢᠨ ᠡᠮᠭᠡᠭ᠌ ᠡᠴᠡ ᠰᠠᠯᠬᠤ ᠭᠡᠵᠤ ᠰᠤᠪᠣᠷᠭ᠎ᠠ ᠶᠢᠨ ᠭᠠᠳᠠᠭᠤᠷ ᠡᠷᠭᠢᠵᠤ᠂ ᠡᠮᠦᠰᠴᠤ ᠵᠡᠭᠦᠭ᠍ᠰᠡᠨ ᠳᠠᠪᠠᠯ ᠬᠤᠪᠴᠠᠰᠤ᠂ ᠭᠡᠷᠡᠭᠯᠡᠵᠤ ᠵᠠᠷᠤᠭᠰᠠᠨ ᠳᠠᠶᠠᠭ ᠭᠡᠷᠡᠭ᠍ᠰᠡᠯ ᠶᠢᠡᠨ ᠬᠠᠶᠠᠵᠤ᠂ ᠡᠪᠡᠳᠴᠢᠨ ᠡᠴᠡ ᠠᠩᠭᠢᠵᠢᠷᠠᠵᠤ ᠪᠣᠳᠤᠯ ᠤᠨ ᠳᠠᠷᠤᠭᠠᠰᠤ ᠪᠠᠨ ᠬᠠᠶᠠᠪᠠ ᠭᠡᠵᠤ ᠰᠥᠵᠢᠭ᠌ ᠪᠢᠰᠢᠷᠠᠯ ᠶᠢᠡᠨ ᠭᠦᠢᠴᠡᠳᠭᠡᠳᠡᠭ᠌ ᠠᠵᠢ᠃

ᠪᠠᠠᠴᠢᠨ ᠪᠣᠭᠳᠠ ᠶᠢᠨ ᠰᠢᠷᠡᠭᠡ ᠄ ᠡᠨᠡ ᠪᠣᠯ ᠠᠯᠳᠠᠨ ᠰᠢᠷᠭᠤᠤᠯ ᠤᠨ ᠳᠤᠤᠷ᠎ᠠ ᠳᠠᠯ᠎ᠠ ᠳᠤ ᠪᠠᠢ᠌ᠳᠠᠭ ᠣᠷᠳᠤ ᠳᠦᠷᠪᠠᠯᠵᠢᠨ ᠰᠢᠷᠡᠭᠡ ᠭᠡᠯᠪᠠᠷᠢᠳᠡᠢ ᠬᠠᠳᠠ ᠮᠦᠨ᠃ ᠳᠤᠯᠤᠳᠤᠭᠠᠷ ᠳᠦᠷᠢ ᠶᠢᠨ ᠪᠠᠠᠴᠢᠨ ᠪᠣᠭᠳᠠ ᠵᠡᠭᠦᠡᠰᠢ ᠵᠢᠭᠤᠯᠴᠢᠯᠠᠨ ᠨᠤᠮ ᠣᠯᠠᠮᠵᠢᠯᠠᠬᠤ ᠪᠠᠷ ᠳᠤᠰ ᠰᠢᠳᠢᠳᠤ ᠠᠭᠤᠯᠠ ᠶᠢᠨ ᠡᠮᠦᠨ᠎ᠡ ᠡᠩᠭᠡᠷ ᠶᠢᠡᠷ ᠥᠩᠭᠡᠷᠡᠵᠤ ᠭᠠᠷᠬᠤ ᠳᠤ ᠪᠠᠨ ᠠᠭᠤᠯᠠ ᠶᠢᠨ ᠨᠠᠪᠳᠠᠭ ᠰᠠᠪᠳᠠᠭ ᠪᠠ ᠰᠦᠷ ᠭᠡᠷᠡᠯ ᠢ ᠦᠵᠡᠵᠤ ᠭᠠᠷᠤᠭᠠᠤᠨ ᠡᠨᠡ ᠠᠭᠤᠯᠠᠨ ᠳᠤ ᠭᠡᠳᠤᠨ ᠰᠠᠷ᠎ᠠ ᠬᠤᠷᠭᠤᠳᠠᠨ ᠰᠠᠭᠤᠵᠤ᠂ ᠨᠤᠮ ᠪᠢᠰᠢᠯᠭᠠᠯ ᠣᠢ᠌ᠯᠠᠳᠤᠨ ᠨᠠᠪᠳᠠᠭ ᠰᠠᠪᠳᠠᠭ ᠢ ᠳᠠᠭᠢᠵᠤ᠂ ᠡᠨᠡᠭᠦ ᠬᠠᠳᠠᠨ᠎ᠠ ᠰᠢᠷᠡᠭᠡ ᠵᠠᠯᠠᠷᠠᠵᠤ᠂ ᠨᠤᠨ ᠠᠷᠪᠠᠨ ᠬᠤᠰᠢᠭᠤᠨ ᠤ ᠰᠥᠰᠦᠭ᠌ ᠪᠢᠰᠢᠷᠠᠯᠳᠠᠨ ᠢ ᠡᠨᠡ ᠠᠭᠤᠯᠠᠨ ᠳᠤ ᠴᠤᠭᠯᠠᠭᠤᠯᠵᠤ᠂ ᠳᠦᠴᠢ ᠶ‍ᠢᠰᠤᠨ ᠬᠤᠨᠤᠭ ᠤᠨ ᠨᠤᠮ ᠳᠠᠯᠪᠢᠵᠤ ᠪᠣᠶᠠᠨ ᠥᠢᠯᠡᠳᠦᠭ᠍ᠰᠡᠨ ᠡᠴᠡ ᠠᠭᠤᠯᠠᠨ ᠤ ᠰᠥᠭ᠌ ᠰᠦᠯᠳᠡ ᠣᠯᠠᠮ ᠪᠠᠳᠠᠷᠠᠵᠤ᠂ ᠠᠷᠪᠠᠨ ᠬᠤᠰᠢᠭᠤᠨ ᠤ ᠠᠷᠠᠤᠨ ᠢᠷᠭᠡᠳ ᠤᠨ ᠭᠠᠢ ᠪᠠᠷᠴᠢᠳ ᠢ ᠠᠷᠢᠯᠭᠠᠵᠠᠢ [8]᠃ ᠦᠨᠦ ᠭᠦᠮᠦᠰ ᠠᠯᠳᠠᠨ ᠰᠢᠷᠭᠤᠤᠯ ᠢ ᠰᠢᠷᠭᠤᠬᠤ ᠪᠠᠷ ᠢᠷᠡᠭᠦ ᠳᠤ ᠪᠠᠨ ᠵᠠᠪᠠᠯ ᠡᠨᠡᠭᠦ ᠰᠢᠷᠡᠭᠡᠨ ᠳᠤ ᠪᠠᠯᠢᠩ ᠳᠠᠭᠢᠯ ᠳᠠᠯᠪᠢᠵᠤ ᠰᠥᠭᠦᠳᠤᠨ ᠮᠦᠷᠭᠦᠵᠤ ᠠᠮᠤᠷ ᠲᠦᠪᠰᠢᠨ ᠶᠢᠡᠨ ᠳᠠᠭᠠᠳᠬᠠᠵᠤ᠂ ᠭᠠᠢ ᠪᠠᠷᠴᠢᠳ ᠶᠢᠡᠨ ᠠᠷᠢᠯᠭᠠᠳᠠᠭ ᠶᠤᠮ᠃

ᠡᠳᠡᠭᠡᠷ ᠶᠠᠷᠢᠭᠰᠠᠨ ᠡᠴᠡ ᠪᠣᠰᠤᠳ ᠦᠬᠢᠨ ᠳᠡᠭ᠍ᠷᠢ ᠶᠢᠨ ᠣᠷᠭᠢᠯ᠂ ᠴᠢᠪᠠᠭᠠᠠᠴᠠ ᠶᠢᠨ ᠰᠠᠯᠠᠭ᠎ᠠ᠂ ᠯᠠᠮᠠ ᠶᠢᠨ ᠭᠡᠷᠡᠮ᠂ ᠡᠭᠡ ᠶᠢᠨ ᠣᠮᠠᠢ ᠶᠢᠨ ᠰᠢᠷᠭᠤᠤᠯ᠂ ᠸᠴᠢᠷ ᠳᠠᠮᠤ ᠶᠢᠨ ᠰᠢᠷᠭᠤᠤᠯ᠂ ᠬᠤᠧᠨ ᠯᠠᠮᠠ ᠶᠢᠨ ᠠᠭᠤᠢ᠂ ᠰᠤᠪᠣᠷᠭ᠎ᠠ ᠶᠢᠨ ᠰᠢᠷᠭᠤᠤᠯ᠂ ᠭᠠᠪᠵᠤ ᠶᠢᠨ ᠠᠭᠤᠢ᠂ ᠬᠤᠤᠰ ᠭᠦᠮᠤᠨ ᠤ ᠵᠤᠭᠰᠤᠭᠠᠯ᠂ ᠳᠠᠷᠪᠠ ᠶᠢᠨ ᠰᠢᠷᠭᠤᠤᠯ ᠭᠡᠭᠦ ᠭᠠᠵᠠᠷ ᠣᠰᠤᠨ ᠤ ᠨᠠᠷ᠎ᠠ ᠳᠤ ᠪᠦᠷ ᠱᠠᠰᠢᠨ ᠤ ᠰᠤᠶᠤᠯ ᠰᠢᠮᠠᠳᠴᠤ᠂ ᠳᠤᠬᠠᠢ ᠶᠢᠨ ᠣᠷᠤᠨ ᠤ ᠮᠤᠩᠭ᠋ᠤᠯᠴᠤᠳ ᠤᠨ ᠰᠦᠷ ᠭᠦᠴᠤᠨ ᠶᠢᠡᠨ ᠭᠦᠭ᠍ᠵᠢᠭᠡᠵᠤ᠂ ᠢᠳᠡᠭᠡᠯ ᠪᠢᠰᠢᠷᠠᠯ ᠶᠢᠡᠨ ᠰᠢᠩᠭᠡᠭᠡᠭ᠍ᠰᠡᠨ ᠣᠶᠤᠨ ᠣᠬᠠᠭᠠᠨ ᠤ ᠭᠢᠨᠢ ᠳᠠᠯᠠᠰᠳᠤ ᠪᠣᠯᠤᠭᠰᠠᠨ ᠢ ᠭᠡᠷᠡᠴᠢᠯᠡᠭ᠍ᠰᠡᠨ ᠪᠠᠢ᠌ᠨ᠎ᠠ᠃

(ᠭᠤᠷᠪᠠ) ᠪᠣᠮᠪᠠ ᠶᠢᠨ ᠱᠠᠰᠢᠨ

ᠵᠠᠷᠤᠳ ᠤᠨ ᠭᠠᠵᠠᠷ ᠣᠰᠤᠨ ᠤ ᠨᠠᠷ᠎ᠠ ᠶᠢ ᠨᠠᠷᠢᠨ ᠠᠵᠢᠭᠯᠠᠪᠠᠯ᠂ ᠪᠣᠮᠪᠠ ᠬᠠᠳᠠ᠂ ᠪᠣᠮᠳᠠ ᠠᠭᠤᠯᠠ᠂ ᠪᠣᠮᠪᠠᠳᠤ ᠭᠡᠭᠦ ᠮᠠᠳᠤ ᠶᠢᠨ ᠨᠠᠷ᠎ᠠ ᠡ᠊ᠨᠳᠡ ᠳᠠᠠᠳᠠ ᠬᠠᠷᠠᠭᠳᠠᠨ᠎ᠠ᠃ ᠡᠭᠦᠨ ᠡᠴᠡ ᠪᠢᠳᠠ ᠪᠣᠮᠪᠠ ᠶᠢᠨ ᠱᠠᠰᠢᠨ ᠤ ᠣᠯᠠ ᠮᠦᠷ ᠵᠠᠷᠤᠳ ᠨᠤᠳᠤᠭ ᠲᠤ ᠥᠯᠡᠳᠡᠭ᠍ᠳᠡᠯ ᠲᠡᠶ ᠪᠠᠢ᠌ᠬ᠎ᠠ ᠭᠡᠵᠤ ᠳᠠᠭᠠᠮᠠᠭᠯᠠᠵᠤ ᠪᠣᠯᠤᠨ᠎ᠠ᠃

ᠮᠠᠲ᠋ᠸᠷᠢᠶᠠᠯ ᠢ ᠦᠨᠳᠦᠰᠦᠯᠠᠪᠠᠯ᠂ ᠵᠠᠷᠤᠳ ᠤᠨ ᠪᠠᠷᠠᠭᠤᠨ ᠬᠣᠢ᠌ᠳᠤ ᠭᠡᠰᠡᠭ᠌ ᠪᠣᠯᠬᠤ ᠢᠯᠠᠯᠳᠠ ᠭᠠᠴᠠᠭ᠎ᠠ ᠶᠢᠨ ᠪᠠᠷᠠᠭᠤᠨ ᠡᠮᠦᠨ᠎ᠡ ᠳᠠᠯ᠎ᠠ ᠳᠤ ᠳᠢᠶᠠᠨ ᠲᠡᠶ ᠠᠭᠤᠯᠠ ᠶᠢᠨ ᠬᠤᠷᠮᠤᠢ ᠳᠤ ᠨᠢᠭᠡᠨ ᠰᠠᠭᠤᠷᠢ ᠪᠣᠮᠪᠠ ᠶᠢᠨ ᠰᠦᠮ᠎ᠡ ᠊᠊᠊᠊᠊᠊᠊᠊᠊᠊᠊᠊᠊᠊᠊ ᠪᠣᠭᠳᠠ ᠰᠠᠭᠢᠭᠤᠯᠰᠤᠨ ᠤ ᠣᠷᠳᠤᠨ ᠪᠣᠢ᠂ ᠡᠨᠡ ᠨᠢ ᠳᠠᠷᠤᠢ ᠵᠠᠷᠤᠳ ᠲᠤ ᠪᠣᠮᠪᠠ ᠶᠢᠨ ᠱᠠᠰᠢᠨ ᠵᠠᠷᠤᠳ ᠨᠤᠳᠤᠭ ᠲᠤ ᠣᠯᠠᠮᠵᠢᠯᠠᠯ ᠲᠡᠶ ᠭᠡᠰᠡᠨ ᠢ ᠭᠡᠷᠡᠴᠢᠯᠡᠵᠤ ᠪᠠᠢ᠌ᠨ᠎ᠠ᠃ ᠳᠤᠰ ᠣᠷᠳᠤ ᠬᠠᠷᠰᠢ 1927 ᠣᠨ ᠳᠤ ᠪᠠᠢ᠌ᠭᠤᠯᠤᠭᠳᠠᠵᠤ᠂ ᠭᠤᠤᠯ ᠪᠠᠢ᠌ᠰᠢᠩ 14 ᠳᠠᠰᠤᠯᠭ᠎ᠠ᠂ ᠵᠡᠭᠦᠨ ᠪᠠᠷᠠᠭᠤᠨ ᠳᠠᠯ᠎ᠠ ᠳᠤ ᠪᠠᠨ ᠳᠤᠰ ᠳᠤᠰ ᠴᠢᠭᠢᠨ ᠭᠡᠷ 3 ᠳᠠᠰᠤᠯᠭ᠎ᠠ ᠪᠠᠢ᠌ᠭᠤᠯᠵᠤ᠂ ᠵᠡᠭᠦᠨ ᠳᠠᠯ᠎ᠠ ᠳᠤ ᠨᠢ 《ᠪᠣᠳᠢᠰᠠᠳ᠋ᠸ᠎ᠠ ᠶᠢᠨ ᠠᠭᠤᠢ》᠂ 《ᠦᠭᠢᠨ ᠳᠡᠭ᠍ᠷᠢ ᠶᠢᠨ ᠰᠦᠮ᠎ᠡ》᠂ 《ᠭᠤᠸᠠᠨ ᠳ᠋ᠢ ᠬᠠᠷᠰᠢ》 ᠵᠡᠷᠭᠡ ᠶᠢ ᠳᠤᠭᠢᠷᠠᠭᠤᠯᠵᠠᠢ᠃ ᠵᠢᠯ ᠪᠦᠷᠢ ᠶᠢᠨ ᠳᠦᠷᠪᠠᠨ ᠰᠠᠷ᠎ᠠ ᠶᠢᠨ ᠠᠷᠪᠠᠨ ᠨᠢ᠋ᠮᠠᠨ ᠤ ᠡᠳᠦᠷ ᠨᠤᠮ ᠤᠨ ᠴᠤᠭᠯᠠᠭᠠᠨ ᠲᠡᠶ ᠪᠠᠢ᠌ᠵᠤ᠂ ᠨᠤᠳᠤᠭ ᠤᠨ ᠠᠷᠠᠤᠨ ᠪᠦᠷ ᠴᠤᠭᠯᠠᠷᠠᠵᠤ᠂ ᠵᠠᠷᠢᠮ ᠨᠢ ᠠᠷᠠᠯᠵᠢᠶ᠎ᠠ ᠰᠤᠯᠢᠯᠴᠠᠭ᠎ᠠ ᠭᠢᠵᠤ᠂ ᠵᠠᠷᠢᠮ ᠨᠢ ᠰᠢ ᠵᠥᠴᠦᠭᠡ ᠳᠠᠭᠤᠯᠠᠵᠤ᠂ ᠪᠠᠰᠠ ᠵᠠᠷᠢᠮ ᠨᠢ ᠰᠥᠰᠦᠭ᠌ ᠳᠠᠭᠠᠳᠬᠠᠯ ᠭᠦᠢᠴᠡᠳᠭᠡᠵᠤ᠂ ᠲᠤᠩ ᠭᠦᠭ᠍ᠵᠢᠶᠡᠨ ᠨᠠᠷᠭᠢᠶᠠᠨ ᠲᠡᠶ ᠪᠣᠯᠳᠠᠭ ᠶᠤᠮ [9] (P.550)᠃

ᠭᠤᠷᠪᠠ᠂ ᠵᠠᠷᠤᠳ ᠬᠤᠰᠢᠭᠤᠨ ᠤ ᠭᠠᠵᠠᠷ ᠣᠰᠤᠨ ᠤ ᠨᠠᠷ᠎ᠠ ᠳ᠋ᠠᠭᠢ ᠠᠵᠤ ᠠᠬᠤᠢ ᠶᠢᠨ ᠰᠤᠶᠤᠯ

ᠵᠠᠷᠤᠳ ᠬᠤᠰᠢᠭᠤᠨ ᠤ ᠠᠵᠤ ᠠᠬᠤᠢ ᠨᠢ ᠮᠠᠯᠵᠢᠬᠤ᠂ ᠳᠠᠷᠢᠶᠠᠯᠠᠬᠤ᠂ ᠣᠢ ᠰᠢᠭᠤᠢ᠂ ᠵᠤᠭᠠᠴᠠᠯ ᠤᠨ ᠣᠢ᠌ᠯᠠᠰ ᠵᠡᠷᠭᠡ ᠶᠢ ᠬᠠᠮᠳᠤ ᠳᠤ ᠨᠢ ᠭᠦᠭ᠍ᠵᠢᠭᠦᠯᠭᠦ ᠶᠢ ᠠᠩᠬᠠᠷᠤᠭᠰᠠᠨ ᠡᠴᠡ ᠣᠳᠤ ᠨᠢᠭᠡᠨ ᠠᠵᠤ ᠠᠬᠤᠢ ᠶᠢᠨ ᠦᠣᠠᠳᠠᠷ ᠭᠦᠭ᠍ᠵᠢᠯᠳᠡ ᠶᠢᠨ ᠣᠷᠤᠨ ᠪᠣᠯᠤᠭᠰᠠᠨ ᠪᠠᠢ᠌ᠨ᠎ᠠ᠃ ᠡᠭᠦᠨ ᠤ ᠳᠤᠮᠳᠠ ᠡᠴᠡ ᠭᠠᠵᠠᠷ ᠣᠰᠤᠨ ᠤ ᠨᠠᠷ᠎ᠠ ᠲᠡᠶ ᠬᠤᠯᠪᠣᠭᠳᠠᠯ ᠪᠦᠭᠦᠢ ᠳᠤᠪᠣ ᠶᠢᠨ ᠰᠤᠶᠤᠯ ᠪᠠ ᠵᠤᠭᠠᠴᠠᠯ ᠰᠤᠶᠤᠯ ᠨᠢ ᠮᠢᠨᠤ ᠠᠩᠬᠠᠷᠤᠯ ᠢ ᠣᠠᠴᠠ ᠳᠠᠳᠠᠭᠰᠠᠨ ᠪᠠᠢ᠌ᠨ᠎ᠠ᠃

(ᠨᠢᠭᠡ) ᠳᠤᠪᠣ (tob) ᠶ᠋ᠢᠨ ᠰᠤᠶᠤᠯ

ᠳᠤᠪᠣ ᠭᠡᠳᠡᠭ᠌ ᠪᠣᠯ ᠴᠡᠭᠡᠵᠢ ᠪᠣᠶᠤ ᠣᠨᠢ ᠪᠠᠷ ᠪᠣᠰᠬᠠᠭᠰᠠᠨ ᠮᠤᠩᠭᠤᠯ ᠭᠡᠷ ᠢ ᠭᠡᠯᠡᠵᠤ ᠪᠠᠢ᠌ᠨ᠎ᠠ (10) (P2343)᠃ ᠳᠤᠪᠣ ᠨᠢ ᠦᠨᠳᠦᠰᠦᠨ ᠳᠤ ᠪᠠᠨ ᠬᠤᠶᠠᠷ ᠵᠣᠢ᠌ᠯ ᠤᠨ ᠭᠡᠷᠡᠭ᠍ᠴᠡᠭᠡ ᠲᠡᠶ ᠶᠤᠮ᠃ ᠨᠢᠭᠡ ᠳᠤ᠂ ᠳᠠᠷᠢᠶᠠᠯᠠᠩ ᠳᠠᠷᠢᠶ᠎ᠠ ᠲᠦᠮᠦᠰᠦ ᠪᠠᠨ ᠠᠷᠠᠴᠢᠯᠠᠵᠤ ᠳᠤᠳᠤᠮᠳᠠᠬᠤ ᠳᠤ ᠳᠦᠭᠦᠮ ᠢ ᠪᠣᠳᠤᠵᠤ᠂ ᠳᠠᠷᠢᠶᠠᠨ ᠤ ᠪᠠᠨ ᠳᠡᠷᠭᠡᠳᠡ ᠳᠤᠪᠣ ᠪᠣᠰᠬᠠᠵᠤ ᠰᠠᠭᠤᠷᠢᠰᠢᠳᠠᠭ᠃ ᠬᠤᠶᠠᠷ ᠲᠤ᠂ ᠮᠠᠯ ᠰᠦᠷᠦᠭ᠌ ᠶᠢᠡᠨ ᠬᠠᠷᠠᠵᠤ ᠬᠠᠷᠢᠭᠤᠯᠬᠤ ᠳᠤ ᠪᠠᠨ ᠰᠠᠭᠤᠳᠠᠭ ᠳᠦᠭᠦᠮ ᠭᠡᠷ ᠶᠢᠡᠨ ᠮᠦᠨ ᠳᠤᠪᠣ ᠭᠡᠵᠤ ᠨᠡᠷᠡᠯᠡᠳᠡᠭ᠌᠃ ᠳᠤᠪᠣ ᠨᠢ ᠮᠠᠯ ᠮᠠᠯᠵᠢᠯ᠂ ᠳᠠᠷᠢᠶᠠᠯᠠᠩ ᠤᠨ ᠠᠯᠢ ᠠᠯᠢᠨ ᠳᠤ ᠨᠢ ᠴᠤ ᠪᠠᠢ᠌ᠵᠤ ᠪᠣᠯᠳᠠᠭ ᠠᠵᠤ ᠭᠡᠷᠡᠭ᠍ᠰᠡᠯ ᠮᠦᠨ ᠪᠦᠭᠡᠳ ᠳᠠᠷᠠ ᠨᠢ ᠶᠡᠷᠦᠩᠭᠡᠢ ᠳᠤ ᠪᠠᠨ ᠰᠠᠭᠤᠷᠢᠰᠢᠯ ᠠᠮᠢᠳᠤᠷᠠᠯ ᠤᠨ ᠬᠠᠠᠳᠤᠰᠢ ᠶᠢ ᠬᠠᠷᠠᠭᠤᠯᠵᠤ ᠪᠠᠢ᠌ᠨ᠎ᠠ᠂ ᠳᠤᠪᠣ ᠶᠢ ᠶᠠᠷᠤ ᠳᠤ ᠪᠠᠨ ᠨᠠᠰᠢ ᠴᠠᠰᠢ ᠰᠠᠨᠠᠭᠠᠨ ᠳᠠᠪᠠ ᠪᠠᠷ ᠰᠢᠯᠵᠢᠭᠦᠯᠳᠡᠭ᠌ ᠦᠭᠡᠶ᠂ ᠬᠠᠷᠢᠨ ᠳᠠᠷᠠᠭᠠᠴᠢ ᠪᠠᠷ ᠭᠡᠷᠡᠭᠯᠡᠭᠦ ᠳᠤ ᠪᠠᠨ ᠵᠠᠰᠠᠨ ᠰᠠᠯᠪᠢᠵᠤ ᠳᠠᠯᠪᠢᠳᠠᠭ᠃ ᠣᠷᠳᠤ ᠬᠤᠭᠤᠴᠠᠭ᠎ᠠ ᠰᠠᠭᠤᠬᠤ ᠶᠠᠪᠣᠴᠠ ᠳᠤ ᠳᠤᠪᠣ ᠨᠢ ᠨᠢᠭᠡᠨᠲᠡ ᠭᠦᠮᠦᠰ ᠤᠨ ᠳᠤᠭᠳᠠᠮᠠᠯ ᠰᠠᠭᠤᠷᠢᠰᠢᠳᠠᠭ ᠭᠡᠷ ᠪᠠᠢ᠌ᠰᠢᠩ ᠪᠣᠯᠵᠤ᠂ ᠭᠤᠤᠯ ᠰᠠᠭᠤᠭ᠎ᠠ ᠭᠡᠷ ᠲᠡᠶ ᠪᠠᠨ ᠠᠳᠠᠯᠢᠬᠠᠨ ᠳᠤᠭᠤᠰᠬ᠎ᠠ ᠪᠣᠶᠤ ᠰᠢᠷᠤᠢ ᠴᠢᠯᠠᠭᠤ ᠪᠠᠷ ᠪᠣᠰᠬᠠᠨ ᠪᠠᠢ᠌ᠭᠤᠯᠤᠭᠳᠠᠬᠤ ᠪᠣᠯᠤᠭᠰᠠᠨ ᠪᠠ ᠡᠭᠦᠨ ᠤ ᠣᠯᠠᠮ ᠡᠴᠡ ᠠᠢ᠌ᠯ ᠳᠤᠰᠬᠤᠨ ᠪᠣᠢ ᠪᠣᠯᠤᠨ ᠭᠦᠭ᠍ᠵᠢᠨ ᠳᠡᠯᠭᠡᠷᠡᠭ᠍ᠰᠡᠨ ᠪᠠᠢ᠌ᠨ᠎ᠠ᠃

ᠵᠠᠷᠤᠳ ᠬᠤᠰᠢᠭᠤᠨ ᠤ ᠭᠠᠵᠠᠷ ᠣᠰᠤᠨ ᠤ ᠨᠠᠷ᠎ᠠ ᠶᠢ ᠠᠵᠢᠭᠯᠠᠪᠠᠯ᠂ ᠳᠤᠪᠣ ᠪᠠᠷ ᠨᠡᠷᠡᠯᠡᠭ᠍ᠰᠡᠨ ᠨᠠᠷᠠᠰ ᠨᠢ ᠳᠠᠷᠢᠶᠠᠯᠠᠩ ᠤᠨ ᠭᠡᠷᠡᠭ᠍ᠴᠡᠭᠡ ᠪᠦᠭᠦᠢ ᠳᠤᠪᠣ᠂ ᠮᠠᠯᠵᠢᠯ ᠤᠨ ᠭᠡᠷᠡᠭ᠍ᠴᠡᠭᠡ ᠪᠦᠭᠦᠢ ᠳᠤᠪᠣ᠂ ᠮᠠᠯᠵᠢᠯ ᠳᠠᠷᠢᠶᠠᠯᠠᠩ ᠬᠠᠮᠳᠤᠷᠠᠭᠰᠠᠨ ᠭᠡᠷᠡᠭ᠍ᠴᠡᠭᠡ ᠪᠦᠭᠦᠢ ᠳᠤᠪᠣ ᠵᠡᠷᠭᠡ ᠭᠡᠳᠤᠨ ᠵᠣᠢ᠌ᠯ ᠤᠨ ᠪᠠᠢ᠌ᠵᠤ᠂ ᠦᠪᠡᠷ ᠦᠪᠡᠷ ᠤᠨ ᠣᠢ᠌ᠯᠠᠳᠤᠯ ᠭᠡᠷᠡᠭ᠍ᠴᠡᠭᠡ ᠪᠠᠨ ᠪᠠᠳᠠᠷᠠᠭᠤᠯᠵᠤ᠂ ᠨᠤᠳᠤᠭ ᠣᠰᠤᠨ ᠤ ᠠᠵᠤ ᠠᠬᠤᠢ ᠶᠢᠨ ᠭᠦᠭ᠍ᠵᠢᠯᠳᠡ ᠳᠤ ᠪᠠᠳᠤ ᠪᠠᠭᠢ ᠰᠠᠭᠤᠷᠢ ᠭᠦᠴᠤᠨ ᠢ ᠳᠠᠯᠪᠢᠵᠤ ᠪᠠᠢ᠌ᠭ᠎ᠠ ᠶᠤᠮ᠃

ᠡᠳᠡᠭᠡᠷ ᠨᠠᠷᠠᠰ ᠡᠴᠡ ᠳᠦᠭᠦᠮ ᠭᠡᠳᠤ ᠶᠢ ᠵᠢᠭᠰᠠᠭᠠᠪᠠᠯ ᠄ ᠬᠣᠢ᠌ᠳᠤ ᠠᠭᠤᠯᠠᠨ ᠳᠤᠪᠣ (ᠳᠠᠷᠢᠶᠠᠯᠠᠩ ᠮᠠᠯᠵᠢᠯ ᠬᠠᠮᠳᠤᠷᠠᠭᠰᠠᠨ)᠂ ᠵᠤ᠋ ᠶᠢᠨ ᠳᠤᠪᠣ᠂ ᠳᠠᠷᠢᠶᠠᠨ ᠳᠤᠪᠣ᠂ ᠮᠠᠯ ᠤᠨ ᠳᠤᠪᠣ᠂ ᠼᠤᠤ ᠣᠪᠣᠭᠳᠤ ᠶᠢᠨ ᠳᠤᠪᠣ᠂ ᠳᠤᠤ ᠣᠪᠣᠭᠳᠤ ᠶᠢᠨ ᠳᠤᠪᠣ᠂ ᠵᠡᠭᠦᠨ ᠳᠤᠪᠣ (ᠳᠠᠷᠢᠶᠠᠯᠠᠩ ᠮᠠᠯᠵᠢᠯ ᠬᠠᠮᠳᠤᠷᠠᠭᠰᠠᠨ)᠂ ᠳᠤᠳᠤᠷᠭ᠎ᠠ ᠶᠢᠨ ᠳᠤᠪᠣ᠂ ᠰᠤᠮᠤ ᠶᠢᠨ ᠮᠠᠯ ᠤᠨ ᠳᠤᠪᠣ ᠭᠡᠭᠦ ᠮᠠᠳᠤ᠃

(ᠬᠤᠶᠠᠷ) ᠵᠤᠭᠠᠴᠠᠯ ᠰᠤᠶᠤᠯ

⒈ ᠡᠷᠳᠡᠨ ᠤ ᠬᠠᠭᠤᠴᠢ ᠥᠯᠡᠳᠡᠭ᠍ᠳᠡᠯ ᠤᠨ ᠵᠤᠭᠠᠴᠠᠯ

ᠳᠡᠦᠭᠡᠨ ᠤ ᠬᠠᠭᠤᠴᠢ ᠥᠯᠡᠳᠡᠭ᠍ᠳᠡᠯ ᠪᠣᠯᠤᠭᠰᠠᠨ ᠡᠳ᠋ ᠪᠠᠷᠢᠯᠭ᠎ᠠ ᠶᠢᠨ ᠣᠯᠠ ᠮᠦᠷ ᠢ ᠬᠠᠳᠠᠭᠠᠯᠠᠭᠰᠠᠨ ᠭᠠᠵᠠᠷ ᠨᠤᠳᠤᠭ ᠲᠠᠭᠠᠨ ᠳᠡᠭᠦᠨ ᠲᠡᠶ ᠬᠠᠮᠢᠶ᠎ᠠ ᠪᠦᠭᠦᠢ ᠨᠠᠷ᠎ᠠ ᠶᠢ ᠬᠠᠢ᠌ᠷᠠᠯᠠᠵᠤ᠂ ᠬᠠᠭᠤᠴᠢ ᠪᠠᠭᠤᠷᠢ ᠪᠠᠨ ᠳᠤᠷᠡᠰᠤᠨ ᠮᠦᠷᠦᠭᠡᠳᠴᠤ᠂ ᠳᠡᠦᠭᠡ ᠪᠠᠨ ᠦᠷᠭᠦᠯᠵᠢ ᠰᠠᠨᠠᠭᠠᠯᠵᠠᠬᠤ ᠶᠢ ᠵᠤᠷᠢᠳᠠᠭ ᠶᠤᠮ᠃ ᠡᠨᠡ ᠨᠢ ᠳᠠᠷᠤᠢ ᠵᠠᠷᠤᠳᠴᠤᠳ ᠤᠨ ᠣᠶᠤᠨ ᠳᠠᠷᠢᠭᠢᠨ ᠳᠤ ᠳᠡᠦᠭᠡ ᠶᠢᠨ ᠣᠯᠠᠮᠵᠢᠯᠠᠯᠳᠤ ᠰᠤᠶᠤᠯ ᠭᠦᠨ ᠰᠢᠩᠭᠡᠵᠤ ᠪᠠᠢ᠌ᠭ᠎ᠠ ᠶᠢ ᠬᠠᠷᠠᠭᠤᠯᠵᠤ ᠪᠠᠢ᠌ᠭ᠎ᠠ ᠪᠦᠭᠡᠳ ᠡᠳᠡᠭᠡᠷ ᠦᠨ᠎ᠡ ᠦᠷᠳᠡᠭ᠌ ᠲᠡᠶ ᠪᠠᠷᠢᠯᠭ᠎ᠠ ᠮᠠᠲ᠋ᠸᠷᠢᠶᠠᠯ ᠨᠢ ᠣᠯᠤᠰ ᠤᠨ ᠳᠤᠳᠤᠭᠠᠳᠤ ᠭᠠᠳᠠᠭᠠᠳᠤ ᠶᠢᠨ ᠵᠢᠭᠤᠯᠴᠢᠯᠠᠭᠴᠢᠳ ᠤᠨ ᠠᠩᠬᠠᠷᠤᠯ ᠢ ᠳᠠᠳᠠᠵᠤ᠂ ᠨᠢᠭᠡᠨ ᠣᠠᠴᠠᠭᠠᠢ ᠵᠤᠭᠠᠴᠠᠯ ᠤᠨ ᠭᠠᠵᠠᠷ ᠪᠣᠯᠵᠤ᠂ ᠵᠠᠷᠤᠳ ᠤᠨ ᠵᠤᠭᠠᠴᠠᠯ ᠤᠨ ᠣᠢ᠌ᠯᠠᠰ ᠢ ᠣᠯᠠᠮ ᠢᠯᠡᠭᠦᠤ ᠭᠦᠭ᠍ᠵᠢᠭᠦᠯᠦᠭ᠍ᠰᠡᠨ ᠪᠠᠢ᠌ᠨ᠎ᠠ᠃

ᠶᠡᠭᠡ ᠬᠠᠷ᠎ᠠ ᠠᠭᠤᠯᠠ᠄ ᠵᠠᠷᠤᠳ ᠬᠤᠰᠢᠭᠤᠨ ᠤ ᠴᠢᠪᠠᠭᠠᠳᠤ ᠶᠢᠨ ᠭᠢᠵᠠᠭᠠᠷ ᠲᠤ ᠪᠠᠢ᠌ᠨ᠎ᠠ᠃ ᠳᠡᠭᠦᠨ ᠤ ᠣᠷᠤᠢ ᠳᠡᠭᠡᠷ᠎ᠡ ᠨᠢᠭᠡᠨ ᠭᠦᠮᠤᠨ ᠤ ᠨᠢᠭᠤᠷ ᠤᠨ ᠵᠢᠷᠤᠭ ᠲᠡᠶ ᠪᠣᠰᠤᠭ᠎ᠠ ᠬᠠᠳᠠ ᠪᠣᠢ᠂ ᠳᠤᠰ ᠬᠠᠳᠠ ᠶᠢᠨ ᠦᠨᠳᠦᠷ ᠨᠢ 130cm᠂ ᠦᠷᠭᠡᠨ ᠨᠢ 110cm ᠪᠠᠢ᠌ᠵᠤ᠂ ᠬᠠᠳᠠᠨ ᠵᠢᠷᠤᠭ ᠨᠢ ᠣᠷᠠᠯᠢᠭ ᠤᠨ ᠳᠠᠯ᠎ᠠ ᠪᠠᠷ ᠭᠦᠮᠦᠰ ᠢ ᠭᠠᠢ᠌ᠬᠠᠭᠤᠯᠤᠭᠰᠠᠨ ᠪᠠᠢ᠌ᠨ᠎ᠠ᠃ ᠳᠤᠰ ᠬᠠᠳᠠᠨ ᠵᠢᠷᠤᠭ ᠢ 1975 ᠣᠨ ᠳᠤ ᠰᠠ‍‌ᠶᠢ ᠢᠯᠡᠷᠡᠭᠦᠯᠦᠭ᠍ᠰᠡᠨ ᠶᠤᠮ᠂ 1995 ᠣᠨ ᠳᠤ ᠳᠡᠯᠡᠭᠡᠢ ᠶᠢᠨ ᠬᠠᠳᠠᠨ ᠵᠢᠷᠤᠭ ᠤᠨ ᠵᠦᠪᠯᠠᠯ ᠤᠨ ᠭᠡᠰᠢᠭᠦᠨ ᠬᠠᠳᠠᠨ ᠵᠢᠷᠤᠭ ᠤᠨ ᠨᠠᠷᠠᠳᠤ ᠮᠡᠷᠭᠡᠵᠢᠯᠳᠡᠨ ᠭᠠᠢ ᠱᠠᠨ ᠯᠢᠨ ᠶᠡᠭᠡ ᠬᠠᠷ᠎ᠠ ᠠᠭᠤᠯᠠᠨ ᠳᠤ ᠠᠪᠠᠷᠢᠵᠤ᠂ ᠳᠤᠰ ᠬᠠᠳᠠᠨ ᠵᠢᠷᠤᠭ ᠢ ᠥᠵᠡᠭᠡᠳ ᠰᠡᠳᠭᠢᠯ ᠭᠦᠭ᠍ᠰᠡᠵᠤ 《ᠳᠡᠯᠡᠭᠡᠢ ᠳᠡᠭᠡᠷᠡᠭᠢ ᠬᠠᠮᠤᠭ ᠤᠨ ᠭᠤᠶᠤ ᠭᠦᠮᠤᠨ ᠤ ᠨᠢᠭᠤᠷ ᠤᠨ ᠬᠠᠳᠠᠨ ᠵᠢᠷᠤᠭ ᠪᠣᠯᠤᠨ᠎ᠠ》 ᠭᠡᠵᠤ ᠥᠨᠡᠯᠡᠭᠡᠳ ᠳᠤᠰ ᠬᠠᠳᠠᠨ ᠵᠢᠷᠤᠭ ᠤᠨ ᠮᠠᠲ᠋ᠸᠷᠢᠶᠠᠯ ᠤᠳ ᠢ ᠣᠯᠠᠨ ᠣᠯᠤᠰ ᠤᠨ ᠬᠤᠯᠪᠣᠭᠠᠳᠤ ᠬᠤᠷᠠᠯ ᠤᠨ ᠵᠤᠬᠢᠶᠠᠨ ᠪᠠᠢ᠌ᠭᠤᠯᠤᠯᠳᠠ ᠳᠤ ᠮᠡᠳᠡᠭᠦᠯᠦᠭ᠍ᠰᠡᠨ ᠪᠠᠢ᠌ᠨ᠎ᠠ᠃ ᠶᠠᠭ ᠡᠢ᠌ᠮᠤ ᠡᠴᠡ ᠬᠠᠳᠠᠨ ᠵᠢᠷᠤᠭ ᠲᠤ ᠠᠩᠬᠠᠷᠤᠯ ᠬᠠᠠᠳᠤᠭᠤᠯᠤᠭᠰᠠᠨ ᠭᠦᠮᠦᠰ ᠶᠡᠭᠡ ᠬᠠᠷ᠎ᠠ ᠠᠭᠤᠯᠠᠨ ᠳᠤ ᠠᠪᠠᠷᠢᠵᠤ ᠵᠤᠭᠠᠴᠠᠳᠠᠭ ᠶᠤᠮ [11]᠃

ᠶᠠᠮ ᠤᠨ ᠵᠤ᠋ ᠄ ᠴᠢᠠᠳᠠᠮᠤᠨᠢ ᠰᠤᠮᠤ ᠶᠢᠨ ᠰᠠᠭᠤᠭ᠎ᠠ ᠲᠦᠪ ᠡᠴᠡ ᠠᠰ ᠡᠮᠦᠨᠡᠰᠢ ᠳᠠᠪᠤᠨ ᠭᠠᠵᠠᠷ ᠤᠨ ᠵᠠᠢ ᠲᠡᠶ ᠪᠠᠢ᠌ᠵᠤ᠂ ᠶᠠᠭ ᠯᠠ ᠵᠡᠭᠦᠡᠰᠢ ᠪᠠᠷᠠᠭᠤᠠᠰᠢ ᠭᠦᠡᠳᠡᠯᠢᠰᠤᠨ ᠭᠡᠪᠳᠡᠭ᠍ᠰᠡᠨ ᠯᠤᠤ ᠰᠢᠭ ᠬᠠᠷᠠᠭᠳᠠᠳᠠᠭ᠂ ᠳᠠᠷᠠ ᠨᠢ ᠡᠷᠳᠡᠨ ᠤ ᠦᠶ᠎ᠡ ᠶᠢᠨ ᠪᠠᠢ᠌ᠭᠠᠯᠢ ᠶᠢᠨ ᠪᠠᠷᠭᠡ ᠪᠠᠷᠳᠠᠭ᠎ᠠ᠂ ᠭᠣᠢ᠌ᠳᠠ ᠭᠠᠢ᠌ᠬᠠᠮᠰᠢᠭ ᠢ ᠥᠵᠡᠭᠦᠯᠦᠭ᠍ᠰᠡᠨ ᠪᠦᠭᠡᠳ ᠡᠷᠳᠡᠨ ᠤ ᠣᠩᠭ᠋ᠤᠨ ᠢ ᠢᠯᠡᠷᠡᠭᠦᠯᠦᠭ᠍ᠰᠡᠨ ᠶᠢᠡᠷ ᠶᠢᠡᠨ ᠰᠤᠨᠢᠷᠬᠠᠯᠳᠠᠢ ᠪᠠᠢ᠌ᠵᠤ᠂ ᠳᠡᠦᠭᠡᠨ ᠥᠯᠡᠳᠡᠭ᠍ᠳᠡᠯ ᠪᠣᠯᠵᠤ᠂ ᠬᠤᠳᠠ ᠶᠢᠨ ᠳᠠᠰ ᠤᠨ 《ᠬᠠᠮᠠᠭᠠᠯᠠᠯᠳᠠ ᠶᠢᠨ ᠣᠷᠤᠨ》 ᠶ᠋ᠢᠡᠷ ᠨᠡᠷᠡᠯᠡᠭ᠍ᠳᠡᠭ᠍ᠰᠡᠨ ᠶᠤᠮ᠃

ᠪᠣᠷᠤ ᠭᠡᠷᠡᠮ ᠄ ᠳᠡᠦᠭᠡ ᠶᠢᠨ ᠥᠯᠡᠳᠡᠭ᠍ᠳᠡᠯ ᠪᠣᠷᠤ ᠭᠡᠷᠡᠮ ᠲᠡᠶ ᠬᠠᠮᠢᠶ᠎ᠠ ᠪᠦᠭᠦᠢ ᠭᠠᠵᠠᠷ ᠣᠰᠤᠨ ᠤ ᠨᠠᠷ᠎ᠠ 《ᠭᠡᠷᠡᠮ ᠤᠨ ᠳᠠᠪᠠᠭ᠎ᠠ》 《ᠳᠦᠷᠪᠠᠯᠵᠢ ᠠᠢ᠌ᠯ》 《ᠭᠡᠷᠡᠮᠳᠤ ᠵᠢᠯᠠᠭ᠎ᠠ》 《ᠳᠤᠭᠤᠰᠬᠠᠳᠤ ᠭᠡᠷᠡᠮ》 ᠨᠠᠯᠢᠶᠠᠤᠨ ᠭᠡᠳᠤ ᠪᠣᠢ᠂ ᠳᠤᠰ ᠭᠡᠷᠡᠮ ᠪᠣᠯ ᠠᠯᠳᠠᠨ ᠣᠯᠤᠰ ᠤᠨ ᠦᠶ᠎ᠡ ᠳᠤ ᠪᠠᠢ᠌ᠭᠤᠯᠤᠭᠰᠠᠨ ᠪᠠᠭᠢᠯᠠᠯᠳᠠ ᠭᠡᠷᠡᠮ ᠤᠨ ᠭᠤᠷᠪᠠᠳᠤᠭᠠᠷ ᠵᠤᠷᠪᠣᠰ ᠭᠡᠷᠡᠮ ᠪᠣᠯᠤᠨ᠎ᠠ᠂ ᠳᠠᠷᠠ ᠨᠢ ᠭᠢᠩᠭ᠋ᠠᠨ ᠠᠢ᠌ᠮᠠᠭ ᠤᠨ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ ᠵᠡᠭᠦᠨ ᠪᠠᠶᠠᠨ ᠣᠯᠠᠭᠠᠨ ᠶᠢᠡᠷ ᠬᠤᠤᠯᠢᠨ ᠭᠤᠤᠯ ᠢ ᠭᠡᠳᠦᠯᠵᠤ ᠭᠠᠷᠴᠤ ᠢᠷᠡᠭ᠍ᠰᠡᠨ ᠤ ᠳᠠᠷᠠᠭ᠎ᠠ ᠡᠮᠦᠨᠡᠰᠢ ᠡᠷᠭᠢᠵᠤ᠂ ᠵᠠᠷᠤᠳ ᠬᠤᠰᠢᠭᠤᠨ ᠤ ᠣᠯᠠᠭᠠᠠᠬᠠᠳᠠ ᠰᠤᠮᠤᠨ ᠤ ᠳᠦᠷᠪᠠᠡᠭᠡᠷ ᠭᠠᠴᠠᠭ᠎ᠠ ᠣᠷᠤᠭᠤ ᠠᠷᠤ ᠭᠦᠡᠳᠡᠯᠡᠨ ᠭᠤᠤᠯ ᠤᠨ ᠠᠷᠤ ᠭᠦᠪᠠᠭᠡ ᠣᠷᠤᠵᠤ ᠢᠷᠡᠭᠡᠳ᠂ ᠪᠠᠯᠴᠢᠷ ᠤᠨ ᠳᠠᠯ᠎ᠠ ᠳᠤᠮᠳᠠᠭᠤᠷ ᠠᠷᠤ ᠭᠦᠡᠳᠡᠯᠡᠨ ᠭᠤᠤᠯ ᠢ ᠪᠠᠷᠠᠭᠤᠠᠰᠢ ᠭᠡᠳᠦᠯᠤᠨ ᠭᠠᠷᠴᠤ᠂ ᠦᠪᠣᠷ ᠭᠦᠡᠳᠡᠯᠡᠨ ᠤ ᠭᠤᠤᠯ ᠤᠨ ᠠᠷᠤ ᠪᠠᠷ ᠶᠠᠪᠣᠭᠰᠠᠭᠠᠷ ᠪᠠᠢ᠌ᠵᠤ 《ᠳᠦᠷᠪᠠᠯᠵᠢ ᠠᠢ᠌ᠯ》 ᠊ᠤᠨ ᠬᠣᠢ᠌ᠭᠤᠷ ᠭᠠᠷᠤᠨ᠎ᠠ᠃ ᠦᠪᠣᠷ ᠭᠦᠡᠳᠡᠯᠡᠨ ᠭᠤᠤᠯ ᠢ ᠳᠠᠭᠠᠵᠤ ᠪᠠᠷᠠᠭᠤᠠᠰᠢ ᠦᠷᠭᠦᠯᠵᠢᠯᠡᠨ ᠶᠠᠪᠣᠵᠤ᠂ ᠪᠠᠶᠠᠷᠳᠤᠬᠤᠰᠢᠭᠤ ᠪᠠᠯᠭᠠᠰᠤ ᠪᠠᠷ ᠳᠠᠭᠠᠷᠢᠨ ᠥᠩᠭᠡᠷᠡᠵᠤ 《ᠭᠡᠷᠡᠮ ᠤᠨ ᠳᠠᠪᠠᠭ᠎ᠠ》 ᠳ᠋ᠤ ᠳᠤᠯᠵᠤ ᠣᠴᠢᠨ᠎ᠠ᠃ [12] (P61-62) ᠶᠠᠭ ᠡᠢ᠌ᠮᠤ ᠡᠴᠡ ᠪᠣᠷᠤ ᠭᠡᠷᠡᠮ ᠡᠴᠡ ᠡᠰᠢ ᠠᠪᠣᠭᠰᠠᠨ ᠡᠳᠡᠭᠡᠷ ᠭᠠᠵᠠᠷ ᠣᠰᠤ ᠨᠢ ᠴᠤ ᠵᠤᠭᠠᠴᠠᠯ ᠤᠨ ᠴᠢᠬᠤᠯᠠ ᠨᠢᠭᠡ ᠭᠡᠰᠡᠭ᠌ ᠪᠣᠯᠵᠤ᠂ ᠦᠪᠡᠷ ᠤᠨ ᠭᠡᠭᠦ ᠦᠪᠡᠷᠮᠢᠴᠠ ᠣᠠᠴᠠᠯᠢᠭ ᠶᠢᠡᠨ ᠪᠠᠳᠠᠷᠠᠭᠤᠯᠵᠤ ᠪᠠᠢ᠌ᠭ᠎ᠠ ᠶᠤᠮ᠃

⒉ ᠣᠳᠤ ᠶᠢᠨ ᠰᠢᠨ᠎ᠠ ᠦᠵᠡᠮᠵᠢ ᠶᠢᠨ ᠵᠤᠭᠠᠴᠠᠯ

ᠵᠠᠷᠤᠳ ᠳᠠᠪᠤᠨ ᠬᠠᠨ ᠠᠭᠤᠯᠠ ᠄ ᠵᠠᠷᠤᠳ ᠬᠤᠰᠢᠭᠤᠨ ᠤ ᠬᠣᠢ᠌ᠳᠤ ᠭᠡᠰᠡᠭ᠌ ᠲᠤ ᠪᠠᠢ᠌ᠷᠢᠰᠢᠵᠤ᠂ ᠳᠡᠭᠡ ᠬᠠᠨ ᠠᠭᠤᠯᠠ (ᠭᠤᠤᠯ ᠣᠷᠭᠢᠯ)᠂ ᠴᠠᠭᠠᠨ ᠳᠡᠮᠡᠭᠡ ᠬᠠᠨ ᠠᠭᠤᠯᠠ᠂ ᠮᠤᠷᠢᠨ ᠬᠠᠨ ᠠᠭᠤᠯᠠ᠂ ᠪᠠᠶᠠᠠᠴᠠᠭᠠᠨ ᠬᠠᠨ ᠠᠭᠤᠯᠠ᠂ ᠬᠠᠢ᠌ᠷᠬᠠᠨ ᠬᠠᠨ ᠠᠭᠤᠯᠠ ᠵᠡᠷᠭᠡ ᠳᠠᠪᠤᠨ ᠶᠡᠭᠡ ᠠᠭᠤᠯᠠ ᠪᠠᠷ ᠪᠦᠷᠢᠯᠳᠦᠵᠤ᠂ ᠡᠯ᠎ᠡ ᠭᠠᠵᠠᠷ ᠤᠨ ᠵᠤᠭᠠᠴᠠᠭᠰᠠᠤᠨ ᠤᠨ ᠬᠠᠮᠤᠭ ᠰᠤᠨᠢᠷᠬᠠᠬᠤ ᠳᠤᠷᠠᠳᠠᠢ ᠦᠵᠡᠮᠵᠢ ᠪᠣᠯᠤᠭᠰᠠᠨ ᠪᠠᠢ᠌ᠨ᠎ᠠ᠃

ᠠᠯᠳᠠᠨ ᠰᠢᠷᠭᠤᠤᠯ ᠠᠭᠤᠯᠠ ᠄ ᠭᠠᠬᠠᠢ᠌ᠳᠤ ᠪᠠᠯᠭᠠᠰᠤᠨ ᠤ ᠪᠠᠷᠠᠭᠤᠨ ᠡᠮᠦᠨ᠎ᠡ ᠪᠠᠢ᠌ᠷᠢᠯᠠᠵᠤ᠂ ᠠᠷᠪᠠᠨ ᠵᠥᠭ᠌ ᠤᠨ ᠮᠦᠷᠭᠦᠯᠴᠢᠨ ᠵᠢᠭᠤᠯᠴᠢᠳ ᠤᠨ ᠰᠥᠰᠦᠭ᠌ ᠪᠢᠰᠢᠷᠠᠯ ᠪᠠᠬᠠᠷᠬᠠᠯ ᠰᠤᠨᠢᠷᠬᠠᠯ ᠢ ᠰᠤᠷᠢᠠᠵᠢᠨ ᠰᠢᠭ ᠳᠠᠳᠠᠭᠰᠠᠨ ᠵᠠᠷᠤᠳ ᠨᠤᠳᠤᠭ ᠲᠤ ᠭᠤᠶᠤ ᠦᠵᠡᠮᠵᠢ ᠪᠠᠨ ᠨᠡᠮᠡᠷᠢᠯᠡᠭ᠍ᠰᠡᠭᠡᠷ ᠢᠷᠡᠭ᠍ᠰᠡᠨ ᠵᠤᠭᠠᠴᠠᠯ ᠤᠨ ᠭᠠᠵᠠᠷ ᠮᠦᠨ᠃ ᠰᠢᠷᠭᠤᠤᠯ ᠤᠨ ᠳᠡᠭᠡᠷ᠎ᠡ ᠰᠡᠢ᠌ᠯᠦᠭ᠍ᠰᠡᠨ 《ᠠᠯᠳᠠᠨ ᠰᠢᠷᠭᠤᠤᠯ》 ᠭᠡᠰᠡᠨ ᠬᠤᠶᠠᠷ ᠲᠦᠪᠡᠳ ᠥᠰᠦᠭ᠌ ᠨᠢ ᠭᠡᠵᠢᠶᠡᠳᠡ ᠰᠢᠵᠢᠷᠯᠠᠨ ᠬᠠᠷᠠᠭᠳᠠᠳᠠᠭ ᠪᠦᠭᠡᠳ ᠢᠯᠡᠷᠡᠭᠦᠯᠵᠤ ᠭᠠᠷᠭᠠᠭᠠᠤᠨ ᠪᠠᠢ᠌ᠭ᠎ᠠ ᠵᠢᠵᠢᠭ᠌ ᠰᠢᠷᠭᠤᠤᠯ ᠠᠷᠪᠠᠨ ᠨᠢ᠋ᠮᠠ ᠪᠠᠢ᠌ᠳᠠᠭ᠃ ᠡᠭᠦᠨ ᠤ ᠳᠤᠳᠤᠷ᠎ᠠ ᠰᠤᠪᠣᠷᠭᠠᠨ ᠰᠢᠷᠭᠤᠤᠯ ᠨᠢ ᠨᠠᠷᠢᠬᠠᠨ ᠳᠤᠷᠠᠩᠬᠠᠢ ᠭᠦᠮᠤᠨ ᠡᠪᠯᠡᠭᠦᠯᠪᠠᠯ ᠠᠮᠠᠷᠬᠠᠨ ᠰᠢᠷᠭᠤᠨ ᠭᠠᠷᠴᠤ ᠳᠡᠢ᠌ᠯᠳᠡᠭ᠌᠂ ᠡᠭᠡ ᠶᠢᠨ ᠣᠮᠠᠢ ᠶᠢᠨ ᠰᠢᠷᠭᠤᠤᠯ ᠤᠨ ᠨᠥᠭᠡ ᠨᠢ ᠲᠤᠩ ᠪᠠᠭ᠎ᠠ ᠳᠤᠯᠠ ᠠᠩᠬ᠎ᠠ ᠥᠵᠡᠭᠦ ᠭᠦᠮᠦᠰ ᠲᠤ ᠳᠦᠷᠪᠠ ᠳᠠᠪᠤᠨ ᠨᠠᠰᠤᠳᠠᠢ ᠬᠡᠦᠬᠡᠳ ᠯᠠ ᠰᠢᠷᠭᠤᠪᠠᠯ ᠭᠠᠷᠴᠤ ᠮᠡᠳᠡᠭᠦ ᠰᠢᠭ᠌ ᠰᠡᠳᠭᠢᠭ᠍ᠳᠡᠯ ᠣᠯᠭᠤᠨ᠎ᠠ᠂ ᠳᠠᠷᠪᠠ ᠶᠢᠨ ᠰᠢᠷᠭᠤᠤᠯ ᠤᠨ ᠬᠠᠳᠠᠨ ᠤ ᠣᠷᠤᠢ ᠨᠢ ᠳᠡᠭ᠍ᠰᠢᠭᠡᠨ ᠭᠦᠯᠢᠭᠡᠷ ᠪᠠᠢ᠌ᠵᠤ᠂ ᠰᠢᠷᠭᠤᠤᠯ ᠤᠨ ᠳᠤᠤᠷ᠎ᠠ ᠨᠢ ᠶᠠᠭ ᠯᠠ ᠬᠤᠶᠠᠷ ᠭᠦᠮᠤᠨ ᠬᠠᠷᠢᠯᠴᠠᠨ ᠳᠠᠪᠠᠷᠢᠯᠴᠠᠵᠤ ᠪᠠᠢ᠌ᠭ᠎ᠠ ᠳᠦᠷᠰᠤ ᠲᠡᠶ ᠨᠢᠭᠡᠨ ᠳᠤᠮᠤ ᠪᠣᠰᠤᠭ᠎ᠠ ᠴᠢᠯᠠᠭᠤ ᠬᠠᠷᠠᠭᠳᠠᠳᠠᠭ ᠶᠤᠮ᠃ ᠡᠢ᠌ᠮᠦᠷᠭᠦ ᠣᠠᠴᠠᠭᠠᠢ ᠦᠵᠡᠮᠵᠢ ᠶᠢ ᠪᠦᠷᠢᠯᠳᠦᠭᠦᠯᠦᠭ᠍ᠰᠡᠨ ᠭᠠᠵᠠᠷ ᠨᠢ ᠶᠠᠷᠢᠶᠠᠨ ᠦᠭᠡᠶ ᠵᠤᠭᠠᠴᠠᠯ ᠤᠨ ᠣᠢ᠌ᠯᠠᠰ ᠲᠤ ᠬᠤᠪᠢ ᠨᠠᠮᠠᠷᠢ ᠪᠠᠨ ᠥᠵᠡᠭᠦᠯᠵᠤ ᠪᠠᠢ᠌ᠭ᠎ᠠ ᠶᠤᠮ᠃

ᠪᠦᠭᠡᠷᠡᠨᠡᠢ ᠠᠭᠤᠯᠠ᠂ ᠠᠯᠢᠮᠠᠨ ᠭᠤᠤ᠂ ᠪᠠᠷᠰ ᠠᠯᠠᠭᠰᠠᠨ ᠪᠠᠷᠢᠮᠳᠠ ᠬᠠᠳᠠ᠂ ᠠᠭᠣᠢ᠌ᠳᠤ ᠠᠭᠤᠯᠠ᠂ ᠠᠭᠤᠯᠠ ᠳᠠᠯ᠎ᠠ ᠵᠤᠭᠠᠴᠠᠯ ᠤᠨ ᠭᠠᠵᠠᠷ᠂ ᠦᠯᠵᠡᠢ᠌ᠳᠤ ᠣᠷᠤᠨ ᠵᠤᠭᠠᠴᠠᠯ ᠤᠨ ᠭᠠᠵᠠᠷ᠂ ᠵᠡᠭᠦᠨ ᠨᠠᠭᠤᠷ ᠵᠤᠭᠠᠴᠠᠯ᠂ ᠭᠠᠪᠣᠷ ᠤᠨ ᠷᠠᠰᠢᠶᠠᠨ ᠵᠤᠭᠠᠴᠠᠯ ᠤᠨ ᠭᠠᠵᠠᠷ᠂ ᠪᠠᠷᠰ ᠠᠭᠤᠯᠠ ᠵᠤᠭᠠᠴᠠᠯ ᠤᠨ ᠭᠠᠵᠠᠷ᠂ ᠬᠠᠷᠠᠴᠢᠯᠠᠭᠤ ᠵᠤᠭᠠᠴᠠᠯ ᠤᠨ ᠭᠠᠵᠠᠷ ᠵᠡᠷᠭᠡ ᠵᠤᠭᠠᠴᠠᠯ ᠤᠨ ᠭᠠᠵᠠᠷ ᠨᠢ ᠪᠦᠷ ᠳᠦᠷᠪᠠᠨ ᠵᠥᠭ᠌ ᠨᠢ᠋ᠮᠠᠨ ᠵᠤᠪᠭᠢᠰ ᠤᠨ ᠵᠢᠭᠤᠯᠴᠢᠯᠠᠭᠴᠢᠳ ᠤᠨ ᠰᠤᠨᠢᠷᠬᠠᠯ ᠢ ᠳᠠᠳᠠᠵᠤ ᠪᠠᠢ᠌ᠭ᠎ᠠ ᠶᠤᠮ᠃

ᠵᠠᠷᠤᠳ ᠬᠤᠰᠢᠭᠤᠨ ᠤ ᠭᠠᠵᠠᠷ ᠣᠰᠤᠨ ᠤ ᠨᠠᠷ᠎ᠠ ᠳᠤ ᠳᠡᠭᠡᠷᠡᠭᠢ ᠶᠠᠷᠢᠭᠰᠠᠨ ᠰᠢᠭ ᠶᠢᠡᠷ ᠪᠠᠯᠭᠡᠳᠡᠯ ᠰᠤᠶᠤᠯ᠂ ᠱᠠᠰᠢᠨ ᠤ ᠰᠤᠶᠤᠯ᠂ ᠠᠵᠤ ᠠᠬᠤᠢ ᠶᠢᠨ ᠰᠤᠶᠤᠯ ᠵᠡᠷᠭᠡ ᠣᠮᠳᠤᠭᠠᠢ᠌ᠯᠠᠵᠤ ᠪᠣᠯᠤᠰᠢ ᠦᠭᠡᠶ ᠴᠢᠬᠤᠯᠠ ᠰᠤᠶᠤᠯ ᠰᠡᠳᠭᠢᠭᠦᠢ ᠢᠯᠠ ᠳᠤᠳᠤ ᠣᠷᠤᠰᠢᠵᠤ᠂ ᠰᠤᠶᠤᠯ ᠤᠨ ᠭᠦᠭ᠍ᠵᠢᠯᠳᠡ ᠳᠠᠪᠰᠢᠯᠳᠠ ᠳᠤᠮᠳᠠ ᠵᠤᠭᠢᠬᠤ ᠪᠠᠢ᠌ᠷᠢ ᠰᠠᠭᠤᠷᠢ ᠪᠠᠨ ᠡᠵᠡᠯᠡᠵᠤ᠂ ᠦᠪᠡᠷ ᠤᠨ ᠭᠢ ᠪᠠᠨ ᠭᠡᠭᠦ ᠬᠤᠪᠢ ᠨᠠᠮᠠᠷᠢ ᠪᠠᠨ ᠥᠵᠡᠭᠦᠯᠵᠤ ᠪᠠᠢ᠌ᠭ᠎ᠠ ᠶᠢ ᠮᠡᠳᠡᠷᠡᠭᠡᠳ ᠳᠤᠰ ᠥᠭᠦᠯᠡᠯ ᠶᠢᠡᠨ ᠳᠡᠭᠦᠰᠭᠡᠶ᠎ᠡ ︕


ᠵᠡᠭᠦᠯᠳᠡ ᠄

⒈ [1] [3] ᠰ·ᠳᠤᠯᠮ᠎ᠠ ᠶᠢᠨ 《ᠮᠤᠩᠭ᠋ᠤᠯ ᠪᠠᠯᠭᠡᠳᠡᠯ ᠵᠦᠢ》᠂ ᠦᠪᠣᠷ ᠮᠤᠩᠭ᠋ᠤᠯ ᠤᠨ ᠠᠷᠠᠤᠨ ᠤᠨ ᠭᠡᠪᠯᠡᠯ ᠤᠨ ᠬᠤᠷᠢᠶ᠎ᠠ᠂ 2009.1

⒉ [2] [5] ᠭᠦᠷᠡᠯᠱᠡ᠂ ᠪᠠᠢ ᠭᠠᠩ ᠨᠡᠷ ᠤᠨ ᠵᠤᠬᠢᠶᠠᠭᠰᠠᠨ 《ᠬᠤᠷᠴᠢᠨ ᠵᠠᠩ ᠣᠢ᠌ᠯᠠ ᠶᠢᠨ ᠰᠤᠳᠤᠯᠤᠯ》᠂ ᠦᠪᠣᠷ ᠮᠤᠩᠭ᠋ᠤᠯ ᠤᠨ ᠰᠤᠷᠭᠠᠨ ᠭᠦᠮᠦᠵᠢᠯ ᠤᠨ ᠭᠡᠪᠯᠡᠯ ᠤᠨ ᠬᠤᠷᠢᠶ᠎ᠠ᠂ 2003.8

⒊ [6] ᠪᠣ·ᠦᠨᠢᠷ ᠤᠨ ᠨᠠᠢ᠌ᠷᠠᠭᠤᠯᠤᠭᠰᠠᠨ 《ᠰᠤᠷᠤᠭᠴᠢ ᠶᠢᠨ ᠮᠤᠩᠭ᠋ᠤᠯ ᠭᠡᠯᠡᠨ ᠤ ᠳᠤᠯᠢ》᠂ ᠦᠪᠣᠷ ᠮᠤᠩᠭ᠋ᠤᠯ ᠤᠨ ᠰᠤᠶᠤᠯ ᠤᠨ ᠭᠡᠪᠯᠡᠯ ᠤᠨ ᠬᠤᠷᠢᠶ᠎ᠠ᠂ 1998 ᠣᠨ

⒋ [7] [8] [11] ᠵᠠᠷᠤᠳ ᠬᠤᠰᠢᠭᠤᠨ ᠤ ᠦᠯᠵᠡᠢ᠌ᠮᠦ᠋ᠷᠠᠨ ᠰᠤᠷᠭᠠᠭᠤᠯᠢ ᠶᠢᠨ ᠵᠢᠷᠤᠮᠳᠤ ᠪᠠᠭᠰᠢ ᠶᠢ ᠰᠤᠷᠪᠣᠯᠵᠢᠯᠠᠭᠰᠠᠨ ᠮᠠᠲ᠋ᠸᠷᠢᠶᠠᠯ᠂ 2010.11

⒌ [9] 《ᠵᠠᠷᠤᠳ ᠬᠤᠰᠢᠭᠤᠨ ᠤ ᠣᠢ᠌ᠯᠠᠯᠭ᠎ᠠ》᠂ ᠹᠠᠩ ᡁᠢ ᠭᠡᠪᠯᠡᠯ ᠤᠨ ᠬᠤᠷᠢᠶ᠎ᠠ᠂ 2001.8᠂ ᠨᠢᠭᠡᠳᠦᠭᠡᠷ ᠭᠡᠪᠯᠡᠯ

⒍ [10] ᠼ·ᠨᠤᠷᠵᠢᠨ᠂ ᠮᠠᠩ᠊·ᠮᠦᠷᠠᠨ ᠤ ᠨᠠᠢ᠌ᠷᠠᠭᠤᠯᠤᠭᠰᠠᠨ 《ᠮᠤᠩᠭ᠋ᠤᠯ ᠭᠡᠯᠡᠨ ᠤ ᠳᠤᠯᠢ》᠂ ᠦᠪᠣᠷ ᠮᠤᠩᠭ᠋ᠤᠯ ᠤᠨ ᠠᠷᠠᠤᠨ ᠤᠨ ᠭᠡᠪᠯᠡᠯ ᠤᠨ ᠬᠤᠷᠢᠶ᠎ᠠ

⒎ [12] ᠸᠠᠨ ᠴᠠᠩ ᠮᠢᠩ᠂ ᠡᠤ·ᠳᠤᠳᠢ ᠨᠡᠷ ᠤᠨ ᠨᠠᠢ᠌ᠷᠠᠭᠤᠯᠤᠭᠰᠠᠨ 《ᠵᠠᠷᠤᠳ ᠤᠨ ᠳᠤᠮᠤᠭ》᠂ ᠦᠪᠣᠷ ᠮᠤᠩᠭ᠋ᠤᠯ ᠤᠨ ᠰᠤᠶᠤᠯ ᠤᠨ ᠭᠡᠪᠯᠡᠯ ᠤᠨ ᠬᠤᠷᠢᠶ᠎ᠠ᠂ 2006.7

ᠵᠤᠬᠢᠶᠠᠭᠴᠢ᠄ ᠨᠠᠷᠠᠠᠳᠤᠶᠠᠭ᠎ᠠ
ᠢᠷᠡᠯᠲᠡ᠄ ᠳᠤᠰ ᠰᠦᠯᠵᠢᠶ᠎ᠠ
ᠬᠠᠷᠢᠶ᠎ᠠ᠄ ᠥᠭᠥᠯᠡᠯ ᠰᠢᠭᠦᠮᠵᠢ
ᠳᠠᠷᠤᠮ᠄ 52048
ᠴᠠᠭ᠄ 2011 ᠤᠨ ᠤ 12 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ